2024 ᠣᠨ ᠤ ᠰᠢᠯᠢ ᠶᠢᠨ ᠭᠤᠤᠯ ᠤᠨ ᠠᠶᠢᠮᠠᠭ ᠤᠨ ᠮᠣᠩᠭᠤᠯ ᠮᠤᠷᠢᠠ ᠤ ᠬᠤᠯᠪᠣᠭᠠᠲᠤ ᠤᠷᠤᠯᠳᠤᠭᠠᠨ ᠤ ᠬᠥᠪᠡᠭᠡᠲᠦ ᠰᠢᠷ᠎ᠠ ᠬᠤᠰᠢᠭᠤᠨ ᠤ ᠣᠩᠭᠤᠨ ᠠᠭᠤᠯᠠ ᠰᠤᠮᠤᠠ ᠤ ᠬᠤᠪᠢᠶᠠᠷᠢ ᠲᠠᠯᠠᠪᠠᠢ ᠤᠷᠤᠯᠳᠤᠭᠠᠠ ᠠᠮᠵᠢᠯᠲᠠ ᠲᠠᠢ ᠶᠠᠪᠤᠭ᠊
ᠨᠡᠶᠢᠲᠡᠯᠡᠭᠰᠡᠨ ᠴᠠᠭ᠄
2024/6/17
     6 ᠰᠠᠷ᠎ᠠ ᠶᠢᠨ 13 ᠤ ᠡᠳᠦᠷ᠂ 2024 ᠣᠨ ᠤ ᠰᠢᠯᠢ ᠶᠢᠨ ᠭᠤᠤᠯ ᠤᠨ ᠠᠶᠢᠮᠠᠭ ᠤᠨ ᠮᠣᠩᠭᠤᠯ ᠮᠤᠷᠢᠠ ᠤ ᠬᠤᠯᠪᠣᠭᠠᠲᠤ ᠤᠷᠤᠯᠳᠤᠭᠠᠨ ᠤ ᠬᠥᠪᠡᠭᠡᠲᠦ ᠰᠢᠷ᠎ᠠ ᠬᠤᠰᠢᠭᠤᠨ ᠤ ᠣᠩᠭᠤᠨ ᠠᠭᠤᠯᠠ ᠰᠤᠮᠤᠠ ᠤ ᠬᠤᠪᠢᠶᠠᠷᠢ ᠲᠠᠯᠠᠪᠠᠢ ᠶᠢᠨ ᠤᠷᠤᠯᠳᠤᠭᠠᠠ ᠰᠢᠨ᠎ᠡ ᠰᠤᠮᠤ ᠭᠠᠴᠠᠭᠠᠠ ᠤ ᠴᠠᠭᠠᠨ ᠬᠤᠳᠳᠤᠭ ᠬᠤᠲᠠ ᠳᠤ ᠠᠮᠵᠢᠯᠲᠠ ᠲᠠᠢ ᠶᠠᠪᠤᠭᠳᠠᠪᠠ᠃ ᠵᠠᠰᠠᠭ ᠤᠨ ᠣᠷᠳᠣᠨ ᠤ ᠳᠡᠳ᠋ ᠬᠤᠰᠢᠭᠤ ᠳᠠᠷᠤᠭ᠎ᠠ ᠤᠶᠤᠨᠲᠤ᠂ ᠬᠤᠰᠢᠭᠤ ᠰᠣᠶᠣᠯ ᠪᠡᠶ᠎ᠡ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ᠂ ᠤᠩᠭᠤᠨ ᠠᠭᠤᠯᠠ ᠰᠤᠮᠤᠠ ᠤ ᠬᠠᠮᠢᠶ᠎ᠠ ᠪᠥᠬᠦᠶ ᠬᠠᠷᠢᠭᠤᠴᠠᠯᠭᠠᠲᠠᠨ ᠮᠣᠷᠢᠨ ᠤᠷᠤᠯᠳᠤᠭᠠᠨ ᠤ ᠠᠵᠢᠯᠯᠠᠭ᠎ᠠ ᠳᠤ ᠣᠷᠣᠯᠴᠠᠵᠠᠶ᠃     ᠲᠤᠰ ᠲᠠᠯᠠᠪᠠᠢ ᠤᠷᠤᠯᠳᠤᠭᠠᠨ ᠳᠤ 30 ᠺᠢᠯᠤᠮᠧᠲᠷ ᠤᠨ ᠬᠤᠯᠠ ᠶᠢᠨ ᠮᠤᠷᠢᠠ ᠤ ᠤᠷᠤᠯᠳᠤᠭᠠᠨ ᠪᠠ ᠬᠠᠮᠳᠥ ᠨᠢᠭᠡᠴᠡ ᠶᠢᠨ ᠭᠦᠴᠥᠠ ᠵᠠᠯᠭᠠᠬᠤ ᠤᠷᠤᠯᠳᠤᠭᠠᠨ ᠢ ᠲᠣᠬᠢᠷᠠᠭᠤᠯᠪᠠ᠃ ᠤᠷᠤᠯᠳᠤᠭᠠᠨ ᠤ ᠲᠤᠬᠠᠶ ᠶᠢᠨ ᠲᠠᠯᠠᠪᠤᠷ ᠲᠤ᠂ ᠪᠥᠬᠦ ᠰᠤᠮᠤᠨ ᠤ 8 ᠭᠠᠴᠠᠭᠠᠨ ᠠᠴᠠ ᠢᠷᠡᠭᠰᠡᠨ 20 ᠭᠠᠷᠤᠶ ᠤᠶᠠᠭᠠᠴᠢᠤᠠ ᠤᠷᠤᠯᠳᠤᠭᠠᠨ ᠳᠤ ᠤᠷᠤᠯᠴᠠᠠ᠂ ᠰᠦᠷ ᠵᠢᠪᠬᠤᠭ᠎ᠠ ᠲᠠᠢ ᠪᠠᠷ ᠮᠤᠷᠢᠡ ᠳᠤ ᠪᠠᠨ ᠮᠤᠷᠳᠠᠵᠤ᠂ ᠠᠭᠲᠠ ᠭᠦᠯᠥᠭ ᠤᠨ ᠬᠤᠷᠳᠤᠠ ᠲᠠᠪᠬᠢᠭ᠎ᠠ ᠪᠠᠷ ᠤᠷᠤᠯᠳᠤᠭᠠᠨ ᠤ ᠲᠠᠯᠠᠪᠠᠶ ᠳᠤ ᠭᠠᠪᠰᠢᠭᠠᠶᠢᠯᠠᠨ ᠤᠷᠤᠯᠳᠤᠵᠠᠭᠠᠪᠠ᠃ ᠤᠷᠤᠯᠳᠤᠭᠠᠨ ᠤ ᠡᠴᠦᠰ ᠳᠤ 30 ᠺᠢᠯᠤᠮᠧᠲᠷ ᠤᠨ ᠬᠤᠯᠠ ᠶᠢᠨ ᠮᠤᠷᠢᠠ ᠤ ᠤᠷᠤᠯᠳᠤᠭᠠᠨ ᠤ ᠠᠶᠢᠷᠠᠭ ᠤᠨ 5 ᠶᠢ ᠰᠢᠯᠭᠠᠷᠠᠭᠤᠯᠵᠤ᠂ ᠤᠯᠠᠭᠠᠨ ᠨᠠᠭᠤᠷ ᠭᠠᠴᠠᠭᠠᠠ ᠤ ᠪᠢᠯᠢᠭᠲᠦ ᠶᠢᠨ ᠮᠣᠷᠢ ᠮᠠᠩᠯᠠᠶᠢᠯᠠᠵᠤ᠂ ᠨᠠᠶᠢᠷ ᠤᠨ ᠲᠣᠯᠤᠭᠠᠢ ᠭᠠᠴᠠᠭᠠᠨ ᠤ ᠵᠠᠮᠢᠶᠠᠠ ᠤ ᠮᠣᠷᠢ ᠳᠡᠳ᠋ᠯᠡᠵᠦ᠂ ᠪᠠᠶᠠᠨᠴᠠᠭᠠᠨ ᠨᠠᠭᠤᠷ ᠭᠠᠴᠠᠭᠠᠨ ᠤ ᠮᠦᠩᠬᠡ ᠶᠢᠨ ᠮᠣᠷᠢ ᠭᠤᠷᠪᠠᠳᠤᠭᠠᠷ ᠲᠤ ᠲᠤᠳᠤᠷᠠᠠ᠂ 30 ᠺᠢᠯᠤᠮᠧᠲᠷ ᠤᠨ ᠬᠠᠮᠳᠥ ᠨᠢᠭᠡᠴᠡ ᠶᠢᠨ ᠭᠦᠴᠥᠠ ᠵᠠᠯᠭᠠᠬᠤ ᠤᠷᠤᠯᠳᠤᠭᠠᠨ ᠳᠤ ᠡᠮᠦᠨ᠎ᠡ 3 ᠳᠤᠭᠤᠶᠢᠯᠠᠩ ᠢ ᠰᠢᠯᠭᠠᠷᠠᠭᠤᠯᠪᠠ᠃ ︽ᠡᠨᠡ ᠤᠳᠠᠭ᠎ᠠ ᠶᠢᠨ ᠮᠣᠷᠢᠨ ᠤ ᠤᠷᠤᠯᠳᠤᠭᠠᠨ ᠳᠤ ᠣᠷᠣᠯᠴᠠᠭᠰᠠᠨ ᠳᠠᠭᠠᠨ ᠮᠠᠰᠢ ᠪᠠᠶᠠᠷ ᠲᠠᠢ ᠪᠠᠶᠢᠨ᠎ᠠ︔ ᠪᠢ ᠮᠤᠷᠢ ᠤᠶᠠᠭᠠᠤᠠ ᠠᠷᠪᠠᠨ ᠬᠡᠳᠦᠨ ᠵᠢᠯ ᠪᠤᠯᠵᠤ ᠪᠠᠶᠢᠨ᠎ᠠ︔ ᠥᠨᠥᠳᠦᠷ ᠠᠩᠬ᠎ᠠ ᠤᠳᠠᠭ᠎ᠠ ᠲᠡᠷᠢᠭᠦᠡ ᠨᠡᠷ᠎ᠡ ᠳᠤ ᠲᠤᠳᠤᠷᠬᠠᠰᠠᠠ ᠳᠤ ᠪᠠᠨ ᠮᠠᠰᠢ ᠪᠠᠶᠠᠷᠳᠠᠢ ᠪᠠᠶᠢᠨ᠎ᠠ︾ ᠬᠡᠵᠥ ᠤᠯᠠᠭᠠᠨ ᠨᠠᠭᠤᠷ ᠭᠠᠴᠠᠭᠠᠠ ᠤ ᠪᠢᠯᠢᠭᠲᠦ ᠶᠠᠷᠢᠯ᠎ᠠ᠃     ᠡᠭᠦᠨ ᠤ ᠬᠠᠮᠲᠤ᠂ ᠲᠤᠬᠠᠶ ᠶᠢᠨ ᠲᠠᠯᠠᠪᠤᠷ ᠲᠤ ᠰᠢᠨ᠎ᠡ ᠰᠦᠮ᠎ᠡ ᠭᠠᠴᠠᠭᠠᠨ ᠤ ᠬᠡᠶᠢᠮᠥᠷᠢ ᠬᠠᠶᠢᠷᠬᠠᠠ ᠤ ᠲᠠᠪᠤᠳᠤᠭᠠᠷ ᠤᠳᠠᠭᠠᠠ ᠤ ᠣᠪᠣᠭᠠᠨ ᠲᠠᠬᠢᠯᠭ᠎ᠠ ᠶᠢᠨ ᠠᠵᠢᠯᠯᠠᠭ᠎ᠠ ᠶᠠᠪᠤᠠᠠᠳᠠᠵᠤ᠂ ᠠᠵᠢᠯᠯᠠᠭ᠎ᠠ ᠶᠢᠨ ᠲᠤᠬᠠᠶ ᠶᠢᠨ ᠲᠠᠯᠠᠪᠤᠷ ᠲᠤ ᠬᠥᠮᠦᠰ ᠬᠤᠷᠠᠨ ᠴᠤᠭᠯᠠᠷᠠᠵᠤ᠂ ᠬᠥᠷ ᠬᠥᠭᠵᠢᠶᠡᠨ ᠢᠶᠠᠷ ᠪᠢᠯᠬᠠᠵᠤ ᠪᠠᠶᠢᠪᠠ᠃ ᠠᠬᠤᠢ ᠲᠠᠯᠠᠪᠠᠢ ᠳᠤ ᠰᠤᠷ ᠬᠠᠷᠪᠤᠬᠤ᠂ ᠪᠥᠬᠡ ᠪᠠᠷᠢᠯᠳᠤᠬᠤ᠂ ᠰᠠᠶ᠋ᠢᠩ ᠤᠷᠬᠢᠬᠤ ᠤᠷᠤᠯᠳᠤᠭᠠᠨ ᠪᠠ ᠴᠠᠭᠠᠨ ᠢᠳᠡᠭᠡᠨ ᠤ ᠳᠡᠯᠭᠡᠨ ᠪᠤᠷᠤᠯᠠᠭᠤᠯᠭ᠎ᠠ ᠶᠢᠨ ᠠᠵᠢᠯᠯᠠᠭ᠎ᠠ ᠶᠢ ᠦᠷᠨᠢᠭᠦᠯᠵᠠᠢ᠃ ︽ᠪᠢᠳᠡ ᠳᠤᠯᠤᠭᠠᠭᠤᠯᠠ ᠪᠠᠨ ᠠᠳᠡ ᠢᠷᠡᠵᠠᠢ︔ ᠶᠠᠭ ᠰᠠᠶᠢᠬᠠᠨ ᠡᠨᠡ ᠮᠣᠩᠭᠤᠯ ᠮᠣᠷᠢᠨ ᠤ ᠬᠤᠯᠪᠣᠭᠠᠲᠤ ᠤᠷᠤᠯᠳᠤᠭᠠᠨ ᠶᠠᠪᠤᠠᠠᠳᠠᠬᠤ ᠲᠠᠢ ᠲᠠᠭᠠᠷᠠᠯᠳᠤᠵᠤ᠂ ᠡᠨᠡ ᠬᠦ ᠠᠵᠢᠯᠯᠠᠭ᠎ᠠ ᠨᠢ ᠪᠢᠳᠡᠨ ᠳᠤ ᠮᠠᠰᠢ ᠰᠠᠶᠢᠬᠠᠠ ᠲᠦᠷᠦᠭᠳᠡᠯ ᠥᠭᠴᠡᠢ︾  ᠭᠡᠵᠦ ᠪᠡᠭᠡᠵᠢᠩ ᠬᠤᠲᠠ ᠶᠢᠨ ᠵᠤᠭᠠᠴᠠᠭᠴᠢ ᠯᠥᠩ ᠨᠢᠶᠠᠨ ᠨᠠᠨ ᠶᠠᠷᠢᠯ᠎ᠠ᠃
 
ᠢᠷᠡᠯᠲᠡ᠄ ᠬᠥᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号