ᠬᠤᠪᠤᠷ ᠨᠠᠨᠳᠢᠨ ᠲᠡᠤᠬᠡᠨ ᠵᠦᠢᠯᠡᠰ ᠢᠶᠠᠷ ᠬᠤᠪᠢᠰᠬᠠᠯᠲᠤ ᠰᠤᠶᠤᠯ ᠤᠨ ᠬᠦᠮᠦᠵᠢᠯ ᠬᠦᠷᠲᠡ᠊
ᠨᠡᠶᠢᠲᠡᠯᠡᠭᠰᠡᠨ ᠴᠠᠭ᠄
2024/4/1
ᠬᠤᠪᠤᠷ ᠨᠠᠨᠳᠢᠨ ᠲᠡᠤᠬᠡᠨ ᠵᠦᠢᠯᠡᠰ ᠢᠶᠠᠷ ᠬᠤᠪᠢᠰᠬᠠᠯᠲᠤ ᠰᠤᠶᠤᠯ ᠤᠨ ᠬᠦᠮᠦᠵᠢᠯ ᠬᠦᠷᠲᠡᠭᠡᠨ᠎ᠡ                      ᠰᠤᠷᠪᠤᠯᠵᠢᠯᠠᠭᠴᠢ  ᠲᠣᠷᠠᠨ᠎ᠠ ᠲᠠᠩᠬᠢᠰ ᠵᠣᠨ᠎ᠠ    ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠪᠣᠯ ᠤᠯᠤᠰ ᠣᠷᠣᠨ ᠤ ᠨᠢᠭᠡᠳᠦᠯ ᠤᠨ ᠰᠠᠭᠤᠷᠢ᠂ ᠦᠨᠳᠦᠰᠦᠲᠡᠨ ᠤ ᠪᠦᠯᠬᠦᠮᠳᠡᠯ ᠤᠨ ᠦᠨᠳᠦᠰᠦ᠂ ᠤᠶᠤᠨ ᠰᠠᠨᠠᠭᠠᠨ ᠤ ᠬᠦᠴᠦᠨ ᠴᠢᠳᠠᠯ ᠤᠨ ᠰᠦᠭ ᠰᠦᠨᠡᠰᠦ ᠮᠥᠨ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠡᠦᠬᠡ ᠶᠢ ᠤᠯᠠᠮ ᠨᠢᠭᠡ ᠠᠯᠬᠤᠮ ᠣᠶᠢᠯᠠᠭᠠᠵᠣ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠣᠳᠬᠠᠬᠤ ᠶᠢᠨ ᠲᠥᠯᠥᠭᠡ᠂ ᠬᠥᠪᠡᠭᠡᠲᠦ ᠰᠢᠷ᠎ᠡ ᠬᠤᠰᠢᠭᠤᠨ  ᠤ ᠡᠯᠡᠰᠣᠲᠠᠢ ᠭᠠᠴᠠᠭ᠎ᠠ ᠨᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠣ ᠴᠣᠬᠴᠠᠯᠠᠬᠤ ᠬᠤᠪᠢᠰᠬᠠᠯᠳᠣ ᠬᠦᠮᠣᠵᠢᠯ ᠤᠨ ᠲᠣᠷᠠᠳᠬᠠᠯ ᠤᠨ ᠦᠵᠡᠭᠦᠯᠦᠯᠭᠡ ᠶᠢᠨ ᠲᠢᠩᠭᠢᠮ ᠢ ᠨᠡᠬᠡᠬᠡᠪᠡ᠃    ᠦᠵᠡᠭᠦᠯᠦᠯᠭᠡ ᠶᠢᠨ ᠲᠢᠩᠭᠢᠮ ᠳᠤ᠂ ᠶᠡᠷᠦᠩᠬᠡᠢ ᠱᠦᠵᠢ ᠰᠢ ᠶᠢᠨ ᠫᠢᠩ ᠤᠨ ᠵᠣᠬᠢᠶᠠᠯ᠂ ᠴᠢᠬᠤᠯᠠ ᠶᠠᠷᠢᠶ᠎ᠠ  ᠪᠣᠯᠣᠨ ᠬᠤᠪᠣᠷ ᠨᠠᠨᠳᠢᠨ ᠭᠡᠷᠡᠯ ᠵᠢᠷᠤᠭ ᠤᠨ ᠮᠠᠲ᠋ᠧᠷᠢᠶᠠᠯ ᠨᠣᠮ ᠪᠢᠴᠢᠭ᠂ ᠬᠠᠭᠤᠴᠢᠨ ᠤ ᠡᠳ᠋ᠯᠡᠯ ᠬᠡᠷᠡᠭᠰᠡᠯ ᠵᠡᠷᠭᠡ 700 ᠭᠠᠷᠤᠢ ᠵᠦᠢᠯ ᠤᠨ ᠡᠳ᠋ ᠪᠣᠳᠠᠰ ᠢ ᠲᠡᠯᠬᠡᠨ ᠦᠵᠡᠬᠦᠯᠵᠣ᠂ ᠡᠳᠡᠬᠡᠷ ᠬᠠᠳᠠᠭᠠᠯᠠᠭᠰᠠᠨ ᠪᠣᠳᠠᠰ ᠨᠢ ᠲᠤᠭᠤᠷᠢᠨ ᠦᠵᠡᠭᠴᠢᠳ ᠲᠤ ᠬᠤᠪᠢᠰᠬᠠᠯᠲᠤ ᠤᠯᠠᠮᠵᠢᠯᠠᠯ ᠪᠠ ᠥᠭᠡᠷᠡᠴᠢᠯᠡᠯᠲᠡ ᠨᠡᠭᠡᠭᠡᠯᠲᠡ ᠵᠢᠴᠢ ᠣᠳᠣᠬᠢᠴᠢᠯᠠᠯᠲᠠ ᠶᠢᠨ ᠪᠦᠳᠦᠭᠡᠨ ᠪᠠᠶᠢᠭᠤᠯᠤᠯᠲᠠ ᠶᠢᠨ ᠲᠡᠤᠬᠡᠨ ᠤᠯᠠ ᠮᠦᠷ ᠵᠢᠴᠢ ᠥᠩᠭᠡᠷᠡᠭᠰᠡᠨ ᠤ ᠦᠢᠯᠡᠳᠪᠦᠷᠢᠯᠡᠯ ᠠᠮᠢᠳᠤᠷᠠᠯ ᠤᠨ ᠲᠤᠬᠠᠢ ᠭᠦᠨ ᠵᠤᠵᠠᠭᠠᠨ ᠤᠶᠢᠯᠠᠭᠠᠯᠲᠠ  ᠲᠠᠢ ᠪᠤᠯᠭᠠᠬᠰᠠᠨ ᠪᠠᠶᠢᠨ᠎ᠠ᠃ᠳᠡᠯᠭᠡᠨ ᠦᠵᠡᠬᠦᠯᠣᠯᠬᠡ ᠶᠢᠨ ᠲᠢᠩᠭᠢᠮ ᠤᠨ ᠦᠭᠡ ᠦᠯᠡᠳᠡᠭᠡᠬᠦ ᠬᠠᠭᠤᠳᠠᠰᠤ ᠨᠢ ᠲᠣᠰ ᠦᠵᠡᠬᠦᠯᠣᠯᠬᠡ ᠶᠢᠨ ᠲᠢᠩᠭᠢᠮ ᠳᠤ ᠲᠣᠭᠤᠷᠢᠨ ᠰᠣᠷᠣᠯᠴᠠᠬᠰᠠᠨ ᠬᠦᠮᠣᠰ ᠤᠨ ᠦᠪᠡᠷ ᠤᠨ ᠦᠵᠡᠯ ᠪᠣᠳᠣᠯ ᠢᠶᠠᠨ ᠦᠯᠡᠳᠡᠬᠡᠬᠦ ᠳᠤ ᠵᠤᠷᠢᠭᠤᠯᠤᠭᠰᠠᠨ ᠬᠠᠭᠤᠳᠠᠰᠣ ᠪᠣᠯᠣᠨ᠎ᠠ᠃ ᠬᠠᠭᠤᠳᠠᠰᠣᠨ ᠲᠡᠬᠡᠷ᠎ᠡ ᠣᠯᠠᠨ ᠠᠷᠪᠢᠨ ᠲᠤᠭᠤᠷᠢᠨ ᠦᠵᠡᠭᠴᠢᠳ ᠠᠴᠠ  ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ ᠢᠶᠠᠨ ᠳᠤᠷᠠᠳᠬᠠᠨ ᠪᠢᠰᠢᠷᠡᠵᠦ ᠪᠠᠶᠢᠭ᠎ᠠ ᠰᠡᠳᠬᠢᠯᠭᠡ ᠪᠠᠨ ᠢᠯᠡᠳᠬᠡᠭᠰᠡᠨ ᠤ ᠬᠠᠮᠲᠤ ᠬᠤᠪᠢᠰᠬᠠᠯ ᠤᠨ ᠦᠵᠡᠬᠦᠯᠣᠯᠬᠡ ᠶᠢᠨ ᠲᠢᠩᠭᠢᠮ ᠢ ᠦᠨᠳᠦᠷ ᠦᠨᠡᠯᠡᠭᠰᠠᠨ ᠦᠨᠡᠯᠡᠯᠲᠡ ᠪᠠᠨ ᠦᠭᠡ ᠦᠯᠡᠳᠡᠭᠡᠬᠦ ᠬᠠᠭᠤᠳᠠᠰᠤᠨ ᠳᠤ ᠦᠯᠡᠳᠡᠭᠡᠭᠰᠡᠨ ᠨᠢ ᠲᠤᠰ ᠦᠵᠡᠭᠦᠯᠦᠯᠭᠡ ᠶᠢᠨ ᠲᠢᠩᠭᠢᠮ ᠤᠨ ᠨᠢᠭᠡᠨ ᠭᠢᠯᠠᠰ  ᠴᠢᠭ ᠪᠠᠶᠢᠯ᠎ᠠ᠃ ᠦᠵᠡᠭᠦᠯᠦᠯᠭᠡ ᠶᠢᠨ ᠲᠢᠩᠭᠢᠮ ᠨᠢ 2021 ᠣᠨ ᠳᠤ ᠡᠷᠣᠬᠡ ᠪᠠᠨ ᠰᠡᠬᠦᠭᠰᠠᠨ ᠠᠴᠠ ᠨᠠᠭᠠᠰᠢ ᠲᠣᠭᠤᠷᠢᠨ ᠦᠵᠡᠭᠴᠢ ᠶᠢ 2000 ᠭᠠᠷᠤᠶ ᠬᠥᠮᠦᠨ ᠤᠳᠠᠭ᠎ᠠ ᠭᠥᠯᠢᠶᠡᠨ ᠠᠪᠣᠬᠰᠠᠨ ᠪᠠᠶᠢᠨ᠎ᠠ᠃    ᠦᠵᠡᠭᠦᠯᠦᠯᠭᠡ ᠶᠢᠨ ᠲᠢᠩᠭᠢᠮ ᠤᠨ ᠬᠠᠷᠢᠭᠤᠴᠠᠯᠭᠠᠲᠠᠨ ᠪᠣᠯ ᠡᠯᠡᠰᠣᠲᠠᠢ ᠭᠠᠴᠠᠭᠠᠨ ᠤ ᠨᠠᠮ ᠤᠨ ᠡᠭᠦᠷ ᠤᠨ ᠱᠦᠵᠢ᠂ ᠭᠠᠴᠠᠭᠠᠨ ᠳᠠᠷᠤᠭ᠎ᠠ ᠰᠣᠶᠣᠯᠲᠤ ᠪᠣᠯᠤᠨ᠎ᠠ᠃ 1990 ᠣᠨ ᠠᠴᠠ ᠡᠬᠢᠯᠠᠨ ᠬᠤᠪᠢᠰᠬᠠᠯ ᠤᠨ ᠲᠣᠬᠠᠢ ᠨᠣᠮ ᠰᠤᠳᠤᠷ᠂ ᠬᠠᠭᠤᠴᠢᠨ ᠤ ᠨᠣᠮ ᠵᠡᠷᠬᠡ ᠶᠢ ᠴᠣᠬᠯᠠᠭᠤᠯᠵᠣ᠂ ᠣᠳᠣᠬᠠᠨ ᠳᠤ ᠡᠲᠡᠭᠡᠷ ᠬᠤᠪᠢ ᠬᠥᠮᠦᠨ ᠤ ᠬᠠᠳᠠᠭᠠᠯᠠᠬᠰᠠᠨ ᠨᠣᠮ ᠰᠣᠳᠣᠷ ᠪᠣᠯᠣᠨ ᠬᠤᠪᠢᠰᠬᠠᠯ ᠤᠨ ᠲᠣᠬᠠᠢ ᠡᠳ᠋ ᠪᠣᠳᠠᠰ ᠢᠶᠠᠨ ᠦᠵᠡᠬᠦᠯᠣᠯᠬᠡ ᠶᠢᠨ ᠲᠢᠩᠭᠢᠮ ᠳᠤ ᠣᠷᠣᠭᠤᠯᠵᠤ᠂ ᠬᠥᠳᠡᠭᠡ ᠲᠣᠰᠬᠤᠨ ᠤ ᠰᠣᠶᠣᠯ ᠢ ᠬᠥᠭᠵᠢᠭᠦᠯᠦᠨ ᠮᠠᠨᠳᠤᠭᠤᠯᠬᠤ᠂ ᠬᠤᠪᠢᠰᠬᠠᠯ ᠤᠨ ᠲᠣᠬᠠᠢ ᠬᠥᠮᠦᠵᠢᠯ ᠢ ᠥᠷᠨᠢᠭᠦᠯᠬᠦ ᠡᠯᠪᠡᠭ ᠪᠠᠶᠠᠯᠢᠭ ᠠᠴᠢᠶᠠᠯᠠᠪᠤᠷᠢ ᠪᠣᠯᠤᠭᠰᠠᠨ ᠪᠠᠶᠢᠨ᠎ᠠ᠃ ︽ᠬᠤᠵᠢᠮ ᠬᠤᠶᠢᠰᠢᠳᠠ ᠦᠵᠡᠬᠦᠯᠣᠯᠬᠡ ᠶᠢᠨ ᠲᠢᠩᠭᠢᠮ ᠢᠶᠠᠨ ᠰᠣᠷᠭᠠᠭᠤᠯᠢ  ᠶᠢᠨ ᠬᠦᠷᠢᠶᠠᠨ ᠳᠤ ᠣᠷᠣᠭᠤᠯᠵᠣ᠂ ᠬᠡᠣᠬᠡᠳ ᠲᠤ ᠰᠣᠷᠣᠯᠴᠠᠬᠤ ᠣᠷᠴᠢᠨ ᠲᠣᠭᠤᠷᠢᠨ ᠢ ᠪᠣᠢ ᠪᠤᠯᠭᠠᠵᠤ᠂ ᠦᠩᠬᠡᠷᠡᠭᠰᠠᠨ ᠵᠠᠭᠤᠨ ᠵᠢᠯ ᠤᠨ ᠲᠠᠣᠬᠡ᠂ ᠦᠩᠬᠡᠷᠡᠭᠰᠠᠨ ᠪᠠ ᠣᠳᠣᠬᠢ ᠶᠢ ᠬᠠᠷᠢᠴᠠᠭᠤᠯᠣᠬᠰᠠᠨ ᠪᠠᠶᠢᠳᠠᠯ ᠢ ᠣᠯᠠᠨ ᠳᠤ ᠮᠡᠳᠡᠬᠦᠯᠵᠣ᠂ ᠦᠩᠬᠡᠷᠡᠭᠰᠠᠨ ᠤ ᠬᠦᠴᠢᠷᠳᠠᠢ ᠪᠠᠶᠢᠳᠠᠯ ᠪᠠ ᠣᠳᠣᠬᠢ ᠵᠣᠯ ᠵᠢᠷᠠᠭᠠᠯᠳᠠᠢ ᠪᠠᠶᠢᠳᠠᠯ ᠢ ᠬᠡᠣᠬᠡᠳ ᠤᠳ ᠲᠤ ᠮᠡᠳᠡᠬᠦᠯᠣᠶ᠎ᠠ ᠬᠡᠵᠣ ᠪᠣᠳᠣᠵᠣ ᠪᠠᠶᠢᠨ᠎ᠠ︾ ᠭᠡᠵᠤ ᠰᠤᠶᠤᠯᠲᠦ ᠶᠠᠷᠢᠯ᠎ᠠ᠃    ᠬᠤᠪᠢᠰᠬᠠᠯ ᠤᠨ ᠡᠬᠢ ᠪᠠᠶᠠᠯᠢᠭ ᠪᠣᠯ ᠮᠠᠨ ᠤ ᠨᠠᠮ ᠤᠨ ᠰᠢᠷᠭᠠᠭᠤ ᠬᠠᠲᠠᠭᠤᠵᠢᠯᠲᠠᠢ ᠪᠥᠭᠡᠳ ᠭᠡᠷᠡᠯ ᠰᠠᠴᠤᠷᠠᠩᠭᠤᠢ ᠲᠡᠮᠡᠴᠡᠯ ᠤᠨ ᠥᠩᠭᠡᠷᠡᠯᠲᠡ ᠶᠢᠨ ᠭᠡᠷᠡᠴᠢ ᠮᠥᠨ᠂ ᠬᠠᠮᠤᠭ ᠤᠨ ᠡᠷᠬᠢᠮ ᠨᠠᠨᠳᠢᠨ ᠤᠶᠤᠨ ᠰᠠᠨᠠᠭᠠᠨ ᠤ ᠥᠪ ᠬᠦᠷᠦᠩᠭᠡ ᠮᠥᠨ᠃ ᠬᠥᠪᠡᠭᠡᠲᠦ ᠰᠢᠷ᠎ᠠ ᠬᠤᠰᠢᠭᠤ ᠨᠡᠶᠢᠭᠡᠮ ᠤᠨ ︽ᠬᠤᠪᠢᠰᠬᠠᠯ ᠤᠨ ᠡᠬᠢ ᠪᠠᠶᠠᠯᠢᠭ︾ ᠢ ᠭᠦᠢᠴᠡᠳ ᠠᠭᠤᠳᠠᠯᠯᠠᠵᠤ᠂ ᠬᠤᠪᠢᠰᠬᠠᠯᠲᠦ ᠬᠦᠮᠦᠵᠢᠯ ᠤᠨ ᠦᠵᠡᠭᠦᠯᠦᠯᠭᠡ ᠶᠢᠨ ᠲᠢᠩᠭᠢᠮ ᠢᠶᠠᠷ ᠠᠵᠠ ᠳᠤᠬᠢᠶᠠᠯ ᠪᠣᠯᠭᠠᠵᠤ᠂ ᠨᠠᠮ ᠤᠨ ᠭᠡᠰᠢᠭᠦᠨ ᠺᠠᠳ᠋ᠷ᠂ ᠤᠯᠠᠨ ᠲᠦᠮᠡᠨ ᠢ ᠬᠦᠳᠦᠯᠦᠨ ᠵᠢᠯᠣᠭᠤᠳᠴᠤ ᠪᠠᠶᠢᠭᠠᠳ ᠨᠠᠮ ᠤᠨ ᠭᠡᠷᠡᠯ ᠰᠠᠴᠤᠷᠠᠩᠭᠤᠢ ᠲᠡᠦᠬᠡᠨ ᠶᠠᠪᠤᠴᠠ ᠶᠢ ᠲᠠᠬᠢᠨ ᠡᠷᠭᠢᠴᠡᠭᠦᠯᠵᠦ᠂ ᠬᠤᠪᠢᠰᠬᠠᠯ ᠤᠨ ᠰᠣᠶᠣᠯ ᠢ ᠤᠯᠠᠮᠵᠢᠯᠠᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠵᠤ᠂ ᠤᠯᠤᠰ ᠢᠶᠠᠨ ᠬᠠᠶᠢᠷᠠᠯᠠᠵᠤ ᠨᠠᠮ ᠢᠶᠠᠨ ᠬᠠᠶᠢᠷᠠᠯᠠᠬᠤ ᠰᠡᠳᠬᠢᠯᠭᠡ ᠶᠢ ᠬᠦᠪᠴᠢᠯᠡᠭᠰᠡᠨ ᠪᠠᠶᠢᠨ᠎ᠠ᠃
 
ᠢᠷᠡᠯᠲᠡ᠄ ᠬᠥᠪᠡᠭᠡᠲᠦ ᠰᠢᠷ᠎ᠠ ᠬᠤᠰᠢᠭᠤᠨ ᠤ ᠰᠤᠨᠢᠨ ᠮᠡᠳᠡᠭᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号