ᠨᠢᠭᠡ ᠵᠦᠢᠯ ᠤᠨ ᠰᠢᠳᠦ ᠶᠢ ᠤᠨᠠᠭᠠᠳᠠᠭ ᠡᠪᠡᠳᠴᠢᠨ
ᠨᠡᠶᠢᠲᠡᠯᠡᠭᠰᠡᠨ ᠴᠠᠭ᠄
2024/5/6
    ᠪᠤᠶᠢᠯᠠ ᠶᠢᠨ ᠦᠷᠪᠢᠰᠦᠯ ᠪᠣᠯ ᠪᠢᠳᠡᠨ ᠤ ᠰᠢᠳᠦ ᠶᠢ ᠠᠮᠠᠷᠬᠠᠨ ᠤᠨᠠᠭᠠᠳᠠᠭ ᠬᠡᠷᠡᠭ ᠤᠨ ᠡᠵᠡᠨ ᠶᠤᠮ︕  ᠡᠶᠢᠮᠦ ᠡᠪᠡᠳᠴᠢᠨ ᠢ ᠮᠠᠰᠢ ᠣᠯᠠᠨ ᠬᠥᠮᠦᠨ ᠵᠠᠯᠠᠭᠤ ᠪᠠᠶᠢᠬᠤ ᠳᠠᠭᠠᠨ ᠲᠡᠮᠡᠢ ᠠᠩᠬᠠᠷᠤᠯ ᠳᠠᠭᠠᠨ ᠠᠪᠳᠠᠭ ᠦᠭᠡᠢ᠂ ᠰᠢᠳᠦ ᠨᠢ ᠤᠨᠠᠭᠠᠳ ᠢᠷᠡᠬᠦ ᠲᠠᠢ ᠵᠡᠷᠭᠡ ᠰᠠᠶ᠋ᠢ ᠠᠩᠬᠠᠷᠤᠯ ᠳᠠᠭᠠᠨ ᠠᠪᠳᠠᠭ ᠪᠠᠶᠢᠨ᠎ᠠ᠂ ᠬᠡᠳᠡᠯ᠎ᠡ ᠡᠨᠡ ᠦᠶ᠎ᠡ ᠪᠤᠯᠬᠤ ᠳᠤ ᠨᠢᠭᠡᠨᠲᠡ  ᠤᠷᠤᠶᠢᠳᠠᠬᠰᠠᠨ ᠪᠠᠶᠢᠳᠠᠭ᠃ ᠪᠤᠶᠢᠯᠠ ᠶᠢᠨ ᠦᠷᠪᠢᠰᠦᠯ ᠨᠢ ᠰᠠᠶ᠋ᠢ ᠦᠷᠪᠢᠰᠬᠦ ᠦᠶ᠎ᠡ ᠳᠤ ᠮᠠᠰᠢ ᠤᠳᠠᠭᠠᠨ ᠪᠠᠶᠢᠳᠠᠭ ᠶᠤᠮ᠂ ᠰᠠᠶ᠋ᠢ ᠦᠷᠪᠢᠰᠬᠦ ᠦᠶ᠎ᠡ ᠶᠢᠨ ᠢᠯᠡᠷᠡᠯ ᠬᠡᠪᠡᠯ᠄ ᠪᠤᠶᠢᠯᠠ ᠵᠢᠭᠠᠬᠠᠨ ᠤᠯᠠᠶᠢᠬᠤ᠂ ᠰᠢᠳᠦ ᠪᠠᠨ ᠱᠤᠤᠠᠵᠠᠳᠠᠬᠤ ᠦᠶᠡᠰ ᠵᠢᠭᠠᠬᠠᠨ ᠴᠢᠰᠤ ᠭᠠᠷᠬᠤ ᠪᠤᠶᠤ ᠡᠰᠡᠬᠦᠯ᠎ᠡ ᠠᠯᠮᠤᠷᠠᠳ ᠢᠳᠡᠬᠦ ᠳᠤ ᠬᠠᠵᠠᠬᠰᠠᠨ ᠬᠡᠰᠡᠭ ᠲᠤᠨᠢ ᠴᠢᠰᠤᠨ ᠣᠷᠣ ᠦᠯᠡᠳᠡᠳᠡᠭ᠃ ᠰᠡᠭᠦᠯᠡᠷ ᠨᠢ ︵ᠣᠯᠠᠨ ᠵᠢᠯ᠂ ᠬᠡᠳᠦᠨ ᠠᠷᠪᠠᠨ ᠵᠢᠯ ᠤᠨ ᠲᠠᠷᠠᠭ᠎ᠠ︶᠂ ᠲᠠ ᠬᠡᠳᠦᠨ ᠰᠢᠳᠦ ᠬᠦᠳᠡᠯᠵᠦ᠂ ᠶᠠᠭᠤᠮ᠎ᠠ ᠵᠠᠵᠢᠯᠬᠤ ᠳᠤ ᠲᠡᠶᠢᠮᠦ ᠬᠦᠴᠦᠳᠡᠢ ᠪᠢᠰᠢ ᠪᠤᠯᠤᠬᠰᠠᠨ ᠪᠠ ᠵᠠᠷᠢᠮ ᠳᠠᠭᠠᠨ ᠱᠣᠷᠪᠣᠭ ᠡᠬᠡᠭᠦᠨ ᠢᠳᠡᠭᠡ ᠰᠢᠭᠦᠰᠦ ᠭᠠᠷᠳᠠᠭ ᠢ ᠬᠡᠨᠡᠳᠳᠡ ᠤᠯᠵᠤ ᠮᠡᠳᠡᠳᠡᠭ᠃ ᠡᠭᠦᠨ ᠠᠴᠠ ᠰᠡᠭᠦᠯᠡᠷ ᠨᠢ ᠰᠢᠳᠦ ᠴᠢᠨᠢ ᠬᠦᠳᠡᠯᠳᠡᠭ ᠎ ᠢᠶᠠᠷ ᠪᠠᠷᠠᠬᠤ ᠥᠬᠡᠶ᠂ ᠵᠠᠷᠢᠮ ᠳᠠᠭᠠᠨ ᠪᠠᠰᠠ ᠰᠢᠳᠦ ᠨᠢ ᠡᠪᠡᠳᠦᠳᠡᠭ︕ ᠡᠨᠡ ᠦᠶ᠎ᠡ ᠳᠤ ᠰᠢᠳᠦ ᠪᠠᠨ ᠡᠮᠨᠡᠯᠭᠡ ᠳᠤ ᠬᠦᠷᠴᠦ ᠦᠵᠡᠬᠦᠯᠬᠦ ᠦᠭᠡᠢ᠂ ᠵᠥᠪᠬᠡᠨ ᠡᠮ ᠤᠤᠭᠤᠵᠤ ᠡᠪᠡᠳᠬᠦ ᠶᠢ ᠵᠣᠭᠰᠣᠭᠠᠬᠤ ᠶᠢ ᠪᠤᠳᠤᠬᠤ ᠳᠤ ᠬᠦᠷᠪᠡᠯ᠂ ᠦᠨᠡᠨ ᠳᠡᠭᠡᠨ ᠶᠠᠮᠠᠷ ᠴᠤ ᠲᠤᠰᠠ ᠦᠭᠡᠢ ᠶᠤᠮ᠃ ᠰᠢᠳᠦᠨ ᠤ ᠤᠭ ᠨᠢ ᠢᠯᠡᠷᠡᠨ ᠭᠠᠷᠪᠠᠯ᠂  ᠰᠢᠳᠦ ᠬᠦᠳᠡᠯᠬᠦ ᠨᠢ ᠤᠯᠠᠮ ᠠᠴᠠ ᠤᠯᠠᠮ ᠬᠦᠨᠳᠦ ᠪᠤᠯᠤᠨ᠎ᠠ᠃            ᠪᠤᠶᠢᠯᠠ ᠶᠢᠨ ᠦᠷᠪᠢᠰᠦᠯ ᠢ ᠶᠠᠭᠠᠬᠢᠵᠤ ᠵᠠᠰᠠᠬᠤ ᠪᠣᠶ︖            1.ᠰᠢᠳᠦ ᠪᠠᠨ ᠤᠬᠢᠶᠠᠬᠤ            2. ᠪᠣᠬᠢᠷᠲᠤᠭᠰᠠᠨ ᠬᠡᠰᠡᠭ ᠢ ᠬᠤᠰᠤᠵᠤ ᠠᠷᠢᠯᠭᠠᠬᠤ            3. ᠪᠤᠶᠢᠯᠠ ᠶᠢᠨ ᠮᠡᠰᠡ ᠵᠠᠰᠠᠯ ᠬᠢᠯᠭᠡᠬᠦ             4. ᠡᠮ ᠢᠶᠠᠷ ᠵᠠᠰᠠᠬᠤ            5. ᠡᠯᠡᠭᠳᠡᠭᠰᠡᠨ ᠰᠢᠳᠦ ᠶᠢ ᠲᠡᠭᠰᠢᠯᠡᠵᠦ ᠵᠠᠰᠠᠬᠤ᠂ ᠪᠠᠬᠢᠯᠡᠵᠦ ᠲᠤᠬᠳᠠᠪᠤᠷᠢᠵᠢᠭᠤᠯᠬᠤ ᠪᠠ ᠰᠢᠳᠦ ᠶᠢ ᠦᠳᠡᠭᠡᠨ ᠠᠪᠬᠤ ᠪᠤᠶᠢᠯᠠ ᠶᠢᠨ ᠦᠷᠪᠢᠰᠦᠯ ᠤᠨ ᠰᠢᠰᠲ᠋ᠧᠮ ᠤᠨ ᠡᠮᠴᠢᠯᠡᠭᠡ ᠬᠢᠭᠰᠡᠨ ᠤ ᠳᠠᠷᠠᠭ᠎ᠠ᠂  ᠥᠪᠡᠷ ᠤᠨ  ᠠᠮᠠᠨ  ᠬᠥᠨᠳᠡᠶ ᠶᠢᠨ ᠡᠷᠡᠭᠦᠯ ᠬᠠᠮᠠᠭᠠᠯᠠᠯ ᠰᠠᠶᠢᠳᠤᠷ ᠬᠢᠬᠦ ᠪᠠ ᠲᠣᠭᠲᠠᠭᠰᠠᠨ ᠬᠤᠭᠤᠴᠠᠭ᠎ᠠ ᠳᠤ ᠳᠠᠬᠢᠨ ᠪᠠᠶᠢᠴᠠᠭᠠᠯᠲᠠ  ᠬᠢᠬᠦ ᠨᠢ ᠮᠦᠨ ᠠᠳᠠᠯᠢᠬᠠᠨ ᠴᠢᠬᠤᠯᠠ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号