ᠣᠯᠠᠮᠵᠢᠯᠠᠯᠳᠣ ᠬᠡᠷ ᠤᠨ ᠬᠦᠮᠣᠵᠢᠯ ᠤᠨ ᠠᠵᠢᠯᠯᠠᠬᠤ ᠦᠷᠣᠬᠡᠨ ᠤ ︽ᠣᠶᠣᠨᠴᠢ ᠬᠦᠮᠣᠵᠢᠯ︾ ᠰᠢᠷᠢᠰ ᠠᠵᠢᠯᠯᠠᠭ᠎ᠠ  ᠶᠠᠪᠤᠭᠳᠠᠪᠠ
ᠨᠡᠶᠢᠲᠡᠯᠡᠭᠰᠡᠨ ᠴᠠᠭ᠄
2024/4/10
     4 ᠰᠡᠷ᠎ᠡ ᠶᠢᠨ 6 ᠤ ᠡᠳᠣᠷ᠂ ᠣᠯᠠᠮᠵᠢᠯᠠᠯᠳᠣ ᠬᠡᠷ ᠤᠨ ᠬᠦᠮᠣᠵᠢᠯ ᠤᠨ ᠠᠵᠢᠯᠯᠠᠬᠤ ᠦᠷᠣᠬᠡᠨ ᠤ ︽ᠣᠶᠣᠨᠴᠢ ᠬᠦᠮᠣᠵᠢᠯ︾ ᠰᠢᠷᠢᠰ ᠠᠵᠢᠯᠯᠠᠭ᠎ᠠ ᠰᠢᠨᠡᠪᠣᠯᠠᠭ ᠪᠠᠯᠭᠠᠰᠣᠨ ᠤ ᠬᠠᠰᠢᠶᠠᠳᠣ ᠨᠠᠶᠢᠬᠡᠮ ᠲᠣᠭᠤᠷᠢᠭ ᠲᠤ ᠶᠠᠪᠤᠭᠳᠠᠵᠤ᠂ ᠠᠵᠢᠯᠯᠠᠭ᠎ᠠ ᠳᠤ ᠡᠮᠡᠭᠳᠡᠶᠢᠴᠣᠳ ᠤᠨ ᠬᠤᠯᠪᠣᠭᠠᠳᠣ ᠬᠤᠷᠠᠯ ᠤᠨ ᠲᠡᠷᠢᠬᠦᠯᠡᠭᠴᠢ ᠰᠡᠴᠡᠩᠭᠤᠸ᠎ᠠ ᠪᠣᠯᠣᠨ 40  ᠭᠠᠷᠣᠢ ᠰᠠᠭᠤᠭᠠᠯᠢ ᠠᠷᠠᠳ ᠣᠷᠣᠯᠴᠠᠪᠠ᠃     ᠠᠵᠢᠯᠯᠠᠭ᠎ᠠ ᠳᠤ᠂ ᠦᠪᠣᠷ ᠮᠣᠩᠭᠤᠯ ᠤᠨ ᠬᠡᠷ ᠤᠨ ᠬᠦᠮᠣᠵᠢᠯ ᠤᠨ ᠨᠠᠶᠢᠬᠡᠮᠯᠢᠭ ᠤᠨ ᠬᠡᠰᠢᠬᠦᠨ᠂ ᠬᠡᠷ ᠤᠨ ᠬᠦᠮᠣᠵᠢᠯ ᠤᠨ ᠵᠢᠯᠣᠭᠤᠳᠣᠬᠴᠢ ᠪᠠᠭᠰᠢ᠂ ᠲᠡᠰ ᠲᠡᠪᠰᠢᠬᠰᠠᠨ ᠯᠧᠺᠲ᠋ᠣᠷ ᠣᠷᠠᠨᠰᠣᠶᠣᠯ ᠪᠠᠭᠰᠢ ᠪᠣᠯᠣᠨ ᠬᠡᠷ ᠤᠨ ᠬᠦᠮᠣᠵᠢᠯ ᠤᠨ ᠲᠠᠶᠢᠯᠣᠮᠵᠢ ᠶᠢᠨ ᠪᠠᠭᠰᠢ ᠵᠢᠩᠬᠤᠸᠡᠷ ᠠᠴᠠ ᠣᠯᠠᠮᠵᠢᠯᠠᠯᠳᠣ ᠬᠡᠷ ᠤᠨ ᠬᠦᠮᠣᠵᠢᠯ ᠤᠨ ᠤᠬᠠᠭᠳᠠᠬᠤᠨ᠂ ᠴᠢᠬᠤᠯᠠ ᠴᠢᠨᠡᠷ᠂ ᠬᠡᠣᠬᠡᠳ ᠤᠨ ᠪᠠᠶ᠎ᠠ ᠮᠠᠬᠠᠪᠣᠳ ᠪᠤᠯᠤᠨ ᠰᠡᠳᠬᠢᠴᠡ ᠶᠢᠨ ᠡᠷᠡᠬᠦᠯ ᠮᠠᠨᠳᠣ ᠶᠢᠨ ᠴᠢᠬᠤᠯᠠ ᠴᠢᠨᠡᠷ ᠢ ᠰᠢᠰᠲ᠋ᠧᠮ ᠲᠠᠢ ᠪᠠᠷ ᠪᠤᠳᠠᠳᠠᠢ ᠲᠠᠢ ᠣᠶᠠᠯᠳᠣᠭᠤᠯᠣᠨ ᠲᠠᠶᠢᠯᠪᠤᠷᠢᠯᠠᠵᠤ᠂ ᠬᠦᠮᠣᠰ ᠤᠨ ᠤᠯᠠᠮᠵᠢᠯᠠᠯᠳᠦ ᠬᠡᠷ ᠤᠨ ᠬᠦᠮᠣᠵᠢᠯ ᠢ ᠬᠦᠨᠳᠣᠳᠬᠡᠨ ᠦᠵᠡᠵᠣ  ᠵᠠᠯᠭᠠᠮᠵᠢᠯᠠᠨ ᠬᠦᠭᠵᠢᠬᠦᠯᠬᠦ ᠰᠠᠶᠢᠨ ᠰᠠᠶᠢᠬᠠᠨ ᠣᠷᠴᠢᠨ ᠢ ᠪᠣᠢ ᠪᠣᠯᠭᠠᠬᠤ ᠶᠢ ᠤᠷᠢᠶᠠᠯᠠᠭᠰᠠᠨ ᠤ ᠬᠠᠮᠳᠣ᠂ ᠬᠡᠷ ᠪᠦᠯᠢ ᠶᠢᠨ ᠬᠦᠮᠣᠵᠢᠯ ᠤᠨ ᠲᠡᠬᠡᠳᠣ ᠲᠡᠰ ᠤᠨ ᠵᠢᠯᠣᠭᠤᠳᠣᠬᠴᠢ ᠪᠠᠭᠰᠢ ᠣᠶᠣᠨᠴᠡᠴᠡᠭ ᠠᠴᠠ ︽ᠨᠣᠮ ᠲᠠᠢ ᠨᠦᠬᠦᠷᠯᠡᠶ᠎ᠠ︾ ᠬᠡᠬᠦ ᠰᠡᠳᠣᠪ ᠢᠶᠠᠷ ᠲᠠᠶᠢᠯᠣᠮᠵᠢ ᠬᠢᠵᠣ᠂ ᠬᠡᠷᠬᠢᠨ ᠨᠣᠮ ᠣᠩᠰᠢᠬᠤ᠂ ᠶᠠᠮᠡᠷ ᠨᠣᠮ ᠰᠣᠩᠭᠤᠵᠣ ᠣᠩᠰᠢᠪᠠᠯ ᠵᠣᠬᠢᠬᠤ᠂ ᠨᠣᠮ ᠣᠩᠰᠢᠬᠤ ᠶᠢᠨ ᠴᠢᠬᠤᠯᠠ ᠴᠢᠨᠡᠷ ᠵᠡᠷᠬᠡ ᠶᠢ ᠲᠠᠶᠢᠯᠪᠣᠷᠢᠯᠠᠨ ᠶᠠᠷᠢᠵᠣ᠂ ᠬᠦᠮᠣᠨ ᠪᠦᠬᠦᠨ ᠨᠣᠮ ᠣᠩᠰᠢᠬᠤ ᠰᠠᠶᠢᠨ ᠰᠠᠶᠢᠬᠠᠨ ᠲᠠᠳᠬᠠᠯ ᠲᠠᠢ ᠪᠤᠯᠬᠤ ᠶᠢ ᠣᠷᠢᠶᠠᠯᠠᠬᠰᠠᠨ ᠪᠠᠶᠢᠨ᠎ᠠ᠃      ᠦᠪᠣᠷ ᠮᠣᠩᠭᠤᠯ ᠤᠨ ᠬᠡᠷ ᠤᠨ ᠬᠦᠮᠣᠵᠢᠯ ᠤᠨ ᠨᠠᠶᠢᠬᠡᠮᠯᠢᠭ ᠤᠨ ᠬᠡᠰᠢᠬᠦᠨ᠂ ᠬᠡᠷ ᠤᠨ ᠬᠦᠮᠣᠵᠢᠯ ᠤᠨ ᠵᠢᠯᠣᠭᠤᠳᠣᠬᠴᠢ ᠪᠠᠭᠰᠢ᠂ ᠲᠡᠰ ᠲᠡᠪᠰᠢᠬᠰᠠᠨ ᠯᠧᠺᠲ᠋ᠣᠷ ᠣᠷᠠᠨᠰᠣᠶᠣᠯ᠄ ︽ᠪᠢ ᠣᠯᠠᠨ ᠵᠢᠯ ᠤᠨ ᠰᠣᠷᠭᠠᠨ ᠬᠦᠮᠣᠵᠢᠯ ᠤᠨ ᠶᠠᠪᠣᠴᠠ ᠳᠠᠭᠠᠨ ᠵᠠᠯᠠᠭᠤᠴᠣᠳ ᠤᠨ ᠲᠣᠮᠳᠠ ᠬᠡᠷ ᠤᠨ ᠬᠦᠮᠣᠵᠢᠯ ᠤᠨ ᠲᠠᠯ᠎ᠠ ᠪᠠᠷ ᠤᠯᠠᠨ ᠠᠰᠠᠭᠤᠳᠠᠯ ᠣᠷᠣᠰᠢᠵᠣ ᠪᠠᠶᠢᠬᠤ ᠶᠢ ᠮᠡᠳᠡᠭᠰᠠᠨ︔ ᠨᠠᠳᠠ ᠠᠴᠠ ᠣᠯᠠᠨ ᠬᠦᠮᠣᠨ ᠡᠨᠡ ᠲᠤᠬᠠᠢ ᠠᠰᠠᠭᠤᠳᠠᠭ ᠪᠤᠯᠬᠤᠷ ᠡᠨᠡ ᠲᠠᠯ᠎ᠠ ᠶᠢᠨ  ᠬᠠᠮᠢᠶ᠎ᠠ ᠪᠦᠬᠦᠢ ᠠᠵᠢᠯ ᠢ ᠬᠢᠭᠰᠡᠬᠡᠷ ᠢᠷᠡᠭᠰᠡᠨ︔ ᠮᠦᠨᠴᠦ ᠵᠠᠯᠠᠭᠤᠴᠣᠳ ᠲᠤ ᠲᠣᠰᠠᠲᠠᠢ ᠪᠣᠯ ᠤᠤ ᠬᠡᠰᠡᠨ ᠪᠣᠳᠣᠯ ᠠᠴᠠ ᠡᠨᠡ ᠠᠵᠢᠯ ᠢᠶᠠᠨ ᠡᠬᠢᠯᠡᠬᠦᠯᠣᠭ᠍ᠰᠠᠨ︔ ᠡᠨᠡ ᠣᠳᠠᠭᠠᠨ ᠤ ᠠᠵᠢᠯᠯᠠᠭ᠎ᠠ ᠶᠢ ᠬᠠᠰᠢᠶᠠᠳᠣ ᠨᠡᠶᠢᠬᠡᠮ ᠲᠣᠭᠤᠷᠢᠭ ᠲᠠᠢ ᠬᠠᠮᠳᠣᠷᠠᠵᠣ ᠬᠢᠭᠰᠡᠨ ᠤ ᠰᠢᠯᠳᠠᠭᠠᠨ ᠪᠣᠯ ᠡᠨᠡ ᠨᠡᠶᠢᠬᠡᠮ ᠲᠣᠭᠤᠷᠢᠭ ᠲᠤ ᠠᠷᠪᠢᠨ ᠬᠡᠷ ᠤᠨ ᠠᠬᠠᠮᠠᠳ ᠰᠠᠭᠤᠵᠣ ᠪᠠᠶᠢᠨ᠎ᠠ︔ ᠮᠦᠨᠴᠦ ᠨᠡᠩ ᠣᠯᠠᠨ ᠬᠦᠮᠣᠨ ᠳᠤ ᠬᠡᠷ ᠪᠦᠯᠢ ᠶᠢᠨ ᠬᠦᠮᠣᠵᠢᠯ  ᠤᠨ ᠴᠢᠬᠤᠯᠠ ᠴᠢᠨᠡᠷ ᠢ ᠤᠶᠢᠯᠠᠭᠠᠭᠤᠯᠤᠶ᠎ᠠ ᠭᠡᠵᠦ  ᠪᠤᠳᠤᠵᠠᠢ︾ ᠭᠡᠵᠦ ᠶᠠᠷᠢᠯ᠎ᠠ᠃      ᠲᠠᠶᠢᠯᠤᠮᠵᠢ ᠶᠢᠨ ᠲᠠᠷᠠᠭ᠎ᠠ᠂ ᠦᠨᠳᠣᠰᠣᠳᠠᠨ ᠤ ᠵᠠᠩ ᠵᠠᠩᠰᠢᠯ᠂ ᠬᠡᠷ ᠪᠦᠯᠢ ᠶᠢᠨ ᠬᠦᠮᠣᠵᠢᠯ᠂ ᠣᠯᠠᠮᠵᠢᠯᠠᠯᠳᠣ ᠬᠡᠷ ᠤᠨ ᠬᠦᠮᠣᠵᠢᠯ ᠵᠡᠷᠬᠡ ᠠᠭᠤᠯᠭ᠎ᠠ ᠲᠠᠢ ᠮᠡᠳᠡᠯᠬᠡ ᠶᠢᠨ ᠣᠷᠣᠯᠳᠣᠭᠠᠨ ᠶᠠᠪᠣᠬᠳᠠᠭᠤᠯᠵᠣ᠂ ᠣᠷᠣᠯᠳᠣᠭᠠᠨ ᠳᠤ ᠤᠷᠤᠯᠴᠠᠭᠰᠠᠳ ᠢᠳᠡᠪᠬᠢᠲᠠᠢ ᠪᠠᠷ ᠰᠡᠳᠣᠪ ᠬᠠᠷᠢᠭᠤᠯᠵᠣ᠂ ᠨᠢᠬᠡᠳᠣᠬᠡᠷ ᠲᠤ ᠨᠢᠬᠡ ᠨᠡᠷ᠎ᠡ᠂ ᠬᠤᠶᠠᠳᠣᠭᠠᠷ ᠲᠤ ᠬᠤᠶᠡᠷ ᠨᠡᠷ᠎ᠡ᠂ ᠭᠤᠷᠪᠠᠳᠣᠭᠠᠷ ᠳᠤ ᠭᠤᠷᠪᠠᠨ ᠨᠡᠷ᠎ᠡ ᠶᠢ ᠰᠢᠯᠭᠠᠷᠠᠭᠤᠯᠵᠤ᠂ ᠦᠨᠡᠮᠯᠡᠯ ᠪᠠ ᠨᠣᠮ ᠤᠨ ᠪᠡᠯᠡᠭ ᠲᠤᠰᠴᠦ ᠂ ᠢᠳᠡᠪᠬᠢᠯᠡᠨ ᠲᠠᠪᠰᠢᠬᠤ ᠣᠶᠣᠨ ᠰᠠᠨᠠᠭᠠᠨ ᠤ ᠲᠦᠷᠢ ᠲᠦᠷᠬᠦ ᠶᠢ ᠬᠠᠷᠠᠭᠤᠯᠤᠭᠰᠠᠨ ᠪᠠᠶᠢᠨ᠎ᠠ᠃ ︽ᠪᠢ ᠦᠪᠡᠷᠳᠡᠬᠡᠨ ᠡᠶᠢᠮᠣᠷᠬᠦᠦ ᠬᠡᠷ ᠤᠨ ᠬᠦᠮᠣᠵᠢᠯ ᠤᠨ ᠲᠠᠯ᠎ᠠ ᠪᠠᠷ ᠣᠶᠢᠯᠠᠭᠠᠬᠤ ᠲᠣᠷᠠᠲᠠᠢ ᠪᠠᠶᠢᠳᠠᠭ︔ ᠡᠶᠢᠮᠣᠷᠬᠦᠦ ᠨᠣᠮ ᠢ ᠴᠦ ᠣᠩᠰᠢᠬᠤ ᠲᠣᠷᠠᠲᠠᠢ ︔ ᠲᠣᠰ ᠠᠵᠢᠯᠯᠠᠭᠠᠨ ᠳᠤ ᠤᠷᠤᠯᠴᠠᠭᠠᠳ ᠨᠡᠩ ᠣᠯᠠᠨ ᠬᠡᠷ ᠪᠦᠯᠢ ᠶᠢᠨ ᠬᠦᠮᠣᠵᠢᠯ ᠤᠨ ᠲᠣᠬᠠᠢ ᠮᠡᠳᠡᠯᠬᠡ ᠴᠢᠳᠠᠪᠣᠷᠢ ᠶᠢ ᠡᠵᠡᠮᠰᠢᠭᠰᠡᠨ ᠪᠠᠶᠢᠨ᠎ᠠ︾ ᠭᠡᠵᠦ ᠣᠷᠣᠯᠴᠠᠬᠴᠢ ᠬᠦᠬᠡᠷᠣᠬᠦᠨ ᠶᠠᠷᠢᠯ᠎ᠠ᠃  
 
ᠢᠷᠡᠯᠲᠡ᠄ ᠬᠦᠪᠡᠭᠡᠳᠦ ᠰᠢᠷ᠎ᠠ ᠬᠣ​ᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号