ᠬᠠᠰᠢᠶᠠᠳᠦ ᠨᠡᠶᠢᠭᠡᠮ ᠲᠤᠭᠤᠷᠢᠭ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠣᠳᠬᠠᠵᠣ ᠠᠷᠠᠳ ᠲᠤ ᠠᠰᠢᠭ ᠬᠦᠷᠳᠡᠭᠡᠵᠤ ᠪᠤᠢ
ᠨᠡᠶᠢᠲᠡᠯᠡᠭᠰᠡᠨ ᠴᠠᠭ᠄
2024/4/10
       ᠬᠦᠪᠡᠬᠡᠲᠦ ᠰᠢᠷ᠎ᠠ ᠬᠤᠰᠢᠭᠤᠨ ᠤ ᠰᠢᠨᠡᠪᠤᠯᠠᠭ ᠪᠠᠯᠭᠠᠰᠤᠨ ᠤ ᠬᠠᠰᠢᠶᠠᠲᠤ ᠨᠡᠶᠢᠭᠡᠮ ᠲᠣᠭᠤᠷᠢᠭ ᠨᠢ ᠢᠰᠡᠭᠡᠢ ᠣᠷᠠᠯᠠᠯ ᠤᠨ ᠠᠵᠢᠯᠯᠠᠬᠤ ᠦᠷᠣᠬᠡ ᠶᠢᠨ ᠪᠠᠶᠢᠭᠤᠯᠤᠯᠳᠠ ᠪᠠᠷ ᠳᠠᠮᠵᠢᠭᠤᠯᠤᠨ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ ᠵᠠᠯᠭᠠᠮᠵᠢᠯᠠᠬᠤ ᠶᠢ ᠰᠠᠭᠤᠭᠠᠯᠢ ᠠᠷᠠᠳ ᠤᠨ ᠠᠵᠢᠯ ᠣᠯᠵᠤ ᠣᠷᠣᠯᠭ᠎ᠠ ᠪᠠᠨ ᠨᠡᠮᠡᠭᠳᠡᠭᠦᠯᠬᠦ ᠲᠠᠢ ᠤᠶᠠᠯᠳᠤᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠤᠯᠠᠮ ᠨᠢᠭᠡ ᠠᠯᠬᠤᠮ ᠪᠠᠳᠣᠳᠬᠠᠵᠣ ᠪᠣᠢ᠃       ᠬᠠᠰᠢᠶᠠᠲᠤ ᠨᠡᠶᠢᠭᠡᠮ ᠲᠣᠭᠤᠷᠢᠭ ᠤᠨ ᠢᠰᠡᠭᠡᠢ ᠣᠷᠠᠯᠠᠯ ᠤᠨ ᠠᠵᠢᠯᠯᠠᠬᠤ ᠦᠷᠣᠬᠡ  ᠳᠤ᠂ ᠢᠰᠡᠭᠡᠢ ᠲᠡᠬᠡᠷ᠎ᠡ ᠵᠢᠷᠣᠬᠰᠠᠨ ᠵᠢᠷᠤᠭ᠂ ᠣᠯᠪᠣᠭ᠂ ᠢᠰᠡᠬᠡᠢ ᠪᠠᠷ ᠬᠢᠭᠰᠡᠨ ᠴᠦᠩᠬᠦ ᠵᠡᠷᠭᠡ ᠬᠢᠴᠠ ᠨᠢ ᠨᠠᠷᠢᠯᠢᠭ ᠰᠠᠶᠢᠬᠠᠨ᠂ ᠶᠠᠩᠵᠤ ᠮᠠᠶ᠋ᠢᠭ ᠨᠢ ᠣᠯᠠᠨ ᠶᠠᠩᠵᠤ ᠶᠢᠨ ᠭᠠᠷ ᠤᠷᠠᠯᠠᠯ ᠤᠨ ᠪᠦᠲᠦᠭᠡᠭᠳᠡᠬᠦᠨ ᠢ ᠲᠡᠯᠭᠡᠨ ᠦᠵᠡᠬᠦᠯᠵᠦ ᠪᠠᠶᠢᠯ᠎ᠠ᠃ ᠠᠵᠢᠯᠯᠠᠬᠤ ᠦᠷᠣᠬᠡ ᠶᠢᠨ ᠰᠣᠪᠣᠳᠠᠨᠴᠡᠴᠡᠭ ᠪᠠᠭᠰᠢ ᠢᠰᠡᠭᠡᠢ ᠲᠡᠬᠡᠷ᠎ᠡ ᠬᠠᠳᠬᠤᠮᠠᠯ ᠬᠠᠳᠬᠤᠬᠤ᠂ ᠥᠩᠭᠡ ᠲᠣᠬᠢᠷᠠᠭᠤᠯᠬᠤ ᠵᠡᠷᠭᠡ ᠲᠠᠯ᠎ᠠ ᠪᠠᠷ ᠰᠠᠭᠤᠭᠠᠯᠢ ᠠᠷᠠᠳ ᠳᠤ ᠵᠢᠯᠣᠭᠤᠳᠣᠯᠭ᠎ᠠ ᠬᠢᠵᠦ᠂ ᠰᠣᠷᠣᠯᠴᠠᠬᠤ ᠪᠠᠷ ᠢᠷᠡᠭᠰᠠᠨ ᠡᠮᠡᠭᠲᠡᠶᠢᠴᠦᠳ ᠬᠠᠮᠲᠤ ᠪᠠᠷ ᠰᠤᠷᠤᠯᠴᠠᠨ ᠰᠠᠨᠠᠯ ᠪᠤᠳᠤᠯ ᠢᠶᠠᠨ ᠰᠣᠯᠢᠯᠴᠠᠵᠤ᠂ ᠲᠤᠬᠠᠢ ᠶᠢᠨ ᠲᠠᠯᠠᠪᠠᠢ ᠪᠠᠶᠠᠷ ᠪᠠᠶᠠᠰᠤᠯ ᠳᠦᠬᠦᠷᠡᠩ ᠪᠠᠶᠢᠯ᠎ᠠ᠃ ︽ᠪᠢ ᠣᠣᠯ ᠨᠢ ᠬᠦᠳᠡᠭᠡ ᠪᠠᠨ ᠪᠠᠶᠢᠬᠤ ᠳᠤ ᠣᠶᠣᠳᠠᠯ ᠳᠤ ᠲᠣᠷᠠᠲᠠᠢ︔ ᠰᠣ ᠪᠠᠭᠰᠢ 56 ᠦᠨᠳᠣᠰᠣᠳᠠᠨ ᠤ ᠭᠠᠷ ᠣᠷᠠᠯᠠᠯ ᠤᠨ ᠪᠦᠳᠣᠬᠡᠯ ᠬᠢᠵᠣ ᠪᠠᠶᠢᠨ᠎ᠠ ᠭᠡᠵᠤ ᠰᠣᠨᠣᠰᠣᠭᠠᠳ ᠲᠣᠷ᠎ᠠ ᠪᠠᠬ᠎ᠠ ᠠᠴᠠ ᠪᠠᠨ ᠪᠣᠯᠣᠭᠠᠳ ᠢᠷᠠᠵᠣ ᠣᠶᠣᠬᠰᠠᠨ︔ ᠡᠨᠡ ᠨᠢ ᠪᠢᠳᠠᠨ ᠳᠤ ᠠᠪᠴᠣ ᠬᠡᠯᠡᠪᠡᠯ ᠦᠳᠠᠯᠣᠬᠡ ᠨᠠᠰᠣᠨ ᠤ ᠵᠤᠭ᠎ᠠ᠂ ᠡᠬᠦᠨ  ᠳᠤ ᠣᠷᠣᠯᠴᠠᠬᠤ ᠨᠢ ᠪᠠᠰᠠ ᠮᠠᠨ ᠤ ᠨᠠᠰᠤᠲᠠᠶᠢᠴᠤᠳ ᠲᠤ ᠬᠡᠷᠡᠭᠲᠠᠢ ᠬᠡᠰᠡᠨ ᠪᠣᠳᠣᠯ ᠠᠴᠠ ᠢᠷᠠᠵᠣ ᠣᠷᠣᠯᠴᠠᠬᠰᠠᠨ︾ ᠭᠡᠵᠤ ᠰᠠᠭᠤᠭᠠᠯᠢ ᠠᠷᠠᠳ ᠱᠢᠷᠣᠮ᠎ᠠ ᠶᠠᠷᠢᠯ᠎ᠠ᠃       ᠬᠠᠰᠢᠶᠠᠲᠤ ᠨᠡᠶᠢᠭᠡᠮ ᠲᠣᠭᠤᠷᠢᠭ ᠨᠢ ᠢᠰᠡᠭᠡᠢ ᠣᠷᠠᠯᠠᠯ ᠤᠨ ᠠᠵᠢᠯᠯᠠᠬᠤ ᠦᠷᠣᠬᠡ ᠶᠢᠨ ᠦᠢᠯᠡᠳᠦᠯ ᠢ ᠬᠦᠢᠴᠡᠳ ᠪᠠᠳᠠᠷᠠᠭᠤᠯᠬᠤ ᠶᠢᠨ ᠲᠥᠯᠥᠭᠡ᠂ ᠢᠰᠡᠬᠡᠢ ᠤᠷᠠᠯᠠᠯ ᠤᠨ ᠪᠣᠳᠠᠰ ᠤᠨ ᠪᠤᠰᠤ ᠰᠣᠶᠣᠯ ᠤᠨ ᠥᠪ ᠤᠨ ᠦᠪᠯᠡᠨ ᠤᠯᠠᠮᠵᠢᠯᠠᠭᠴᠢ᠂ ᠠᠵᠢᠯ ᠠᠴᠠ ᠪᠠᠨ ᠠᠮᠠᠷᠠᠭᠰᠠᠨ ᠠᠬᠠᠮᠠᠳ ᠪᠠᠭᠰᠢ ᠰᠣᠪᠣᠳᠠᠨᠴᠡᠴᠡᠭ ᠢ ᠲᠤᠰᠬᠠᠶᠢᠯᠠᠨ ᠤᠷᠢᠵᠤ ᠢᠰᠡᠭᠡᠢ ᠤᠷᠠᠯᠠᠯ ᠤᠨ ᠣᠨᠣᠯ ᠤᠨ ᠲᠠᠶᠢᠯᠤᠮᠵᠢ᠂ ᠪᠦᠲᠦᠭᠡᠯ ᠤᠨ ᠦᠵᠡᠭᠦᠯᠦᠯᠭᠡ᠂ ᠲᠤᠬᠠᠶ ᠶᠢᠨ ᠲᠠᠯᠠᠪᠤᠷ ᠤᠨ ᠪᠣᠯᠪᠠᠰᠤᠷᠠᠯ ᠢ ᠤᠶᠠᠯᠳᠤᠭᠤᠯᠬᠤ ᠬᠡᠯᠪᠡᠷᠢ ᠪᠠᠷ ᠰᠠᠷ᠎ᠠ ᠪᠦᠷᠢ 1—2 ᠤᠳᠠᠭ᠎ᠠ  ᠦᠨ᠎ᠡ ᠲᠦᠯᠦᠪᠤᠷᠢ ᠦᠬᠡᠢ ᠵᠢᠭᠠᠨ ᠰᠤᠷᠭᠠᠯᠲᠠ ᠶᠢᠨ ᠠᠵᠢᠯᠯᠠᠭ᠎ᠠ ᠦᠷᠨᠢᠬᠦᠯᠳᠡᠭ ᠪᠦᠭᠡᠳ ᠦᠨᠳᠦᠰᠦᠲᠡᠨ ᠤ ᠪᠦᠯᠬᠦᠮᠳᠡᠯ ᠢ ᠬᠠᠷᠠᠭᠤᠯᠤᠭᠰᠠᠨ ᠢᠰᠡᠭᠡᠢ ᠤᠷᠠᠯᠠᠯ ᠤᠨ ᠪᠦᠲᠦᠭᠡᠯ ᠢᠶᠠᠨ ᠳᠡᠯᠭᠡᠨ ᠦᠵᠡᠬᠦᠯᠦᠭᠰᠡᠨ ᠪᠠᠶᠢᠨ᠎ᠠ᠃ ︽ᠪᠢ ᠪᠣᠯ ᠨᠢᠬᠡᠨ ᠠᠵᠢᠯ ᠤᠨ ᠠᠮᠠᠷᠠᠯᠳᠠ ᠪᠠᠨ ᠠᠪᠣᠬᠰᠠᠨ ᠪᠠᠭᠰᠢ ᠬᠦᠮᠣᠨ᠂ ᠠᠵᠢᠯ ᠤᠨ ᠠᠮᠠᠷᠠᠯᠳᠠ ᠪᠠᠨ ᠠᠪᠣᠬᠰᠠᠨ ᠠᠴᠠ ᠬᠤᠶᠢᠰᠢ ᠦᠨᠳᠣᠰᠣᠳᠠᠨ ᠤ ᠣᠯᠠᠮᠵᠢᠯᠠᠯᠳᠣ ᠰᠣᠶᠣᠯ ᠢ ᠬᠤᠶᠢᠴᠢ ᠦᠶ᠎ᠠ ᠵᠠᠯᠭᠠᠣ ᠦᠶ᠎ᠡ ᠶᠢᠨ ᠬᠢᠨ ᠳᠤ ᠦᠪᠯᠡᠨ ᠣᠯᠠᠮᠵᠢᠯᠠᠭᠤᠯᠬᠤ ᠴᠢᠭᠯᠡᠯ  ᠢᠶᠠᠷ ᠦᠨᠳᠣᠰᠣᠳᠠᠨ ᠤ ᠣᠷ᠎ᠠ ᠦᠢᠯᠡ ᠢ ᠭᠤᠣᠯ ᠪᠠᠷᠢᠨ᠂ ᠵᠠᠩ ᠣᠶᠢᠯᠡ ᠶᠢ ᠭᠤᠣᠯ ᠪᠣᠯᠭᠠᠨ᠂ ᠨᠠᠶᠢᠬᠡᠮ ᠨᠠᠶᠢᠳᠠ᠂ ᠰᠣᠷᠭᠠᠭᠤᠯᠢ ᠪᠠᠷ ᠡᠨᠡ ᠠᠵᠢᠯ ᠢᠶᠠᠨ ᠬᠢᠵᠣ ᠢᠷᠡᠭᠰᠠᠨ︾ ᠭᠡᠵᠤ ᠰᠣᠪᠣᠳᠠᠨᠴᠡᠴᠡᠭ ᠪᠠᠭᠰᠢ ᠶᠠᠷᠢᠯ᠎ᠠ᠃       ᠢᠰᠡᠭᠡᠢ ᠣᠷᠠᠯᠠᠯ ᠤᠨ ᠠᠵᠢᠯᠯᠠᠬᠤ ᠦᠷᠣᠬᠡ ᠨᠢ 2023 ᠣᠨ ᠤ 10 ᠰᠡᠷ᠎ᠡ ᠠᠴᠠ ᠡᠬᠢᠯᠡᠨ ᠪᠠᠶᠢᠭᠤᠯᠤᠭᠳᠠᠭᠰᠠᠨ ᠠᠴᠠ ᠨᠠᠰᠢ᠂ ᠢᠰᠡᠭᠡᠢ ᠤᠷᠠᠯᠠᠯ ᠤᠨ ᠬᠠᠳᠬᠤᠮᠠᠯ᠂ ᠮᠣᠩᠭᠤᠯ ᠭᠡᠷ ᠤᠨ ᠵᠠᠭᠪᠤᠷ᠂ ᠮᠣᠩᠭᠤᠯ ᠭᠡᠷ ᠤᠨ ᠣᠷᠬᠢᠭᠤᠯ᠂ ᠣᠯᠪᠣᠭ᠂ ᠮᠠᠯᠠᠭᠠᠢ ᠬᠢᠬᠦ ᠵᠡᠷᠭᠡ ᠨᠡᠶᠢᠲᠡ ᠶᠢᠨ ᠠᠩᠭᠢ ᠶᠢ 10 ᠬᠤᠭᠤᠴᠠᠭ᠎ᠠ ᠡᠷᠬᠢᠯᠡᠵᠦ᠂ ᠢᠰᠡᠭᠡᠶ ᠤᠷᠠᠯᠢᠭ ᠤᠨ ᠪᠦᠲᠦᠭᠡᠯ ᠢ 338 ᠬᠤᠪᠢ ᠪᠡᠶᠡᠯᠡᠭᠦᠯᠵᠦ᠂ 7000 ᠲᠥᠭᠦᠷᠢᠭ ᠤᠨ ᠢᠰᠡᠭᠡᠢ ᠤᠷᠠᠯᠠᠯ ᠤᠨ ᠪᠦᠳᠦᠭᠡᠯ ᠢ ᠪᠤᠷᠤᠯᠠᠭᠤᠯᠤᠭᠰᠠᠨ ᠪᠠᠶᠢᠨ᠎ᠠ᠃ ᠡᠬᠦᠨ ᠳᠤ  ᠨᠠᠰᠣᠳᠠᠶᠢᠴᠣᠳ ᠤᠨ ᠠᠰᠠᠷᠠᠮᠵᠢ ᠶᠢᠨ ᠬᠦᠷᠢᠶᠡᠯᠡᠩ ᠤᠨ ᠨᠠᠰᠤᠲᠠᠶᠢᠴᠤᠳ ᠲᠤ ᠢᠰᠡᠭᠡᠢ ᠣᠯᠪᠣᠭ ᠢᠶᠠᠨ ᠬᠦᠷᠭᠡᠵᠦ᠂ ᠬᠤᠰᠢᠭᠤᠨ ᠤ ᠨᠢᠭᠡᠳᠦᠭᠡᠷ ᠬᠡᠦᠬᠡᠳ ᠤᠨ ᠴᠡᠴᠡᠷᠯᠢᠭ ᠤᠨ ᠪᠢᠴᠢᠬᠠᠨ ᠨᠠᠶᠢᠵᠠ ᠨᠠᠷ ᠲᠤ 50 ᠬᠤᠷᠠᠭᠠᠨ ᠮᠠᠯᠠᠭᠠᠢ  ᠬᠦᠷᠭᠡᠵᠤ᠂ ᠬᠠᠶᠢᠷ᠎ᠠ ᠬᠠᠯᠠᠮᠵᠢ ᠶᠢᠨ ᠠᠵᠢᠯᠯᠠᠭ᠎ᠠ ᠦᠷᠨᠢᠬᠦᠯᠦᠭᠰᠡᠨ ᠪᠠᠶᠢᠨ᠎ᠠ᠃       ᠣᠶᠢᠷ᠎ᠠ ᠶᠢᠨ ᠵᠢᠯ ᠳᠤ᠂ ᠬᠥᠪᠡᠭᠡᠲᠦ ᠰᠢᠷ᠎ᠠ ᠬᠤᠰᠢᠭᠤᠨ ᠤ ᠰᠢᠨᠡᠪᠤᠯᠠᠭ ᠪᠠᠯᠭᠠᠰᠤᠨ ᠤ ᠬᠠᠰᠢᠶᠠᠲᠤ ᠨᠡᠶᠢᠭᠡᠮ ᠲᠣᠭᠤᠷᠢᠭ ᠨᠢ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠦᠢᠯᠡᠴᠢᠯᠡᠭᠡᠨ ᠤ ᠴᠢᠳᠠᠮᠵᠢ ᠶᠢ ᠴᠢᠩᠭᠠᠳᠬᠠᠬᠤ ᠪᠠᠷ ᠳᠠᠮᠵᠢᠭᠤᠯᠤᠨ᠂ ᠨᠡᠶᠢᠭᠡᠮ ᠲᠣᠭᠤᠷᠢᠭ ᠤᠨ ︽ᠦᠨᠳᠦᠰᠦᠲᠡᠨ ᠤ ᠪᠦᠯᠬᠦᠮᠳᠡᠯ︾ ᠤᠨ ᠨᠠᠮ ᠤᠨ ᠪᠠᠶᠢᠭᠤᠯᠤᠯᠲᠠ ᠶᠢᠨ ᠨᠠᠷᠠᠲᠤ ᠲᠡᠮᠳᠡᠭᠲᠦ ᠶᠢᠨ ᠳᠠᠪᠠᠭᠤᠯᠢᠭ ᠢ ᠠᠭᠤᠳᠠᠯᠵᠤ᠂ ᠦᠨᠳᠦᠰᠦᠨ ᠱᠠᠲᠤᠨ ᠤ ᠡᠮᠡᠭᠲᠡᠶᠢᠴᠦᠳ ᠤᠨ ᠬᠦᠴᠦᠨ ᠴᠢᠳᠠᠯ ᠢ ᠨᠢᠭᠲᠠᠷᠠᠭᠤᠯᠤᠨ᠂ ᠣᠯᠠᠨ ᠲᠦᠮᠡᠨ ᠤ ᠬᠦᠷᠲᠡᠮᠵᠢ ᠶᠢᠨ ᠲᠥᠷᠥᠭᠳᠡᠯ᠂ ᠵᠣᠯ ᠵᠢᠷᠭᠠᠯᠲᠤ ᠲᠥᠷᠥᠭᠳᠡᠯ ᠢ ᠲᠠᠰᠤᠷᠠᠯᠲᠠ ᠥᠬᠡᠶ ᠲᠡᠭᠡᠭᠰᠢᠯᠡᠬᠦᠯᠵᠦ ᠪᠤᠢ᠃  ︽ᠮᠠᠨ ᠤ ᠢᠰᠡᠬᠡᠢ ᠣᠷᠠᠯᠠᠯ ᠤᠨ ᠠᠵᠢᠯᠯᠬᠠᠣ ᠦᠷᠣᠬᠡ ᠨᠢ ᠲᠣᠬᠳᠠᠮᠠᠯ ᠪᠣᠰᠣ ᠬᠤᠭᠤᠴᠠᠭ᠎ᠠ ᠪᠠᠷ ᠰᠠᠭᠤᠭᠠᠯᠢ ᠲᠣᠭᠤᠷᠢᠭ ᠤᠨ ᠡᠯ᠎ᠡ ᠦᠨᠳᠣᠰᠣᠳᠠᠨ ᠤ ᠠᠷᠠᠳ ᠲᠦᠮᠡᠨ ᠳᠤ ᠦᠨ᠎ᠠ ᠲᠦᠯᠣᠪᠣᠷᠢ ᠦᠬᠡᠢ ᠪᠠᠷ ᠢᠰᠡᠬᠡᠢ ᠣᠷᠠᠯᠠᠯ ᠤᠨ ᠣᠷ᠎ᠠ ᠮᠡᠷᠬᠡᠵᠢᠯ ᠢ ᠵᠢᠭᠠᠨ ᠵᠢᠯᠣᠭᠤᠳᠴᠣ ᠦᠭᠳᠡᠭ᠂ ᠬᠤᠶᠢᠰᠢᠳᠠ ᠠᠵᠢᠯᠯᠠᠬᠤ ᠦᠷᠣᠬᠡ ᠪᠠᠨ ᠰᠠᠶᠢᠳᠣᠷ ᠬᠢᠵᠣ᠂ ᠰᠠᠭᠤᠭᠠᠯᠢ ᠠᠷᠠᠳ ᠤᠨ ᠨᠠᠰᠣᠳᠠᠶᠢᠴᠣᠳ ᠤᠨ ᠠᠵᠢᠯ ᠤᠨ ᠴᠢᠯᠣᠬᠡᠨ ᠤ ᠰᠣᠶᠣᠯ ᠤᠨ ᠠᠮᠢᠳᠣᠷᠠᠯ ᠢ ᠪᠠᠶᠠᠯᠢᠬᠵᠢᠭᠤᠯᠵᠣ᠂ ᠣᠯᠠᠮᠵᠢᠯᠠᠯᠳᠣ ᠰᠣᠶᠣᠯ ᠢᠶᠠᠨ ᠣᠯᠠᠮᠵᠢᠯᠠᠨ ᠬᠦᠭᠵᠢᠬᠦᠯᠵᠣ᠂ ᠰᠠᠭᠤᠭᠠᠯᠢ ᠠᠷᠠᠳ ᠤᠨ ᠬᠢᠨ ᠣᠷᠣᠯᠭ᠎ᠠ ᠶᠢ ᠨᠡᠮᠡᠭᠳᠡᠬᠦᠯᠬᠦ ᠪᠠᠷ ᠴᠢᠷᠮᠠᠶᠢᠨ᠎ᠠ︾ ᠭᠡᠵᠤ ᠬᠠᠰᠢᠶᠠᠳᠣ ᠨᠡᠶᠢᠬᠡᠮ ᠲᠣᠭᠤᠷᠢᠭ ᠤᠨ ᠨᠡᠮ ᠤᠨ ᠡᠬᠦᠷ ᠤᠨ ᠲᠡᠳ᠋ ᠱᠦᠵᠢ ᠰᠣᠯᠣᠩᠭ᠎ᠠ ᠶᠠᠷᠢᠯ᠎ᠠ
 
ᠢᠷᠡᠯᠲᠡ᠄ ᠬᠠᠰᠢᠶᠠᠳᠦ ᠨᠡᠶᠢᠭᠡᠮ ᠲᠤᠭᠤᠷᠢᠭ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号