ᠤᠯᠠᠮᠵᠢᠯᠠᠯᠲᠤ ᠴᠠᠭᠠᠨ ᠢᠳᠡᠭᠡ ᠨᠢ ᠲᠠᠯ᠎ᠠ ᠨᠤᠲᠤᠭ ᠤᠨ ᠦᠪ ᠰᠣᠶᠣᠯ ᠤᠨ ᠴᠢᠬᠤᠯᠠ ᠪᠦᠷᠢᠯᠳᠦᠬᠦᠨ ᠬᠡᠰᠡᠭ ᠪᠦᠭᠡᠳ | ᠰᠢᠮ᠎ᠡ ᠪᠦᠷᠢᠨ᠂ ᠠᠮᠲᠠ ᠰᠠᠶᠢᠬᠠᠨ ᠪᠠᠶᠢᠳᠠᠭ ᠥᠪᠡᠷᠮᠢᠴᠡ ᠤᠨᠴᠠᠯᠢᠭ ᠢᠶᠠᠷ ᠢᠶᠠᠨ ᠬᠡᠷᠡᠭᠯᠡᠭᠴᠢᠳ ᠤᠨ ᠬᠦᠷᠢᠶᠡᠯᠡᠯ ᠢ ᠤᠯᠳᠠᠭ | ᠃ ᠬᠦᠪᠡᠭᠡᠳᠦ ᠰᠢᠷ᠎ᠠ ᠬᠤᠰᠢᠭᠤᠨ ᠤ ᠬᠤᠰᠢᠭᠤ ᠲᠡᠰ ᠤᠨ ᠴᠠᠭᠠᠨ ᠢᠳᠡᠭᠡᠨ ᠤ ᠪᠣᠳᠠᠰ ᠤᠨ ᠪᠤᠰᠤ ᠰᠣᠶᠣᠯ ᠤᠨ ᠥᠪ ᠤᠨ | ᠤᠯᠠᠮᠵᠢᠯᠠᠭᠴᠢ ᠰᠤᠶᠤᠯᠴᠢᠮᠡᠭ ᠤᠯᠠᠮᠵᠢᠯᠠᠯᠲᠤ ᠴᠠᠭᠠᠨ ᠢᠳᠡᠭᠡᠨ ᠢᠶᠠᠨ ᠡᠳ᠋ᠰᠢᠬᠦᠯᠦᠨ ᠪᠤᠷᠤᠯᠠᠭᠤᠯᠵᠤ ᠬᠡᠪᠴᠢᠶᠡᠵᠢᠬᠦᠯᠦᠨ | ᠡᠵᠡᠩᠨᠡᠬᠦ ᠶᠢᠨ ᠬᠠᠮᠲᠦ ᠴᠠᠬᠠᠷ ᠴᠠᠭᠠᠨ ᠢᠳᠡᠭᠡᠨ ᠤ ᠰᠣᠶᠣᠯ ᠢᠶᠠᠨ ᠤᠯᠠᠮᠵᠢᠯᠠᠨ ᠲᠡᠯᠬᠡᠷᠡᠬᠦᠯᠵᠣ᠂ ᠤᠯᠠᠨ ᠲᠦᠮᠡᠨ ᠤ | ᠮᠠᠭᠳᠠᠭᠠᠯ ᠰᠠᠶᠢᠰᠢᠶᠠᠯ ᠢ ᠤᠯᠵᠤ ᠪᠣᠢ᠃ | ᠬᠦᠪᠡᠭᠡᠳᠦ ᠰᠢᠷ᠎ᠠ ᠬᠤᠰᠢᠭᠤᠨ ᠤ ᠦᠨᠳᠦᠰᠦᠳᠡᠨ ᠤ ᠤᠯᠠᠮᠵᠢᠯᠠᠯᠳᠤ ᠴᠠᠭᠠᠨ ᠢᠳᠡᠭᠡᠨ ᠤ ᠠᠵᠤ ᠦᠢᠯᠡᠰ ᠤᠨ | ᠲᠤᠭᠤᠷᠢᠭ ᠤᠨ ︽ᠪᠢᠯᠬᠠᠭ᠎ᠠ︾ ᠴᠠᠭᠠᠨ ᠢᠳᠡᠭᠡᠨ ᠤ ᠲᠡᠯᠭᠡᠭᠦᠷ ᠤᠨ ᠪᠤᠯᠪᠠᠰᠤᠷᠠᠭᠤᠯᠬᠤ ᠲᠠᠰᠤᠭ ᠲᠤ ᠰᠤᠶᠤᠯᠴᠢᠮᠡᠭ | ᠬᠤᠷᠤᠳ ᠢᠶᠠᠨ ᠬᠢᠵᠦ ᠶᠠᠭᠠᠷᠠᠵᠣ ᠪᠠᠶᠢᠯ᠎ᠠ᠃ ᠤᠤᠯ ᠨᠢ ᠡᠳᠡᠨᠡᠶᠢᠬᠢᠨ ᠰᠠᠭᠠᠯᠢ ᠶᠢᠨ ᠦᠨᠢᠶ᠎ᠡ ᠮᠠᠯᠵᠢᠵᠣ᠂ ᠴᠠᠭᠠᠨ ᠢᠳᠡᠭᠡᠨ | ᠬᠢᠵᠦ᠂ ᠬᠤᠰᠢᠭᠤᠨ ᠳᠤ ᠠᠪᠴᠢᠷᠠᠵᠣ ᠪᠣᠷᠣᠯᠠᠭᠤᠯᠵᠣ ᠪᠠᠶᠢᠬᠰᠠᠨ ᠢᠶᠠᠨ ᠰᠡᠭᠦᠯᠡᠷ ᠨᠢ ᠬᠤᠰᠢᠭᠤᠨ ᠲᠦᠪ ᠤᠷᠤᠵᠤ ᠦᠢᠯᠡᠰ | ᠪᠤᠰᠬᠠᠨ 2010 ᠤᠨ ᠤ 7 ᠰᠠᠷ᠎ᠠ ᠳᠤ ︽ᠪᠢᠯᠬᠠᠭ᠎ᠠ︾ ᠴᠠᠭᠠᠨ ᠢᠳᠡᠭᠡᠨ ᠤ ᠲᠡᠯᠭᠡᠭᠦᠷ ᠢᠶᠠᠨ ᠲᠠᠩᠰᠠᠯᠠᠭᠤᠯᠤᠭᠰᠠᠨ | ᠪᠠᠶᠢᠨ᠎ᠠ᠃ ᠠᠷᠪᠠᠭᠠᠳ ᠵᠢᠯ ᠤᠨ ᠰᠢᠷᠭᠠᠭᠤ ᠴᠢᠷᠮᠠᠶᠢᠯᠭ᠎ᠠ ᠪᠠᠷ ᠰᠤᠶᠤᠯᠴᠢᠮᠡᠭ ᠴᠠᠭᠠᠨ ᠢᠳᠡᠭᠡᠨ ᠤ ᠲᠡᠯᠭᠡᠭᠦᠷ ᠤᠨ ᠬᠡᠪᠴᠢᠶ᠎ᠡ | ᠪᠠᠨ ᠦᠷᠭᠡᠳᠭᠡᠵᠤ ᠪᠤᠷᠤᠯᠠᠭᠤᠯᠭ᠎ᠠ ᠪᠠᠨ ᠨᠡᠮᠡᠭᠳᠡᠬᠦᠯᠦᠨ᠂ ᠴᠠᠭᠠᠨ ᠢᠳᠡᠭᠡᠨ ᠤ ᠠᠵᠤ ᠦᠢᠯᠡᠰ ᠡᠷᠬᠢᠯᠡᠭᠴᠢᠳ ᠤᠨ | ᠲᠦᠯᠦᠭᠡᠯᠡᠭᠴᠢ ᠴᠢᠨᠠᠷᠲᠠᠢ ᠡᠵᠡᠩᠨᠡᠭᠴᠢ ᠪᠤᠯᠤᠭᠰᠠᠨ ᠠᠴᠠ ᠬᠦᠪᠡᠭᠡᠳᠤ ᠰᠢᠷ᠎ᠡ ᠬᠤᠰᠢᠭᠤᠨ ᠤ ᠦᠨᠳᠦᠰᠦᠳᠡᠨ ᠤ | ᠤᠯᠠᠮᠵᠢᠯᠠᠯᠳᠤ ᠴᠠᠭᠠᠨ ᠢᠳᠡᠭᠡᠨ ᠤ ᠠᠵᠤ ᠦᠢᠯᠡᠰ ᠤᠨ ᠲᠤᠭᠤᠷᠢᠭ ᠲᠤ ᠰᠠᠭᠤᠷᠢᠰᠢᠨ᠂ ᠴᠠᠭᠠᠨ ᠢᠳᠡᠭᠡᠨ ᠤ ᠠᠵᠤ | ᠦᠢᠯᠡᠰ ᠡᠷᠬᠢᠯᠡᠬᠦ ᠨᠡᠩ ᠰᠢᠯᠢᠳᠡᠭ ᠤᠷᠴᠢᠨ ᠨᠦᠬᠦᠴᠡᠯ ᠢ ᠪᠦᠷᠢᠯᠳᠦᠬᠦᠯᠦᠭᠰᠡᠨ ᠪᠠᠶᠢᠨ᠎ᠡ᠃ ︽ᠠᠵᠤ ᠦᠢᠯᠡᠰ ᠤᠨ | ᠲᠤᠭᠤᠷᠢᠭ ᠤᠨ ᠨᠦᠬᠦᠴᠡᠯ ᠰᠠᠶᠢᠨ︔ ᠴᠠᠭᠠᠨ ᠢᠳᠡᠭᠡᠨ ᠪᠤᠯᠪᠠᠰᠤᠷᠠᠭᠤᠯᠬᠤ ᠬᠡᠷ ᠪᠡ ᠮᠠᠰᠢᠨ ᠲᠦᠬᠦᠬᠡᠷᠣᠮᠵᠢ ᠶᠢ ᠬᠠᠩᠭᠠᠵᠣ | ᠦᠭᠬᠦᠭᠰᠠᠨ︔ ᠡᠨᠡ ᠨᠢ ᠴᠠᠭ ᠲᠤ ᠠᠷᠪᠢᠲᠠᠢ᠂ ᠬᠦᠮᠣᠨ ᠤ ᠬᠦᠴᠣᠨ ᠳᠤ ᠠᠷᠪᠢᠲᠠᠢ ᠶᠤᠮ︾ ᠭᠡᠵᠤ ᠪᠢᠯᠬᠠᠭ᠎ᠠ ᠴᠠᠭᠠᠨ | ᠢᠳᠡᠬᠡᠨ ᠤ ᠲᠡᠯᠬᠡᠬᠦᠷ ᠤᠨ ᠡᠵᠡᠨᠳᠠᠨ ᠰᠣᠶᠣᠯᠴᠢᠮᠡᠭ ᠶᠠᠷᠢᠯ᠎ᠠ᠃ | ᠣᠳᠣᠬᠠᠨ ᠳᠤ ︽ᠪᠢᠯᠬᠠᠭ᠎ᠠ︾ ᠴᠠᠭᠠᠨ ᠢᠳᠡᠬᠡᠨ ᠤ ᠳᠡᠯᠭᠡᠭᠦᠷ ᠨᠢ 30 ᠭᠠᠷᠣᠢ ᠲᠦᠷᠦᠯ ᠤᠨ ᠴᠠᠭᠠᠨ ᠢᠳᠡᠭᠡᠨ ᠤ | ᠪᠦᠳᠣᠬᠡᠭᠳᠡᠬᠦᠨ ᠪᠣᠷᠣᠯᠠᠭᠤᠯᠵᠤ᠂ ᠴᠣᠷ᠎ᠡ᠂ ᠰᠢᠷ᠎ᠠ ᠲᠣᠰᠣ᠂ ᠲᠦᠳᠠ᠂ ᠰᠠᠭᠠᠯᠢ ᠶᠢᠨ ᠠᠷᠢᠬᠢ᠂ ᠬᠤᠷᠤᠳ᠂ ᠥᠷᠥᠮ᠎ᠡ᠂ | ᠪᠢᠰᠢᠯᠠᠭ ᠵᠡᠷᠭᠡ ᠴᠠᠭᠠᠨ ᠢᠳᠡᠭᠡᠨ ᠤ ᠲᠦᠷᠦᠯ ᠨᠢ ᠪᠤᠷᠤᠯᠠᠭᠤᠯᠭ᠎ᠠ ᠪᠠᠷ ᠤᠨᠴᠠ ᠰᠠᠶᠢᠨ ᠪᠠᠶᠢᠨ᠎ᠠ᠃ ᠴᠠᠭᠠᠨ ᠢᠳᠡᠭᠡᠨ ᠤ | ᠪᠠᠨ ᠴᠢᠨᠠᠷ ᠴᠢᠨᠰᠠᠭ᠎ᠠ ᠶᠢ ᠪᠠᠳᠤᠯᠠᠵᠤ᠂ ᠲᠥᠷᠥᠯ ᠵᠥᠢᠯ ᠢ ᠨᠢ ᠨᠡᠮᠡᠭᠳᠡᠬᠦᠯᠬᠦ ᠶᠢᠨ ᠲᠥᠯᠥᠭᠡ ᠰᠤᠶᠤᠯᠴᠢᠮᠡᠭ ᠬᠠᠮᠢᠶ᠎ᠠ ᠪᠥᠬᠦᠢ | ᠮᠡᠷᠭᠡᠵᠢᠯ ᠤᠨ ᠪᠤᠯᠪᠠᠰᠤᠷᠠᠯ ᠳᠤ ᠪᠠᠶᠢᠡᠭᠭᠤ ᠤᠷᠤᠯᠴᠠᠳᠠᠭ ᠪᠦᠬᠡᠳ ᠠᠶᠢᠮᠠᠭ ᠤᠨ ᠤᠯᠠᠮᠵᠢᠯᠠᠯᠳᠤ ᠴᠠᠭᠠᠨ ᠢᠳᠡᠭᠡᠨ ᠤ | ᠤᠷᠤᠯᠳᠤᠭᠠᠨ ᠳᠤ ᠤᠯᠠᠨ ᠤᠳᠠᠭ᠎ᠠ ᠤᠷᠤᠯᠴᠠᠵᠤ᠂ ᠨᠢᠭᠡᠳᠤᠭᠡᠷ ᠲᠡᠰ ᠲᠤ ᠬᠤᠶᠠᠷ ᠤᠳᠠᠭ᠎ᠠ᠂ ᠬᠤᠶᠠᠳᠤᠭᠠᠷ ᠲᠡᠰ ᠲᠤ | ᠬᠤᠶᠠᠷ ᠤᠳᠠᠭ᠎ᠠ ᠳᠤᠳᠤᠷᠠᠵᠤ᠂ ᠬᠤᠰᠢᠭᠤ ᠳᠡᠰ ᠤᠨ ᠴᠠᠭᠠᠨ ᠢᠳᠡᠭᠡ ᠬᠢᠬᠦ ᠤᠷᠤᠯᠳᠤᠭᠠᠨ ᠳᠤ ᠤᠯᠠᠨ ᠤᠳᠠᠭ᠎ᠠ | ᠨᠢᠭᠡᠳᠤᠭᠡᠷ ᠲᠡᠰ ᠪᠠ ᠬᠤᠶᠠᠳᠤᠭᠠᠷ ᠲᠡᠰ ᠤᠨ ᠱᠠᠩᠨᠠᠯ ᠢᠶᠠᠷ ᠡᠩᠭᠡᠷ ᠢᠶᠠᠨ ᠮᠢᠯᠢᠶᠠᠯᠭᠠᠵᠤ ᠶᠠᠪᠤᠵᠠᠢ᠃ 2024 ᠤᠨ ᠳᠤ᠂ | ︽ᠪᠢᠯᠬᠠᠭ᠎ᠠ︾ ᠴᠠᠭᠠᠨ ᠢᠳᠡᠭᠡᠨ ᠤ ᠲᠡᠯᠭᠡᠭᠦᠷ ᠨᠢ ᠰᠢᠨ᠎ᠡ ᠨᠢᠭᠡ ᠡᠭᠡᠯᠵᠢ ᠶᠢᠨ ᠰᠢᠯᠢ ᠶᠢᠨ ᠭᠤᠤᠯ ᠴᠠᠭᠠᠨ ᠢᠳᠡᠬᠡᠨ ᠤ | ᠤᠷᠤᠨ ᠪᠦᠰᠡ ᠶᠢᠨ ᠨᠡᠶᠢᠳᠡ ᠶᠢᠨ ᠬᠡᠷᠡᠭᠯᠡᠭᠡᠨ ᠤ ᠲᠦᠷᠦᠯ ᠲᠡᠮᠳᠡᠭ ᠪᠠ ᠭᠠᠵᠠᠷ ᠵᠦᠢ ᠶᠢᠨ ᠢᠯᠡᠷᠬᠡᠶᠢᠯᠡᠯᠳᠤ ᠲᠠᠸᠠᠷ ᠤᠨ | ᠲᠡᠮᠳᠡᠭ ᠤᠨ ᠡᠷᠬᠡ ᠶᠢ ᠤᠯᠵᠤ᠂ ᠤᠳᠤ ᠵᠢᠯ ᠤᠨ ᠴᠡᠪᠡᠷ ᠤᠷᠤᠯᠭ᠎ᠠ ᠨᠢ 10 ᠲᠦᠮᠡ ᠶᠢ ᠲᠠᠪᠠᠵᠦ᠂ ᠴᠠᠭᠠᠨ ᠢᠳᠡᠬᠡᠨ ᠨᠢ | ᠱᠠᠨᠳᠦ᠋ᠩ᠂ ᠱᠠᠩᠬᠠᠶ᠂ ᠰᠧᠴᠤᠸᠠᠨ᠂ ᠾᠧᠪᠧᠶ ᠵᠡᠷᠭᠡ ᠮᠤᠵᠢ ᠬᠤᠲᠠ ᠳᠤ ᠬᠦᠷᠲᠡᠯ᠎ᠡ ᠪᠤᠷᠤᠯᠠᠭᠤᠯᠤᠭᠳᠠᠵᠤ᠂ ᠬᠡᠷᠡᠭᠯᠡᠭᠴᠢᠳ | ᠤᠨ ᠬᠠᠯᠠᠭᠤᠨ ᠬᠦᠷᠢᠶᠡᠯᠡᠯ ᠢ ᠤᠯᠵᠤ ᠪᠤᠢ᠃ ︽ᠡᠳᠡᠨ ᠤ ᠬᠤᠷᠤᠳ ᠨᠢ ᠬᠥᠪᠡᠭᠡᠲᠦ ᠰᠢᠷ᠎ᠠ ᠬᠤᠰᠢᠭᠤᠨ ᠳᠤ ᠨᠡᠯᠢᠶᠡᠳ | ᠨᠡᠷᠡᠳᠡᠢ︔ ᠪᠢ ᠬᠥᠬᠡᠬᠤᠲᠠ ᠳᠠᠭᠠᠨ ᠪᠤᠴᠠᠪᠠᠯ ᠡᠳᠡᠨ ᠤ ᠬᠢ ᠠᠴᠠ ᠬᠤᠷᠤᠳ ᠬᠤᠳᠠᠯᠳᠤᠨ ᠠᠪᠴᠤ ᠲᠦᠷᠦᠯ ᠰᠠᠳᠤᠨ | ᠨᠠᠶᠢᠵᠠ ᠨᠥᠬᠦᠳ ᠲᠡᠭᠡᠨ ᠦᠭᠳᠡᠭ︔ ᠢᠯᠠᠩᠭᠤᠶ᠎ᠠ ᠮᠢᠨᠦ ᠡᠵᠢ ᠡᠳᠡᠨ ᠤ ᠬᠤᠷᠤᠳ ᠪᠠ ᠴᠣᠷ᠎ᠡ ᠶᠢ ᠢᠳᠡᠬᠦ ᠳᠤᠷᠠᠲᠠᠶ | ᠪᠠᠶᠢᠳᠠᠭ︾ ᠭᠡᠵᠦ ᠬᠡᠷᠡᠭᠯᠡᠭᠴᠢ ᠸᠠᠩ ᠬᠤᠤ ᠶᠠᠷᠢᠯ᠎ᠠ᠃ | ᠰᠤᠶᠤᠯᠴᠢᠮᠡᠭ 2021 ᠣᠨ ᠳᠤ ᠬᠥᠪᠡᠭᠡᠲᠦ ᠰᠢᠷ᠎ᠠ ᠬᠤᠰᠢᠭᠤᠨ ᠤ ᠴᠠᠭᠠᠨ ᠢᠳᠡᠭᠡᠨ ᠤ ᠠᠵᠣ ᠦᠢᠯᠡᠰ ᠢ | ᠲᠦᠯᠬᠢᠨ ᠠᠬᠢᠭᠤᠯᠣᠬᠴᠢ ᠪᠠᠷ ᠦᠨᠡᠯᠡᠭᠳᠡᠵᠦ᠂ 2022 ᠣᠨ ᠳᠤ ᠬᠤᠰᠢᠭᠤ ᠲᠠᠰ ᠤᠨ ᠴᠠᠭᠠᠨ ᠢᠳᠡᠭᠡᠨ ᠤ ᠪᠣᠳᠠᠰ ᠤᠨ | ᠪᠤᠰᠤ ᠰᠣᠶᠣᠯ ᠤᠨ ᠥᠪ ᠤᠨ ᠤᠯᠠᠮᠵᠢᠯᠠᠭᠴᠢ ᠪᠠᠷ ᠰᠣᠩᠭᠤᠬᠳᠠᠬᠰᠠᠨ ᠪᠠᠶᠢᠨ᠎ᠠ᠃ ︽ᠬᠤᠵᠢᠮ ᠬᠤᠶᠢᠰᠢᠳᠠ ᠲᠢᠺ ᠲᠣᠺ᠂ | ᠬᠤᠷᠳᠣᠨ ᠭᠠᠷ ᠲᠡᠬᠡᠷ᠎ᠡ ᠰᠢᠭᠤᠳ ᠨᠡᠪᠳᠡᠷᠡᠬᠦᠯᠬᠡ ᠬᠢᠬᠦ ᠪᠠᠷ ᠲᠠᠮᠵᠢᠨ ᠨᠡᠩ ᠣᠯᠠᠨ ᠬᠦᠮᠣᠨ ᠳᠤ ᠴᠠᠭᠠᠨ ᠢᠳᠡᠭᠡᠨ ᠢᠶᠠᠨ | ᠲᠠᠨᠢᠭᠤᠯᠵᠤ᠂ ᠪᠣᠷᠣᠯᠠᠭᠤᠯᠭ᠎ᠠ ᠪᠠᠨ ᠦᠷᠬᠡᠳᠬᠡᠶᠠ ᠬᠡᠵᠣ ᠪᠣᠳᠣᠵᠣ ᠪᠠᠶᠢᠨ᠎ᠠ︾ ᠭᠡᠵᠤ ᠰᠣᠶᠣᠯᠴᠢᠮᠡᠭ ᠶᠠᠷᠢᠯ᠎ᠠ᠃ |