| — ᠬᠦᠪᠡᠭᠡᠳᠤ ᠰᠢᠷ᠎ᠠ ᠬᠤᠰᠢᠭᠤᠨ ᠤ ᠤᠩᠭᠤᠬᠠᠭᠤᠯᠠ ᠰᠤᠮᠤᠨ ᠤ ᠨᠠᠶᠢᠷ ᠤᠨ ᠲᠤᠯᠤᠭᠠᠢ ᠭᠠᠴᠠᠭᠠᠨ ᠤ | ᠤᠶᠠᠭᠠᠴᠢ ᠵᠠᠮᠢᠶᠠᠨᠵᠠᠪ ᠢ ᠲᠡᠮᠳᠡᠭᠯᠡᠪᠡ | | ᠬᠥᠯᠥᠭ ᠤᠨ ᠬᠤᠷᠳᠤᠨ ᠢ ᠰᠢᠨᠵᠢᠨ ᠲᠠᠨᠢᠵᠦ ᠤᠶᠠᠭ᠎ᠠ ᠰᠦᠢᠯᠭ᠎ᠠ ᠶᠢ ᠨᠢ ᠲᠡᠩᠴᠡᠭᠦᠯᠵᠦ ᠤᠷᠤᠯᠳᠤᠭᠠᠨ | ᠮᠥᠷᠦᠶᠢᠴᠡᠭᠡᠨ ᠳᠤ ᠤᠳᠤᠳᠠᠢ ᠬᠡᠶᠢᠮᠤᠷᠢ ᠲᠠᠢ ᠲᠠᠪᠬᠢᠭᠤᠯᠤᠨ ᠤᠶᠠᠭᠠᠴᠢ ᠬᠥᠮᠥᠨ ᠤ ᠤᠶᠢᠭ᠎ᠠ ᠦᠭᠡᠢ ᠬᠥᠳᠡᠯᠮᠤᠷᠢ ᠪᠠᠷ | ᠰᠢᠷᠭᠠᠭᠤ ᠵᠢᠳᠬᠦᠵᠦ ᠶᠠᠪᠤᠭ᠎ᠠ ᠵᠠᠯᠠᠭᠤ ᠤᠶᠠᠭᠠᠴᠢ ᠵᠠᠮᠢᠶᠠᠨᠵᠠᠪ ᠪᠤᠯ ᠬᠦᠪᠡᠭᠡᠳᠤ ᠰᠢᠷ᠎ᠠ ᠬᠤᠰᠢᠭᠤᠨ ᠤ ᠤᠩᠭᠤᠬᠠᠭᠤᠯᠠ | ᠰᠤᠮᠤᠨ ᠤ ᠨᠠᠶᠢᠷ ᠤᠨ ᠲᠤᠯᠤᠭᠠᠢ ᠭᠠᠴᠠᠭᠠᠨ ᠤ ᠮᠠᠯᠴᠢᠨ ᠶᠤᠮ᠃ ᠠᠷᠪᠠᠨ ᠨᠠᠰᠤᠨ ᠠᠴᠠ ᠪᠠᠨ ᠬᠤᠷᠳᠤᠨ ᠮᠤᠷᠢᠨ ᠤ | ᠨᠢᠷᠤᠭᠤᠨ ᠳᠤ ᠵᠠᠶᠢᠳᠠᠯᠠᠵᠤ ᠤᠰᠤ ᠨᠤᠳᠤᠭ ᠤᠨ ᠢᠶᠠᠨ ᠨᠠᠶᠢᠷ ᠨᠠᠭᠠᠳᠤᠮ ᠢᠶᠠᠷ ᠤᠯᠠᠨᠳᠠ ᠱᠠᠩ ᠬᠡᠰᠢᠭ ᠬᠥᠷᠳᠡᠵᠦ ᠶᠠᠪᠤᠭᠰᠠᠨ | ᠲᠠᠷᠠ ᠮᠤᠷᠢᠨ ᠳᠤ ᠠᠷᠭ᠎ᠠ ᠦᠭᠡᠢ ᠬᠤᠷᠤᠬᠠᠶᠢᠳᠠᠢ ᠪᠤᠯᠵᠦ᠂ ᠬᠤᠷᠢᠨ ᠬᠡᠳᠦᠨ ᠨᠠᠰᠤᠨ ᠠᠴᠠ ᠪᠠᠨ ᠪᠡᠶ᠎ᠡ ᠪᠠᠨ ᠲᠠᠭᠠᠭᠠᠵᠦ | ᠮᠤᠷᠢ ᠤᠶᠠᠵᠦ ᠬᠤᠷᠳᠤᠯᠠᠭᠤᠯᠤᠨ᠂ ᠤᠳᠤ ᠪᠤᠯᠬᠤ ᠳᠤ ᠠᠷᠪᠠᠭᠠᠳ ᠵᠢᠯ ᠮᠤᠷᠢ ᠤᠶᠠᠭᠰᠠᠨ ᠲᠤᠷᠰᠢᠯᠭ᠎ᠠ ᠲᠠᠢ ᠬᠠᠰᠢᠷ | ᠤᠶᠠᠭᠠᠴᠢ ᠪᠤᠯᠵᠦ᠂ ᠤᠯᠠᠨ ᠰᠠᠶᠢᠬᠠᠨ ᠬᠤᠷᠳᠤᠨ ᠮᠤᠷᠢ ᠪᠠᠷ ᠢᠶᠠᠨ ᠤᠰᠤ ᠨᠤᠳᠤᠭ ᠤᠨ ᠢᠶᠠᠨ ᠠᠯᠳᠠᠷ ᠢ ᠡᠷᠭᠦᠵᠦ ᠶᠠᠪᠤᠨ᠎ᠠ᠃ | | ᠮᠤᠷᠢᠳᠠᠢ ᠮᠠᠯ ᠳᠤ ᠪᠠᠨ ᠶᠠᠪᠤᠬᠤ᠂ ᠬᠦᠳᠡᠭᠡ ᠲᠠᠯ᠎ᠠ ᠪᠠᠷ ᠰᠠᠯᠬᠢ ᠲᠠᠳᠠᠭᠤᠯᠤᠨ ᠲᠠᠪᠬᠢᠬᠤ᠂ ᠮᠤᠷᠢ ᠤᠶᠠᠵᠤ | ᠤᠷᠤᠯᠳᠤᠭᠠᠨ ᠳᠤ ᠤᠷᠤᠯᠴᠠᠬᠤ᠂ ᠮᠤᠷᠢ ᠲᠠᠢ ᠰᠢᠨᠡᠯᠡᠬᠦ ᠁ ᠵᠠᠮᠢᠶᠠᠨᠵᠠᠪ ᠲᠤ ᠠᠪᠴᠤ ᠬᠡᠯᠡᠪᠡᠯ᠂ ᠡᠴᠢᠨᠡᠨ ᠵᠢᠯ ᠤᠨ | ᠲᠤᠷᠰᠢ ᠮᠤᠷᠢ ᠲᠡᠭᠦᠨ ᠤ ᠠᠮᠢᠳᠤᠷᠠᠯ ᠠᠴᠠ ᠰᠠᠯᠵᠤ ᠦᠡᠭᠭᠡᠷᠡᠭᠡ ᠦᠭᠡᠢ ᠲᠠᠶᠢᠴᠢᠡ ᠬᠠᠨᠢ ᠬᠡᠮᠡᠷ᠃ ᠲᠡᠭᠦᠨ ᠤ ᠮᠤᠷᠢ | ᠤᠨᠤᠵᠤ᠂ ᠮᠤᠷᠢᠨ ᠳᠤ ᠪᠠᠭ᠋ᠠᠳᠠᠢ ᠪᠤᠯᠤᠭᠰᠠᠨ ᠲᠡᠤᠬᠡ ᠶᠢ ᠶᠠᠷᠢᠪᠠᠯ᠂ ᠲᠡᠭᠦᠨ ᠤ ᠠᠪᠠᠭ᠎ᠠ ᠠᠪᠤ ᠰᠡᠴᠡᠨᠪᠢᠯᠢᠭ ᠢ ᠲᠤᠷᠠᠳᠬᠤ | ᠶᠤᠰᠤᠳᠠᠢ᠃ ᠰᠡᠴᠡᠨᠪᠢᠯᠢᠭ ᠠᠷᠪᠠᠨ ᠬᠡᠳᠦᠬᠡᠨ ᠨᠠᠰᠤᠳᠠᠢ ᠪᠡᠶ᠎ᠡ ᠪᠠᠨ ᠲᠠᠭᠠᠭᠠᠵᠤ ᠮᠤᠷᠢ ᠤᠶᠠᠨ᠂ ᠵᠠᠯᠠᠭᠤ ᠨᠠᠰᠤᠨ ᠠᠴᠠ ᠪᠠᠨ | ᠤᠯᠠᠨ ᠮᠤᠷᠢ ᠬᠤᠷᠳᠤᠯᠠᠭᠤᠯᠵᠤ᠂ ᠲᠡᠭᠦᠨ ᠤ ᠤᠶᠠᠭᠰᠠᠨ ᠭᠤᠷᠪᠠᠨ ᠬᠦᠷᠡᠩ ᠮᠤᠷᠢ ᠪᠤᠯᠤᠨ ᠪᠤᠷᠤ ᠮᠤᠷᠢ ᠨᠢ ᠠᠶᠢᠮᠠᠭ | ᠬᠤᠰᠢᠭᠤᠨ ᠤ ᠨᠠᠶᠢᠷ ᠨᠠᠭᠠᠳᠤᠮ ᠢᠶᠠᠷ ᠤᠯᠠᠨ ᠤᠳᠠᠭ᠎ᠠ ᠦᠨᠳᠦᠷ ᠠᠮᠵᠢᠯᠳᠠ ᠤᠯᠵᠤ᠂ ᠬᠤᠰᠢᠭᠤ ᠠᠯᠳᠠᠷᠳᠠᠢ ᠤᠶᠠᠭᠠᠴᠢ | ᠴᠤᠯᠠ ᠲᠠᠢ ᠶᠠᠪᠤᠭᠰᠠᠨ ᠶᠤᠮ᠃ ᠤᠳᠤ ᠬᠡᠳᠦᠶᠢᠪᠡᠷ ᠲᠠᠪᠢ ᠭᠠᠷᠤᠭᠰᠠᠨ ᠪᠤᠯᠪᠠᠴᠤ ᠮᠦᠨ ᠯᠡ ᠡᠳᠦᠷᠵᠢᠨ ᠮᠤᠷᠢ | ᠤᠨᠤᠭ᠎ᠠ ᠲᠠᠢ ᠪᠠᠨ ᠨᠤᠴᠤᠯᠳᠤᠵᠤ᠂ ᠠᠬᠳᠠ ᠬᠦᠯᠦᠭ ᠢᠶᠠᠷ ᠢᠶᠠᠨ ᠪᠠᠭ᠋ᠠᠷᠬᠠᠠ᠂ ᠬᠡᠶᠢᠮᠤᠷᠢ ᠪᠠᠨ ᠰᠡᠷᠬᠦᠬᠡᠵᠦ ᠶᠠᠪᠤᠨ᠎ᠠ᠃ | ᠬᠠᠷᠠᠬᠠᠨ ᠪᠠᠭ᠎ᠠ ᠠᠴᠠ ᠪᠠᠨ ᠠᠪᠠᠭ᠎ᠠ ᠠᠪᠤ ᠪᠠᠨ ᠲᠠᠭᠠᠵᠤ᠂ ᠮᠤᠷᠢ ᠡᠳ᠋ᠯᠡᠵᠤ ᠰᠤᠷᠭᠠᠬᠤ ᠳᠤᠨᠢ ᠬᠠᠪᠰᠤᠷᠴᠤ᠂ ᠮᠤᠷᠢ ᠲᠠᠢ | ᠤᠶᠢᠷᠠᠳᠴᠤ᠂ ᠮᠤᠷᠢ ᠭᠡᠳᠡᠭ ᠭᠠᠶᠢᠬᠠᠮᠰᠢᠭᠳᠤ ᠠᠮᠢᠳᠠᠨ ᠲᠠᠢ ᠬᠠᠨᠢᠯᠠᠭᠰᠠᠨ ᠵᠠᠮᠢᠶᠠᠨᠵᠠᠪ 10 ᠨᠠᠰᠤᠨ ᠠᠴᠠ ᠪᠠᠨ ᠮᠤᠷᠢ | ᠤᠨᠤᠵᠤ᠂ ᠤᠯᠠᠨ ᠤᠳᠠᠭ᠎ᠠ ᠤᠷᠤᠯᠳᠤᠭᠠᠨ ᠳᠤ ᠤᠷᠤᠯᠴᠠᠨ᠂ ᠠᠷᠪᠠ ᠭᠠᠷᠤᠢ ᠤᠳᠠᠭ᠎ᠠ ᠠᠶᠢᠷᠠᠭᠳᠠᠵᠤ ᠪᠠᠶᠢᠵᠠᠢ᠃ ︽ | 1998 ᠤᠨ ᠳᠤ ᠪᠢ ᠠᠩᠬ᠎ᠠ ᠤᠳᠠᠭ᠎ᠠ ᠮᠤᠷᠢ ᠤᠨᠤᠵᠤ ᠤᠷᠤᠯᠳᠤᠭᠠᠨ ᠳᠤ ᠤᠷᠤᠯᠴᠠᠭᠰᠠᠨ ᠮᠠᠨᠢ ᠮᠠᠷᠳᠠᠭᠳᠠᠰᠢ ᠦᠭᠡᠢ | ᠲᠤᠷᠠᠳᠬᠠᠯ ᠪᠤᠯᠵᠠᠢ᠃ ᠲᠡᠷᠡ ᠤᠳᠠᠭ᠎ᠠ ᠬᠡᠳᠦᠶᠢᠪᠡᠷ ᠲᠡᠰ ᠳ᠋ᠤᠭᠠᠷ ᠲᠤ ᠤᠷᠤᠭᠰᠠᠨ ᠦᠭᠡᠢ ᠪᠤᠯᠪᠠᠴᠤ ᠤᠷᠤᠯᠳᠤᠭᠠᠨ ᠤ | ᠲᠠᠯᠠᠪᠠᠢ ᠳᠤ ᠤᠯᠠᠨ ᠠᠷᠪᠢᠨ ᠬᠤᠷᠳᠤᠨ ᠬᠦᠯᠦᠭ ᠤᠳ ᠢ ᠬᠠᠷᠠᠵᠤ᠂ ᠬᠠᠰᠢᠷ ᠤᠨᠤᠭᠠᠴᠢᠳ ᠲᠠᠢ ᠬᠦᠯᠦᠭ ᠤᠨ ᠬᠤᠷᠳᠤ | ᠰᠢᠨᠳᠠᠰᠤ ᠰᠢᠯᠭᠠᠵᠤ᠂ ᠲᠡᠳᠡᠨᠡᠷ ᠤᠨ ᠮᠤᠷᠢᠨ ᠤ ᠪᠠᠨ ᠡᠪ ᠢ ᠤᠯᠵᠤ᠂ ᠤᠶᠠᠭᠰᠠᠨ ᠡᠵᠡᠨ ᠤᠨᠤᠭᠰᠠᠨ ᠤᠨᠤᠭᠠᠴᠢ ᠪᠤᠯᠤᠨ | ᠬᠤᠷᠳᠤᠨ ᠬᠦᠯᠦᠭ ᠨᠢ ᠮᠠᠰᠢ ᠰᠠᠶᠢᠬᠠᠨ ᠵᠤᠬᠢᠴᠠᠯᠳᠤᠵᠤ ᠪᠠᠶᠢᠬᠤ ᠶᠢ ᠬᠠᠷᠠᠭᠠᠳ ᠶᠡᠭᠡ ᠰᠡᠳᠬᠢᠯ ᠬᠦᠳᠡᠯᠵᠤ᠂ ᠮᠤᠩᠭᠤᠯ | ᠬᠦᠮᠦᠨ ᠪᠤᠯᠤᠨ ᠮᠤᠷᠢᠨ ᠤ ᠬᠠᠷᠢᠴᠠᠭ᠎ᠠ ᠶᠢ ᠶᠡᠬᠡᠳᠡ ᠭᠠᠶᠢᠬᠠᠵᠤ ᠪᠢᠰᠢᠷᠡᠭᠰᠡᠨ ᠶᠤᠮ︾ ᠭᠡᠵᠤ ᠵᠠᠮᠢᠶᠠᠨᠵᠠᠪ ᠶᠠᠷᠢᠨ᠎ᠠ᠃ | ᠰᠤᠷᠭᠠᠭᠤᠯᠢ ᠰᠤᠶᠤᠯ ᠤᠨ ᠮᠦᠷ ᠬᠦᠬᠡᠬᠡᠵᠤ᠂ ᠬᠤᠵᠢᠮ ᠨᠢ ᠨᠤᠳᠤᠭ ᠲᠤ ᠪᠠᠨ ᠪᠤᠴᠠᠭᠰᠠᠨ ᠵᠠᠮᠢᠶᠠᠨᠵᠠᠪ ᠨᠤᠳᠤᠭ | ᠪᠡᠯᠴᠢᠭᠡᠷ ᠤᠨ ᠲᠠᠭᠠᠭᠠᠴᠠ ᠪᠠᠨ ᠦᠨᠳᠦᠰᠦᠯᠡᠨ᠂ ᠴᠦᠬᠡᠪᠦᠷ ᠦᠬᠡᠷ ᠬᠤᠨᠢ ᠪᠤᠯᠤᠨ ᠠᠷᠪᠠᠨ ᠬᠡᠳᠦᠨ ᠠᠳᠤᠭᠤ ᠭᠤᠤᠯᠳᠠᠢ | ᠮᠠᠯᠵᠢᠵᠤ᠂ ᠮᠠᠯᠴᠢᠨ ᠵᠠᠶᠠᠭ᠎ᠠ ᠲᠦᠰᠢᠭᠰᠡᠨ ᠪᠠᠶᠢᠨ᠎ᠠ᠃ ᠴᠢᠯᠦᠭᠡ ᠵᠠᠪ ᠢᠶᠠᠷ ᠢᠶᠠᠨ ᠠᠪᠠᠭ᠎ᠠ ᠠᠪᠤ ᠠᠴᠠ ᠪᠠᠨ ᠮᠤᠷᠢ | ᠠᠷᠠᠴᠢᠯᠠᠵᠤ ᠲᠡᠵᠢᠬᠡᠬᠦ᠂ ᠤᠶᠠᠵᠤ ᠰᠦᠢᠬᠤ ᠲᠤᠷᠰᠢᠯᠭ᠎ᠠ ᠰᠤᠷᠭᠠᠮᠵᠢ ᠰᠤᠷᠴᠤ᠂ ᠠᠪᠠᠭ᠎ᠠ ᠠᠪᠤ ᠪᠠᠨ ᠲᠠᠭᠠᠵᠤ ᠮᠤᠷᠢ | ᠤᠶᠠᠬᠤ ᠶᠢᠨ ᠬᠠᠮᠳᠤ ᠦᠪᠡᠷ ᠢᠶᠠᠨ ᠤᠨᠤᠵᠤ ᠨᠠᠶᠢᠷ ᠨᠠᠭᠠᠳᠤᠮ ᠢᠶᠠᠷ ᠶᠠᠪᠤᠳᠠᠭ ᠪᠠᠶᠢᠯ᠎ᠠ᠃ ᠴᠢᠷᠮᠠᠶᠢᠯᠭ᠎ᠠ ᠲᠠᠢ ᠬᠦᠮᠦᠨ ᠠᠴᠠ | ᠠᠮᠵᠢᠯᠳᠠ ᠤᠶᠢᠷᠠᠬᠠᠨ ᠪᠠᠶᠢᠳᠠᠭ ᠤᠨ ᠤᠴᠢᠷ᠂ 2015 ᠤᠨ ᠳᠤ᠂ ᠬᠦᠪᠡᠭᠡᠳᠤ ᠰᠢᠷ᠎ᠠ ᠬᠤᠰᠢᠭᠤᠨ ᠤ ᠰᠢᠨᠡᠪᠤᠯᠠᠭ | ᠪᠠᠯᠭᠠᠰᠤᠨ ᠳᠤ ᠵᠤᠭᠠᠴᠠᠯ ᠤᠨ ᠭᠠᠵᠠᠷ ᠪᠠᠶᠢᠭᠤᠯᠤᠭᠳᠠᠬᠤ ᠶᠤᠰᠤᠯᠠᠯ ᠲᠡᠭᠡᠷ᠎ᠡ ᠶᠠᠪᠤᠭᠳᠠᠭᠰᠠᠨ ᠮᠤᠷᠢᠨ ᠤ ᠤᠷᠤᠯᠳᠤᠭᠠᠨ ᠳᠤ | ᠵᠠᠮᠢᠶᠠᠨᠵᠠᠪ ᠬᠡᠬᠡᠷ ᠬᠠᠯᠵᠠᠨ ᠦᠷᠢᠶ᠎ᠡ ᠲᠠᠢ ᠪᠠᠨ ᠦᠷᠢᠶ᠎ᠡ ᠶᠢᠨ ᠤᠷᠤᠯᠳᠤᠭᠠᠨ ᠳᠤ ᠤᠷᠤᠯᠴᠠᠨ᠂ ᠮᠠᠩᠨᠠᠢ ᠳᠤ ᠪᠠᠨ ᠲᠤᠭᠤᠰᠤ | ᠦᠭᠡᠢ ᠲᠠᠪᠬᠢᠭᠤᠯᠤᠨ᠂ ᠤᠯᠠᠨ ᠮᠤᠷᠢᠳ ᠢ ᠠᠷᠤ ᠳᠤ ᠪᠠᠨ ᠬᠠᠶᠠᠵᠤ ᠠᠮᠠᠨ ᠬᠦᠵᠦᠬᠦᠳᠡᠵᠤ᠂ ᠠᠩᠬ᠎ᠠ ᠤᠳᠠᠭ᠎ᠠ ᠬᠠᠯᠠᠭᠤᠨ | ᠬᠤᠰᠢᠭᠤᠳᠤ ᠬᠤᠨᠢ ᠪᠠᠷ ᠱᠠᠩᠨᠠᠭᠳᠠᠭᠰᠠᠨ ᠨᠢ ᠲᠡᠭᠦᠨ ᠤ ᠵᠤᠷᠢᠭ ᠢ ᠤᠯᠠᠮ ᠬᠦᠪᠴᠢᠯᠡᠵᠤ᠂ ᠮᠤᠷᠢ ᠤᠶᠠᠬᠤ ᠤᠯᠠᠮ | ᠪᠠᠬ᠎ᠠ ᠲᠠᠢ ᠪᠤᠯᠵᠤ᠂ ᠦᠷᠯᠦᠬᠡ ᠦᠳᠡᠰᠢ ᠶᠢᠨ ᠵᠠᠢ ᠳᠤ ᠮᠤᠷᠢ ᠪᠠᠨ ᠰᠠᠶᠢᠳᠤᠷ ᠠᠷᠠᠴᠢᠯᠠᠨ ᠲᠡᠵᠢᠭᠡᠵᠤ᠂ ᠮᠤᠷᠢᠨ ᠤ ᠪᠠᠨ ᠵᠠᠩ | ᠠᠷᠠᠨᠰᠢᠨ᠂ ᠢᠳᠡᠯᠭᠡ ᠤᠤᠭᠤᠯᠭ᠎ᠠ ᠶᠢ ᠨᠢ ᠰᠠᠶᠢᠳᠤᠷ ᠤᠶᠢᠯᠠᠭᠠᠬᠤ ᠶᠢᠨ ᠬᠠᠮᠳᠤ ᠵᠠᠪᠰᠢᠶᠠᠨ ᠪᠠᠶᠢᠪᠠᠯ ᠤᠷᠤᠯᠳᠤᠭᠠᠨ ᠳᠤ | ᠤᠷᠤᠯᠴᠠᠨ᠂ ᠵᠤᠷᠢᠭ ᠮᠤᠬᠤᠬᠤ ᠦᠭᠡᠢ ᠴᠢᠷᠮᠠᠶᠢᠭᠰᠠᠭᠠᠷ ᠢᠷᠡᠵᠡᠢ᠃ ᠡᠶᠢᠨᠬᠦ ᠲᠡᠷᠡ ᠬᠠᠷ᠎ᠠ ᠮᠤᠷᠢ᠂ ᠬᠤᠸᠠ ᠬᠠᠯᠵᠠᠨ ᠮᠤᠷᠢ | ᠭᠡᠵᠤ ᠤᠯᠠᠨ ᠮᠤᠷᠢ ᠤᠶᠠᠵᠤ ᠬᠤᠷᠳᠤᠯᠠᠭᠤᠯᠤᠨ᠂ ᠤᠯᠠᠨ ᠨᠠᠶᠢᠷ ᠢᠶᠠᠷ ᠠᠶᠢᠷᠠᠭᠳᠠᠵᠤ ᠪᠠᠶᠢᠵᠠᠢ᠃ | 2017 ᠤᠨ ᠳᠤ ᠵᠠᠮᠢᠶᠠᠨᠵᠠᠪ ᠰᠦᠨᠢᠳ ᠪᠠᠷᠠᠭᠤᠨ ᠬᠤᠰᠢᠭᠤᠨ ᠤ ᠠᠴᠠᠳᠤᠠᠠᠭᠤᠯᠠ ᠰᠤᠮᠤᠨ ᠤ ᠭᠠᠪᠢᠶᠠᠳᠤ ᠠᠴᠠ | ᠦᠳᠦ ᠬᠦᠷᠡᠩ ᠢᠶᠠᠨ ᠬᠤᠳᠠᠯᠳᠤᠨ ᠠᠪᠴᠤ᠂ ᠲᠠᠪᠤᠨ ᠨᠠᠰᠤᠳᠠᠢ ᠠᠴᠠ ᠨᠢ ᠲᠠᠪᠬᠢᠭᠤᠯᠤᠭᠰᠠᠨ ᠠᠴᠠ ᠨᠠᠭᠠᠰᠢ ᠤᠷᠢᠳ | ᠬᠤᠵᠢᠳ 17 ᠲᠡᠷᠢᠭᠦᠯᠡᠵᠤ᠂ 20 ᠰᠢᠬᠠᠮ ᠠᠶᠢᠷᠠᠭᠳᠠᠵᠠᠢ᠃ ︽ᠮᠤᠷᠢ ᠪᠤᠯᠭᠠᠨ ᠦᠪᠡᠷ ᠤᠨ ᠢᠶᠠᠨ ᠵᠠᠩ ᠠᠭᠠᠰᠢ ᠲᠠᠢ᠂ | ᠤᠶᠠᠬᠤ ᠠᠷᠭ᠎ᠠ ᠨᠢ ᠪᠦᠷ ᠠᠳᠠᠯᠢ ᠦᠭᠡᠢ᠂ ᠵᠠᠪᠠᠯ ᠮᠤᠷᠢᠨ ᠤ ᠤᠨᠴᠠᠯᠢᠭ ᠰᠢᠨᠵᠢ ᠶᠢ ᠦᠨᠳᠦᠰᠦᠯᠡᠨ ᠡᠳ᠋ᠯᠡᠵᠤ ᠰᠤᠷᠭᠠᠬᠤ | ᠬᠡᠷᠡᠭᠳᠡᠢ᠂ ᠬᠦᠮᠦᠨ ᠪᠤᠯᠤᠨ ᠮᠤᠷᠢᠨ ᠤ ᠬᠠᠷᠢᠴᠠᠭ᠎ᠠ ᠶᠢ ᠨᠢᠭᠳᠠᠷᠠᠭᠤᠯᠵᠤ᠂ ᠢᠳᠡᠭᠡᠯ ᠢ ᠪᠤᠢ ᠪᠤᠯᠭᠠᠬᠤ ᠳᠤ ᠶᠡᠭᠡ ᠬᠡᠮᠵᠢᠶᠡᠨ ᠤ | ᠬᠦᠴᠤ ᠬᠦᠳᠡᠯᠮᠦᠷᠢ ᠪᠤᠯᠤᠨ ᠤᠷ᠎ᠠ ᠤᠬᠠᠭᠠᠨ ᠬᠡᠷᠡᠭᠰᠡᠨ᠎ᠡ᠃ ᠪᠢ ᠲᠡᠷᠡ ᠦᠶᠡᠰ ᠲᠤᠷᠰᠢᠯᠭ᠎ᠠ ᠰᠤᠷᠭᠠᠮᠵᠢ ᠮᠡᠬᠦᠰ᠂ ᠡᠨᠡ | ᠶᠤᠰᠤ ᠶᠢ ᠰᠠᠶᠢᠨ ᠤᠶᠢᠯᠠᠭᠠᠭᠰᠠᠨ ᠦᠭᠡᠢ᠂ ᠮᠤᠷᠢ ᠪᠤᠯᠭᠠᠨ ᠢ ᠨᠢᠭᠡᠯᠡ ᠪᠠᠷᠢᠮᠵᠢᠶ᠎ᠠ ᠪᠠᠷ ᠡᠳ᠋ᠯᠡᠵᠤ ᠰᠤᠷᠭᠠᠳᠠᠭ ᠪᠠᠶᠢᠭᠰᠠᠨ ᠢᠶᠠᠷ | ᠂ ᠨᠢᠭᠡ ᠤᠳᠠᠭ᠎ᠠ ᠦᠳᠦ ᠬᠦᠷᠡᠩ ᠲᠠᠢ ᠪᠠᠨ ᠨᠠᠶᠢᠷ ᠲᠤ ᠤᠴᠢᠭᠠᠳ᠂ ᠤᠨᠤᠭᠠᠴᠢ ᠪᠠᠶᠢᠬᠤ ᠦᠭᠡᠢ ᠦᠪᠡᠷ ᠢᠶᠠᠨ ᠤᠨᠤᠵᠤ | ᠲᠠᠪᠬᠢᠭᠤᠯᠤᠨ᠂ ᠬᠦᠯ ᠢ ᠨᠢ ᠲᠤᠭᠤᠯᠭᠠᠵᠤ᠂ ᠪᠦᠳᠦᠨ ᠬᠤᠶᠠᠷ ᠵᠢᠯ ᠡᠮᠨᠡᠵᠤ᠂ ᠰᠤᠶᠤᠯᠠᠩ ᠤᠨ ᠦᠶ᠎ᠡ ᠠᠴᠠ ᠲᠠᠬᠢᠵᠤ | ᠤᠷᠤᠯᠳᠤᠭᠠᠨ ᠳᠤ ᠤᠷᠤᠯᠴᠠᠭᠤᠯᠤᠭᠰᠠᠨ ᠶᠤᠮ︾ ᠭᠡᠵᠤ ᠵᠠᠮᠢᠶᠠᠨᠵᠠᠪ ᠦᠪᠡᠷ ᠤᠨ ᠲᠤᠷᠰᠢᠯᠭ᠎ᠠ ᠰᠤᠷᠭᠠᠮᠵᠢ ᠪᠠᠨ ᠤᠴᠢᠷᠯᠠᠨ᠎ᠠ | ᠃ | ᠠᠳᠤᠭᠤᠴᠢᠨ ᠤᠶᠠᠭᠠᠴᠢᠨ ᠬᠦᠮᠦᠨ ᠳᠤ ᠦᠷ ᠤᠨ ᠴᠢᠮᠡᠭᠡ ᠬᠦᠯᠦᠭ ᠤᠨ ᠢᠨᠴᠠᠭ᠎ᠠ ᠲᠠᠢ ᠢᠷᠡᠳᠡᠭ᠂ ᠬᠠᠰᠢᠷ | ᠠᠳᠤᠭᠤᠴᠢᠨ᠂ ᠭᠠᠷᠮᠠᠭᠠᠢ ᠤᠶᠠᠭᠠᠴᠢᠨ ᠤ ᠠᠯᠳᠠᠷ ᠢ ᠲᠡᠳᠡ ᠲᠡᠰᠪᠦᠷᠢ ᠬᠠᠳᠠᠭᠤᠵᠢᠯᠳᠠᠢ ᠦᠡᠭᠭᠡᠷᠡᠭᠡᠭᠰᠡᠨ ᠦᠷ ᠤᠨ | ᠭᠡᠭᠡ ᠪᠠᠷ ᠰᠤᠯᠢᠵᠤ ᠠᠪᠴᠢᠷᠠᠭᠰᠠᠨ ᠰᠠᠨ᠃ ᠵᠠᠮᠢᠶᠠᠨᠵᠠᠪ ᠴᠤ ᠠᠳᠠᠯᠢᠬᠠᠨ᠂ ᠲᠡᠷᠡ ᠦᠳᠦ ᠬᠦᠷᠡᠩ ᠢᠶᠠᠨ ᠡᠳᠦᠷ ᠪᠤᠯᠭᠠᠨ | ᠦᠷ ᠤᠨ ᠲᠦᠷᠪᠡᠨ ᠴᠠᠭ ᠲᠤ ᠪᠤᠰᠴᠤ ᠨᠢᠭᠡ ᠤᠳᠠᠭ᠎ᠠ ᠲᠡᠵᠢᠭᠡᠨ᠂ ᠤᠷᠤᠢ ᠶᠢᠨ ᠶᠢᠰᠦᠨ ᠴᠠᠭ ᠠᠴᠠ ᠬᠤᠶᠢᠰᠢ | ᠪᠠᠰᠠ ᠨᠢᠭᠡ ᠤᠳᠠᠭ᠎ᠠ ᠲᠡᠵᠢᠭᠡᠳᠡᠭ᠂ ᠤᠰᠤ ᠤᠤᠭᠤᠯᠭᠠᠬᠤ᠂ ᠤᠬᠢᠶᠠᠵᠤ ᠴᠡᠪᠡᠷᠯᠡᠬᠦ ᠳᠤ ᠨᠠᠷᠢᠨ ᠬᠢᠨᠠᠮᠠᠭᠠᠢ ᠬᠢᠴᠢᠶᠡᠵᠤ | ᠤᠷᠤᠳᠠᠭ ᠶᠤᠮ ᠭᠡᠨ᠎ᠡ᠃ ︽ᠮᠤᠷᠢ ᠤᠶᠠᠬᠤ ᠳᠤ ᠤᠯᠠᠨ ᠠᠷᠪᠢᠨ ᠠᠩᠬᠠᠷᠬᠤ ᠵᠦᠢᠯᠡᠰ ᠪᠠᠶᠢᠳᠠᠭ᠂ ᠡᠳᠦᠷ ᠲᠤᠳᠤᠮ ᠤᠨ | ᠢᠳᠡᠯᠬᠡ ᠤᠤᠭᠤᠯᠭ᠎ᠠ ᠴᠤ ᠶᠡᠭᠡ ᠡᠷᠳᠡᠮ ᠤᠬᠠᠭᠠᠨ ᠬᠡᠷᠡᠭᠯᠡᠳᠡᠭ᠂ ᠤᠨᠴᠠᠭᠠᠶᠢᠯᠠᠨ ᠡᠪᠦᠯ ᠤᠨ ᠤᠯᠠᠷᠢᠯ ᠳᠤ ᠮᠤᠷᠢ ᠰᠠᠶᠢᠨ | ᠲᠠᠷᠭᠤ ᠬᠦᠴᠤ ᠠᠪᠬᠤ ᠴᠢᠬᠤᠯᠠᠳᠠᠢ᠂ ᠤᠷᠤᠯᠳᠤᠭᠠᠨ ᠠᠴᠠ ᠡᠮᠦᠨ᠎ᠡ ᠮᠤᠷᠢᠨ ᠤ ᠪᠠᠶᠢᠳᠠᠯ ᠢ ᠦᠨᠳᠦᠰᠦᠯᠡᠨ ᠵᠤᠬᠢᠬᠤ | ᠬᠡᠮᠵᠢᠶᠡᠨ ᠤ ᠲᠡᠵᠢᠭᠡᠯ ᠡᠪᠡᠰᠤ ᠦᠭᠴᠤ᠂ ᠪᠡᠶ᠎ᠡ ᠶᠢᠨ ᠬᠦᠨᠳᠤ ᠶᠢ ᠨᠢ ᠪᠠᠳᠤᠯᠠᠵᠤ᠂ ᠤᠷᠤᠯᠳᠤᠭᠠᠨ ᠳᠤ ᠲᠠᠪᠠᠭᠤᠯᠢᠭ ᠢᠶᠠᠨ | ᠬᠦᠢᠴᠡᠳ ᠪᠠᠳᠠᠷᠠᠭᠤᠯᠬᠤ ᠶᠢ ᠨᠢ ᠪᠠᠳᠤᠯᠠᠬᠤ ᠬᠡᠷᠡᠭᠳᠡᠢ︾ ᠭᠡᠵᠤ ᠵᠠᠮᠢᠶᠠᠨᠵᠠᠪ ᠤᠴᠢᠷᠯᠠᠨ᠎ᠠ᠃ᠤᠳᠤᠬᠠᠨ ᠳᠤ᠂ ᠵᠠᠮᠢᠶᠠᠨᠵᠠᠪ | ᠲᠦᠷᠪᠡᠨ ᠤᠷᠤᠯᠳᠤᠭᠠᠨ ᠤ ᠮᠤᠷᠢ ᠤᠶᠠᠵᠤ᠂ ᠮᠤᠩᠭᠤᠯ ᠮᠤᠷᠢ ᠠᠴᠠ ᠭᠠᠳᠠᠨ᠎ᠠ ᠪᠠᠰᠠ ᠡᠷᠯᠢᠰᠡ ᠮᠤᠷᠢ ᠪᠠᠶᠢᠵᠤ᠂ | ᠠᠶᠢᠮᠠᠭ ᠤᠨ ᠬᠡᠪᠴᠢᠶᠡᠨ ᠤ ᠤᠷᠤᠯᠳᠤᠭᠠᠨ ᠠᠴᠠ ᠭᠠᠳᠠᠨ᠎ᠠ᠂ ᠤᠯᠠᠭᠠᠨᠬᠠᠳᠠ᠂ ᠡᠾᠧᠪᠸᠢ ᠶᠢᠨ ᠵᠠᠩ ᠪᠸᠢ ᠵᠡᠷᠭᠡ | ᠭᠠᠵᠠᠷ ᠤᠨ ᠨᠠᠶᠢᠷ ᠨᠠᠭᠠᠳᠤᠮ ᠳᠤ ᠤᠷᠤᠯᠴᠠᠨ᠂ ᠬᠦᠷᠰᠢ ᠵᠡᠷᠭᠡᠯᠡᠳᠡᠭᠡ ᠠᠶᠢᠮᠠᠭ ᠬᠤᠳᠠ ᠶᠢᠨ ᠨᠠᠶᠢᠷ ᠨᠠᠭᠠᠳᠤᠮ ᠢᠶᠠᠷ ᠨᠤᠳᠤᠬ | ᠤᠰᠤᠨ ᠤ ᠪᠠᠨ ᠠᠯᠳᠠᠷ ᠢ ᠡᠷᠬᠦᠵᠤ ᠨᠠᠭᠠᠳᠤᠮᠴᠢᠠ ᠲᠦᠮᠡᠨ ᠢᠶᠠᠨ ᠪᠠᠶᠠᠰᠬᠠᠭᠰᠠᠨ ᠮᠦᠷᠳᠡᠭᠡᠨ ᠤᠯᠠᠨ ᠠᠷᠪᠢᠨ ᠱᠠᠩᠨᠠᠯ ᠢᠶᠠᠷ | ᠡᠩᠭᠡᠷ ᠢᠶᠠᠨ ᠮᠢᠯᠢᠶᠠᠯᠭᠠᠵᠤ᠂ ᠤᠶᠠᠭᠠᠴᠢ ᠨᠡᠷ᠎ᠡ ᠪᠠᠨ ᠠᠯᠳᠠᠷᠰᠢᠭᠤᠯᠤᠠ ᠶᠠᠪᠤᠭᠰᠠᠠ ᠢ ᠬᠠᠨ᠎ᠠ ᠲᠦᠭᠦᠷᠡᠩ ᠵᠡᠷᠬᠡᠴᠡᠬᠦᠯᠥᠨ | ᠲᠠᠯᠪᠢᠭᠰᠠᠠ ᠢᠷᠠᠭᠤ ᠠᠯᠳᠠᠷ ᠤᠨ ᠭᠦᠭᠢᠭᠦᠯᠦᠯ ᠦᠨᠡᠮᠯᠡᠯ ᠤᠳ ᠨᠢ ᠭᠡᠷᠡᠴᠢ ᠪᠤᠯᠤᠠ ᠭᠢᠯᠠᠯᠵᠠᠨ᠎ᠠ᠃ ︽ᠮᠠᠨ ᠤ ᠮᠠᠯᠴᠢᠳ ᠲᠤ | ᠠᠪᠴᠤ ᠬᠡᠯᠡᠪᠡᠯ᠂ ᠰᠠᠶᠢᠨ ᠤᠶᠠᠭᠠᠴᠢ ᠪᠤᠯᠬᠤ ᠨᠢ ᠦᠪᠡᠷ ᠤᠨ ᠪᠡᠶ᠎ᠡ ᠳᠤ ᠪᠠᠨ ᠢᠷᠠᠭᠤ ᠠᠯᠳᠠᠷ ᠠᠪᠴᠢᠷᠠᠬᠤ ᠪᠠᠷ ᠪᠠᠷᠠᠬᠤ | ᠦᠭᠡᠢ᠂ ᠪᠠᠰᠠ ᠤᠯᠠᠨ ᠰᠠᠶᠢᠬᠠᠨ ᠨᠠᠶᠢᠵᠠ ᠨᠦᠬᠦᠳ ᠲᠠᠨᠢᠯᠴᠠᠳᠠᠭ ᠶᠤᠮ︾ ᠭᠡᠵᠤ ᠵᠠᠮᠢᠶᠠᠨᠵᠠᠪ ᠪᠠᠶᠠᠷᠯᠠᠠ ᠭᠡᠯᠡᠨ᠎ᠠ᠃ | ᠲᠦᠷᠦᠬᠦᠬᠡᠨ ᠶᠠᠪᠤᠭᠳᠠᠭᠰᠠᠨ ᠠᠩᠬᠠᠳᠤᠭᠠᠷ ᠬᠤᠭᠤᠴᠠᠭᠠᠨ ᠤ ︽ᠮᠤᠩᠭᠤᠯ ᠮᠤᠷᠢᠨ ᠤ ᠵᠤᠷᠢᠭ ᠰᠠᠨᠠᠭ᠎ᠠ ᠬᠤᠨᠳᠠᠭᠠᠳᠤ︾ | ᠰᠢᠯᠢ ᠶᠢᠨ ᠭᠤᠤᠯ ᠤᠨ ᠮᠤᠩᠭᠤᠯ ᠮᠤᠷᠢᠨ ᠤ ᠬᠤᠯᠪᠤᠭᠠᠳᠤ ᠤᠷᠤᠯᠳᠤᠭᠠᠨ ᠳᠤ ᠭᠠᠴᠠᠭ᠎ᠠ ᠲᠡᠰ ᠤᠨ ᠤᠷᠤᠯᠳᠤᠭᠠᠨ᠂ | ᠰᠤᠮᠤᠨ ᠤ ᠲᠡᠰ ᠤᠨ ᠤᠷᠤᠯᠳᠤᠭᠠᠨ ᠪᠤᠯᠤᠨ ᠬᠤᠰᠢᠭᠤᠠ ᠤ ᠲᠡᠰ ᠤᠨ ᠤᠷᠤᠯᠳᠤᠭᠠᠨ ᠳᠤ ᠵᠠᠮᠢᠶᠠᠨᠵᠠᠪ ᠤᠨ ᠦᠳᠦ | ᠬᠦᠷᠡᠩ ᠨᠢ ᠪᠦᠷ ᠲᠡᠷᠢᠭᠦᠯᠡᠵᠤ᠂ ᠬᠤᠷᠳᠤᠨ ᠬᠦᠯᠦᠭ ᠤᠨ ᠢᠶᠠᠨ ᠰᠢᠨᠳᠠᠰᠤ ᠶᠢ ᠬᠤᠷᠠᠭᠰᠠᠨ ᠤᠯᠠᠨ ᠳᠠᠭᠠᠨ ᠭᠠᠶᠢᠬᠠᠭᠤᠯᠵᠤ | ᠪᠢᠯᠡ᠃ | ᠲᠠᠭᠤᠷᠢᠶᠠᠯ ᠤᠨ ᠭᠦᠴᠦᠡ ᠭᠢᠵᠠᠭᠠᠯᠠᠰᠢ ᠦᠭᠡᠢ᠃ ᠵᠠᠮᠢᠶᠠᠨᠵᠠᠪ ᠤᠨ ᠬᠤᠶᠠᠷ ᠬᠦᠦ ᠨᠢ ᠴᠥ ᠲᠡᠭᠦᠨ ᠤ ᠨᠦᠯᠦᠭᠡᠯᠡᠯ ᠢᠶᠠᠷ | ᠮᠤᠷᠢᠨ ᠳᠤ ᠶᠡᠭᠡ ᠪᠠᠭ᠋ᠠᠳᠠᠢ ᠪᠠᠶᠢᠵᠤ᠂ ᠶᠡᠭᠡ ᠬᠦᠦ ᠨᠢ ᠲᠠᠪᠤᠨ ᠨᠠᠰᠤᠳᠠᠢ ᠠᠴᠠ ᠪᠠᠨ ᠮᠤᠷᠢ ᠤᠨᠤᠵᠤ᠂ ᠭᠤᠷᠪᠠᠨ ᠨᠠᠰᠤᠳᠠᠢ | ᠪᠠᠭ᠎ᠠ ᠬᠦᠦ ᠨᠢ ᠴᠦ ᠤᠳᠤ ᠠᠴᠠ ᠡᠬᠢᠯᠡᠨ ᠮᠤᠷᠢ ᠤᠨᠤᠵᠤ ᠰᠤᠷᠴᠤ ᠪᠠᠶᠢᠬᠤ ᠪᠢᠯᠠ᠃ ︽ᠮᠤᠷᠢ ᠤᠨᠤᠬᠤ ᠨᠢ ᠭᠡᠤᠭᠡᠤᠠ ᠤᠨ | ᠪᠠᠶ᠎ᠠ ᠮᠠᠬᠠᠪᠤᠤᠠ ᠤᠨ ᠡᠷᠡᠭᠦᠯ ᠪᠤᠶᠢᠵᠢᠯᠳᠠ ᠭᠢᠭᠡᠤᠠ ᠰᠦᠰᠦ ᠵᠤᠷᠢᠭ ᠲᠠᠢ ᠭᠦᠮᠦᠡ ᠪᠤᠯᠤᠠ ᠭᠦᠮᠦᠵᠢᠭᠳᠡᠭᠦ ᠳᠤ ᠪᠦᠷ | ᠠᠰᠢᠬᠳᠠᠢ ᠪᠠᠶᠢᠳᠠᠭ᠃ ᠡᠩ ᠲᠡᠷᠢᠭᠦᠡ ᠳᠤ ᠮᠤᠷᠢ ᠤᠨᠤᠬᠤ ᠨᠢ ᠬᠡᠤᠬᠡᠳ ᠤᠨ ᠪᠡᠶ᠎ᠡ ᠮᠠᠬᠠᠪᠤᠳ ᠤᠨ ᠡᠷᠡᠬᠦᠯ ᠴᠢᠬᠢᠷᠠᠭ | ᠦᠰᠦᠨ ᠪᠤᠶᠢᠵᠢᠯᠳᠠ᠂ ᠪᠡᠶ᠎ᠡ ᠪᠠᠨ ᠵᠤᠬᠢᠴᠠᠭᠤᠯᠬᠤ ᠴᠢᠳᠠᠪᠤᠷᠢ ᠶᠢ ᠲᠡᠭᠡᠭᠰᠢᠯᠡᠬᠦᠯᠬᠦ ᠳᠤ ᠠᠰᠢᠭᠳᠠᠢ᠂ ᠲᠠᠭᠢᠪᠠᠯ ᠮᠤᠷᠢ | ᠤᠷᠤᠯᠳᠤᠬᠤ ᠨᠢ ᠬᠦᠴᠢᠷ ᠠᠴᠠ ᠠᠶᠤᠬᠤ ᠦᠭᠡᠢ ᠤᠷᠤᠭᠰᠢᠯᠠᠨ ᠲᠠᠪᠰᠢᠬᠤ ᠵᠤᠷᠢᠭ ᠰᠦᠰᠦ ᠶᠢ ᠡᠷᠴᠢᠯᠡᠳᠡᠭ ᠶᠤᠮ᠃ ᠪᠢ | ᠦᠪᠡᠷ ᠢᠶᠠᠨ ᠮᠤᠷᠢ ᠪᠠᠨ ᠰᠠᠶᠢᠨ ᠤᠶᠠᠵᠤ᠂ ᠤᠯᠠᠨ ᠠᠷᠪᠢᠨ ᠤᠷᠤᠯᠳᠤᠭᠠᠨ ᠳᠤ ᠤᠷᠤᠯᠴᠠᠬᠤ ᠶᠢᠨ ᠬᠠᠮᠳᠤ ᠬᠤᠶᠠᠷ | ᠬᠡᠤᠬᠡᠳ ᠲᠤ ᠪᠠᠨ ᠴᠦ ᠲᠡᠰᠪᠦᠷᠢ ᠲᠡᠪᠴᠢᠶᠡᠷᠢ ᠲᠠᠢ ᠪᠠᠷ ᠵᠢᠭᠠᠵᠤ ᠬᠡᠯᠡᠵᠦ ᠦᠭᠬᠦᠨ᠂ ᠨᠤᠳᠤᠭ ᠤᠰᠤᠨ ᠤ ᠪᠠᠨ ᠨᠠᠷᠠ | ᠠᠯᠳᠠᠷ ᠢ ᠲᠠᠭᠤᠷᠢᠰᠤᠭᠤᠯᠤᠨ᠂ ᠠᠳᠤᠭᠤᠨ ᠰᠤᠶᠤᠯ ᠢᠶᠠᠨ ᠤᠯᠠᠮᠵᠢᠯᠠᠨ ᠦᠪᠯᠡᠶᠡ ᠭᠡᠵᠤ ᠪᠤᠳᠤᠵᠤ ᠪᠠᠶᠢᠨ᠎ᠠ︾ ᠭᠡᠮᠡᠨ | ᠵᠠᠮᠢᠶᠠᠨᠵᠠᠪ ᠪᠤᠳᠤᠯ ᠢᠶᠠᠨ ᠲᠡᠯᠭᠡᠨ᠎ᠠ᠃ | ᠠᠭᠤᠳᠠᠮ ᠲᠠᠨᠢᠭᠡᠷ ᠰᠢᠯᠢ ᠶᠢᠨ ᠭᠤᠤᠯ ᠤᠨ ᠲᠠᠯ᠎ᠠ ᠨᠤᠳᠤᠭ ᠤᠰᠤ ᠪᠠᠯᠴᠢᠭᠡᠷ ᠰᠠᠶᠢᠳᠠᠢ ᠪᠠᠷ ᠢᠶᠠᠨ ᠡᠷᠳᠠ ᠠᠴᠠ | ᠠᠪᠤᠭᠠᠤᠠ ᠮᠤᠩᠭᠤᠯ ᠠᠳᠤᠭᠤᠠ ᠤ ᠦᠯᠦᠭᠡᠢ ᠪᠤᠯᠵᠤ᠂ ᠠᠳᠤᠭᠤᠠ ᠰᠤᠶᠤᠯ ᠤᠨ ᠰᠠᠭᠤᠷᠢ ᠭᠦᠡ ᠵᠤᠵᠠᠭᠠᠠ᠂ ᠠᠳᠤᠭᠤᠠ ᠤ | ᠠᠵᠤ ᠦᠢᠯᠡᠰ ᠤᠨ ᠭᠦᠭᠵᠢᠯᠳᠠ ᠦᠨᠢ ᠤᠳᠠᠭᠠᠠ ᠲᠡᠤᠭᠡ ᠲᠠᠢ ᠪᠠᠶᠢᠵᠤ᠂ ᠡᠨᠡ ᠨᠤᠳᠤᠭ ᠤᠨ ᠠᠵᠢᠯᠴᠢ ᠮᠠᠯᠴᠢᠤᠠ ᠨᠢ | ᠮᠤᠩᠭᠤᠯ ᠠᠳᠤᠭᠤᠨ ᠤ ᠤᠳᠤᠮ ᠤᠭᠰᠢᠯ ᠢ ᠬᠠᠮᠠᠭᠠᠯᠠᠨ ᠦᠷᠡᠵᠢᠬᠦᠯᠵᠦ᠂ ᠬᠤᠷᠳᠤᠨ ᠬᠦᠯᠦᠭ ᠢᠶᠠᠷ ᠢᠶᠠᠨ ᠲᠠᠯ᠎ᠠ ᠪᠠᠨ | ᠴᠢᠮᠡᠵᠤ᠂ ᠬᠡᠰᠢᠭ ᠬᠡᠶᠢᠮᠤᠷᠢ ᠬᠤᠷᠦ᠋ᠢᠯᠠᠨ᠂ ᠮᠤᠩᠭᠤᠯ ᠮᠤᠷᠢᠨ ᠤ ᠵᠤᠷᠢᠭ ᠰᠠᠨᠠᠭ᠎ᠠ ᠶᠢ ᠪᠠᠳᠠᠷᠠᠭᠤᠯᠤᠨ᠂ ᠲᠡᠰᠪᠦᠷᠢ | ᠬᠠᠳᠠᠭᠤᠵᠢᠯᠳᠠᠢ ᠪᠠᠷ ᠬᠦᠴᠢᠷ ᠪᠡᠷᠭᠡᠰᠢᠶᠡᠯ ᠪᠦ᠋ᠬᠦᠨ ᠢ ᠢᠯᠠᠨ ᠲᠠᠪᠠᠵᠤ᠂ ᠰᠢᠨ᠎ᠠ ᠴᠠᠭ ᠦᠶ᠎ᠠ ᠳᠤ ᠠᠮᠢᠳᠤᠷᠠᠯ ᠦᠢᠯᠡᠰ ᠢᠶᠠᠨ | ᠴᠤᠭᠴᠠᠯᠠᠠ ᠴᠤᠴᠠᠯᠳᠠ ᠦᠭᠡᠢ ᠡᠷᠡᠮᠡᠭᠡᠶᠢᠯᠡᠡ ᠤᠷᠤᠭᠰᠢᠯᠠᠨ᠎ᠠ᠃ | |