| — ᠬᠦᠪᠡᠭᠡᠳᠤ ᠰᠢᠷ᠎ᠠ ᠬᠤᠰᠢᠭᠤᠨ ᠤ ᠤᠩᠭᠤᠬᠠᠭᠤᠯᠠ ᠰᠤᠮᠤᠨ ᠤ ᠨᠠᠶᠢᠷ ᠤᠨ ᠲᠤᠯᠤᠭᠠᠢ ᠭᠠᠴᠠᠭᠠᠨ ᠤ | ᠤᠶᠠᠭᠠᠴᠢ ᠵᠠᠮᠢᠶᠠᠨᠵᠠᠪ ᠢ ᠲᠡᠮᠳᠡᠭᠯᠡᠪᠡ | | | ᠬᠥᠯᠥᠭ ᠤᠨ ᠬᠤᠷᠳᠤᠨ ᠢ ᠰᠢᠨᠵᠢᠨ ᠲᠠᠨᠢᠵᠦ ᠤᠶᠠᠭ᠎ᠠ ᠰᠦᠢᠯᠭ᠎ᠠ ᠶᠢ ᠨᠢ ᠲᠡᠩᠴᠡᠭᠦᠯᠵᠦ ᠤᠷᠤᠯᠳᠤᠭᠠᠨ | ᠮᠥᠷᠦᠶᠢᠴᠡᠭᠡᠨ ᠳᠤ ᠤᠳᠤᠳᠠᠢ ᠬᠡᠶᠢᠮᠤᠷᠢ ᠲᠠᠢ ᠲᠠᠪᠬᠢᠭᠤᠯᠤᠨ ᠤᠶᠠᠭᠠᠴᠢ ᠬᠥᠮᠥᠨ ᠤ ᠤᠶᠢᠭ᠎ᠠ ᠦᠭᠡᠢ | ᠬᠥᠳᠡᠯᠮᠤᠷᠢ ᠪᠠᠷ ᠰᠢᠷᠭᠠᠭᠤ ᠵᠢᠳᠬᠦᠵᠦ ᠶᠠᠪᠤᠭ᠎ᠠ ᠵᠠᠯᠠᠭᠤ ᠤᠶᠠᠭᠠᠴᠢ ᠵᠠᠮᠢᠶᠠᠨᠵᠠᠪ ᠪᠤᠯ ᠬᠦᠪᠡᠭᠡᠳᠤ ᠰᠢᠷ᠎ᠠ | ᠬᠤᠰᠢᠭᠤᠨ ᠤ ᠤᠩᠭᠤᠬᠠᠭᠤᠯᠠ ᠰᠤᠮᠤᠨ ᠤ ᠨᠠᠶᠢᠷ ᠤᠨ ᠲᠤᠯᠤᠭᠠᠢ ᠭᠠᠴᠠᠭᠠᠨ ᠤ ᠮᠠᠯᠴᠢᠨ ᠶᠤᠮ᠃ ᠠᠷᠪᠠᠨ | ᠨᠠᠰᠤᠨ ᠠᠴᠠ ᠪᠠᠨ ᠬᠤᠷᠳᠤᠨ ᠮᠤᠷᠢᠨ ᠤ ᠨᠢᠷᠤᠭᠤᠨ ᠳᠤ ᠵᠠᠶᠢᠳᠠᠯᠠᠵᠤ ᠤᠰᠤ ᠨᠤᠳᠤᠭ ᠤᠨ ᠢᠶᠠᠨ ᠨᠠᠶᠢᠷ | ᠨᠠᠭᠠᠳᠤᠮ ᠢᠶᠠᠷ ᠤᠯᠠᠨᠳᠠ ᠱᠠᠩ ᠬᠡᠰᠢᠭ ᠬᠥᠷᠳᠡᠵᠦ ᠶᠠᠪᠤᠭᠰᠠᠨ ᠲᠠᠷᠠ ᠮᠤᠷᠢᠨ ᠳᠤ ᠠᠷᠭ᠎ᠠ ᠦᠭᠡᠢ ᠬᠤᠷᠤᠬᠠᠶᠢᠳᠠᠢ | ᠪᠤᠯᠵᠦ᠂ ᠬᠤᠷᠢᠨ ᠬᠡᠳᠦᠨ ᠨᠠᠰᠤᠨ ᠠᠴᠠ ᠪᠠᠨ ᠪᠡᠶ᠎ᠡ ᠪᠠᠨ ᠲᠠᠭᠠᠭᠠᠵᠦ ᠮᠤᠷᠢ ᠤᠶᠠᠵᠦ ᠬᠤᠷᠳᠤᠯᠠᠭᠤᠯᠤᠨ᠂ ᠤᠳᠤ | ᠪᠤᠯᠬᠤ ᠳᠤ ᠠᠷᠪᠠᠭᠠᠳ ᠵᠢᠯ ᠮᠤᠷᠢ ᠤᠶᠠᠭᠰᠠᠨ ᠲᠤᠷᠰᠢᠯᠭ᠎ᠠ ᠲᠠᠢ ᠬᠠᠰᠢᠷ ᠤᠶᠠᠭᠠᠴᠢ ᠪᠤᠯᠵᠦ᠂ ᠤᠯᠠᠨ ᠰᠠᠶᠢᠬᠠᠨ | ᠬᠤᠷᠳᠤᠨ ᠮᠤᠷᠢ ᠪᠠᠷ ᠢᠶᠠᠨ ᠤᠰᠤ ᠨᠤᠳᠤᠭ ᠤᠨ ᠢᠶᠠᠨ ᠠᠯᠳᠠᠷ ᠢ ᠡᠷᠭᠦᠵᠦ ᠶᠠᠪᠤᠨ᠎ᠠ᠃ | ᠮᠤᠷᠢᠳᠠᠢ ᠮᠠᠯ ᠳᠤ ᠪᠠᠨ ᠶᠠᠪᠤᠬᠤ᠂ ᠬᠦᠳᠡᠭᠡ ᠲᠠᠯ᠎ᠠ ᠪᠠᠷ ᠰᠠᠯᠬᠢ ᠲᠠᠳᠠᠭᠤᠯᠤᠨ ᠲᠠᠪᠬᠢᠬᠤ᠂ ᠮᠤᠷᠢ ᠤᠶᠠᠵᠤ | ᠤᠷᠤᠯᠳᠤᠭᠠᠨ ᠳᠤ ᠤᠷᠤᠯᠴᠠᠬᠤ᠂ ᠮᠤᠷᠢ ᠲᠠᠢ ᠰᠢᠨᠡᠯᠡᠬᠦ ᠁ ᠵᠠᠮᠢᠶᠠᠨᠵᠠᠪ ᠲᠤ ᠠᠪᠴᠤ ᠬᠡᠯᠡᠪᠡᠯ᠂ ᠡᠴᠢᠨᠡᠨ | ᠵᠢᠯ ᠤᠨ ᠲᠤᠷᠰᠢ ᠮᠤᠷᠢ ᠲᠡᠭᠦᠨ ᠤ ᠠᠮᠢᠳᠤᠷᠠᠯ ᠠᠴᠠ ᠰᠠᠯᠵᠤ ᠦᠡᠭᠭᠡᠷᠡᠭᠡ ᠦᠭᠡᠢ ᠲᠠᠶᠢᠴᠢᠡ ᠬᠠᠨᠢ ᠬᠡᠮᠡᠷ᠃ | ᠲᠡᠭᠦᠨ ᠤ ᠮᠤᠷᠢ ᠤᠨᠤᠵᠤ᠂ ᠮᠤᠷᠢᠨ ᠳᠤ ᠪᠠᠭ᠋ᠠᠳᠠᠢ ᠪᠤᠯᠤᠭᠰᠠᠨ ᠲᠡᠤᠬᠡ ᠶᠢ ᠶᠠᠷᠢᠪᠠᠯ᠂ ᠲᠡᠭᠦᠨ ᠤ ᠠᠪᠠᠭ᠎ᠠ ᠠᠪᠤ | ᠰᠡᠴᠡᠨᠪᠢᠯᠢᠭ ᠢ ᠲᠤᠷᠠᠳᠬᠤ ᠶᠤᠰᠤᠳᠠᠢ᠃ ᠰᠡᠴᠡᠨᠪᠢᠯᠢᠭ ᠠᠷᠪᠠᠨ ᠬᠡᠳᠦᠬᠡᠨ ᠨᠠᠰᠤᠳᠠᠢ ᠪᠡᠶ᠎ᠡ ᠪᠠᠨ ᠲᠠᠭᠠᠭᠠᠵᠤ ᠮᠤᠷᠢ | ᠤᠶᠠᠨ᠂ ᠵᠠᠯᠠᠭᠤ ᠨᠠᠰᠤᠨ ᠠᠴᠠ ᠪᠠᠨ ᠤᠯᠠᠨ ᠮᠤᠷᠢ ᠬᠤᠷᠳᠤᠯᠠᠭᠤᠯᠵᠤ᠂ ᠲᠡᠭᠦᠨ ᠤ ᠤᠶᠠᠭᠰᠠᠨ ᠭᠤᠷᠪᠠᠨ ᠬᠦᠷᠡᠩ | ᠮᠤᠷᠢ ᠪᠤᠯᠤᠨ ᠪᠤᠷᠤ ᠮᠤᠷᠢ ᠨᠢ ᠠᠶᠢᠮᠠᠭ ᠬᠤᠰᠢᠭᠤᠨ ᠤ ᠨᠠᠶᠢᠷ ᠨᠠᠭᠠᠳᠤᠮ ᠢᠶᠠᠷ ᠤᠯᠠᠨ ᠤᠳᠠᠭ᠎ᠠ ᠦᠨᠳᠦᠷ ᠠᠮᠵᠢᠯᠳᠠ | ᠤᠯᠵᠤ᠂ ᠬᠤᠰᠢᠭᠤ ᠠᠯᠳᠠᠷᠳᠠᠢ ᠤᠶᠠᠭᠠᠴᠢ ᠴᠤᠯᠠ ᠲᠠᠢ ᠶᠠᠪᠤᠭᠰᠠᠨ ᠶᠤᠮ᠃ ᠤᠳᠤ ᠬᠡᠳᠦᠶᠢᠪᠡᠷ ᠲᠠᠪᠢ | ᠭᠠᠷᠤᠭᠰᠠᠨ ᠪᠤᠯᠪᠠᠴᠤ ᠮᠦᠨ ᠯᠡ ᠡᠳᠦᠷᠵᠢᠨ ᠮᠤᠷᠢ ᠤᠨᠤᠭ᠎ᠠ ᠲᠠᠢ ᠪᠠᠨ ᠨᠤᠴᠤᠯᠳᠤᠵᠤ᠂ ᠠᠬᠳᠠ | ᠬᠦᠯᠦᠭ ᠢᠶᠠᠷ ᠢᠶᠠᠨ ᠪᠠᠭ᠋ᠠᠷᠬᠠᠠ᠂ ᠬᠡᠶᠢᠮᠤᠷᠢ ᠪᠠᠨ ᠰᠡᠷᠬᠦᠬᠡᠵᠦ ᠶᠠᠪᠤᠨ᠎ᠠ᠃ | ᠬᠠᠷᠠᠬᠠᠨ ᠪᠠᠭ᠎ᠠ ᠠᠴᠠ ᠪᠠᠨ ᠠᠪᠠᠭ᠎ᠠ ᠠᠪᠤ ᠪᠠᠨ ᠲᠠᠭᠠᠵᠤ᠂ ᠮᠤᠷᠢ ᠡᠳ᠋ᠯᠡᠵᠤ ᠰᠤᠷᠭᠠᠬᠤ ᠳᠤᠨᠢ ᠬᠠᠪᠰᠤᠷᠴᠤ᠂ | ᠮᠤᠷᠢ ᠲᠠᠢ ᠤᠶᠢᠷᠠᠳᠴᠤ᠂ ᠮᠤᠷᠢ ᠭᠡᠳᠡᠭ ᠭᠠᠶᠢᠬᠠᠮᠰᠢᠭᠳᠤ ᠠᠮᠢᠳᠠᠨ ᠲᠠᠢ ᠬᠠᠨᠢᠯᠠᠭᠰᠠᠨ ᠵᠠᠮᠢᠶᠠᠨᠵᠠᠪ 10 | ᠨᠠᠰᠤᠨ ᠠᠴᠠ ᠪᠠᠨ ᠮᠤᠷᠢ ᠤᠨᠤᠵᠤ᠂ ᠤᠯᠠᠨ ᠤᠳᠠᠭ᠎ᠠ ᠤᠷᠤᠯᠳᠤᠭᠠᠨ ᠳᠤ ᠤᠷᠤᠯᠴᠠᠨ᠂ ᠠᠷᠪᠠ ᠭᠠᠷᠤᠢ ᠤᠳᠠᠭ᠎ᠠ | ᠠᠶᠢᠷᠠᠭᠳᠠᠵᠤ ᠪᠠᠶᠢᠵᠠᠢ᠃ ︽1998 ᠤᠨ ᠳᠤ ᠪᠢ ᠠᠩᠬ᠎ᠠ ᠤᠳᠠᠭ᠎ᠠ ᠮᠤᠷᠢ ᠤᠨᠤᠵᠤ ᠤᠷᠤᠯᠳᠤᠭᠠᠨ ᠳᠤ | ᠤᠷᠤᠯᠴᠠᠭᠰᠠᠨ ᠮᠠᠨᠢ ᠮᠠᠷᠳᠠᠭᠳᠠᠰᠢ ᠦᠭᠡᠢ ᠲᠤᠷᠠᠳᠬᠠᠯ ᠪᠤᠯᠵᠠᠢ᠃ ᠲᠡᠷᠡ ᠤᠳᠠᠭ᠎ᠠ ᠬᠡᠳᠦᠶᠢᠪᠡᠷ ᠲᠡᠰ ᠳ᠋ᠤᠭᠠᠷ ᠲᠤ | ᠤᠷᠤᠭᠰᠠᠨ ᠦᠭᠡᠢ ᠪᠤᠯᠪᠠᠴᠤ ᠤᠷᠤᠯᠳᠤᠭᠠᠨ ᠤ ᠲᠠᠯᠠᠪᠠᠢ ᠳᠤ ᠤᠯᠠᠨ ᠠᠷᠪᠢᠨ ᠬᠤᠷᠳᠤᠨ ᠬᠦᠯᠦᠭ ᠤᠳ ᠢ ᠬᠠᠷᠠᠵᠤ᠂ | ᠬᠠᠰᠢᠷ ᠤᠨᠤᠭᠠᠴᠢᠳ ᠲᠠᠢ ᠬᠦᠯᠦᠭ ᠤᠨ ᠬᠤᠷᠳᠤ ᠰᠢᠨᠳᠠᠰᠤ ᠰᠢᠯᠭᠠᠵᠤ᠂ ᠲᠡᠳᠡᠨᠡᠷ ᠤᠨ ᠮᠤᠷᠢᠨ ᠤ ᠪᠠᠨ ᠡᠪ ᠢ | ᠤᠯᠵᠤ᠂ ᠤᠶᠠᠭᠰᠠᠨ ᠡᠵᠡᠨ ᠤᠨᠤᠭᠰᠠᠨ ᠤᠨᠤᠭᠠᠴᠢ ᠪᠤᠯᠤᠨ ᠬᠤᠷᠳᠤᠨ ᠬᠦᠯᠦᠭ ᠨᠢ ᠮᠠᠰᠢ ᠰᠠᠶᠢᠬᠠᠨ | ᠵᠤᠬᠢᠴᠠᠯᠳᠤᠵᠤ ᠪᠠᠶᠢᠬᠤ ᠶᠢ ᠬᠠᠷᠠᠭᠠᠳ ᠶᠡᠭᠡ ᠰᠡᠳᠬᠢᠯ ᠬᠦᠳᠡᠯᠵᠤ᠂ ᠮᠤᠩᠭᠤᠯ ᠬᠦᠮᠦᠨ ᠪᠤᠯᠤᠨ ᠮᠤᠷᠢᠨ ᠤ | ᠬᠠᠷᠢᠴᠠᠭ᠎ᠠ ᠶᠢ ᠶᠡᠬᠡᠳᠡ ᠭᠠᠶᠢᠬᠠᠵᠤ ᠪᠢᠰᠢᠷᠡᠭᠰᠡᠨ ᠶᠤᠮ︾ ᠭᠡᠵᠤ ᠵᠠᠮᠢᠶᠠᠨᠵᠠᠪ ᠶᠠᠷᠢᠨ᠎ᠠ᠃ | ᠰᠤᠷᠭᠠᠭᠤᠯᠢ ᠰᠤᠶᠤᠯ ᠤᠨ ᠮᠦᠷ ᠬᠦᠬᠡᠬᠡᠵᠤ᠂ ᠬᠤᠵᠢᠮ ᠨᠢ ᠨᠤᠳᠤᠭ ᠲᠤ ᠪᠠᠨ ᠪᠤᠴᠠᠭᠰᠠᠨ ᠵᠠᠮᠢᠶᠠᠨᠵᠠᠪ ᠨᠤᠳᠤᠭ | ᠪᠡᠯᠴᠢᠭᠡᠷ ᠤᠨ ᠲᠠᠭᠠᠭᠠᠴᠠ ᠪᠠᠨ ᠦᠨᠳᠦᠰᠦᠯᠡᠨ᠂ ᠴᠦᠬᠡᠪᠦᠷ ᠦᠬᠡᠷ ᠬᠤᠨᠢ ᠪᠤᠯᠤᠨ ᠠᠷᠪᠠᠨ ᠬᠡᠳᠦᠨ ᠠᠳᠤᠭᠤ | ᠭᠤᠤᠯᠳᠠᠢ ᠮᠠᠯᠵᠢᠵᠤ᠂ ᠮᠠᠯᠴᠢᠨ ᠵᠠᠶᠠᠭ᠎ᠠ ᠲᠦᠰᠢᠭᠰᠡᠨ ᠪᠠᠶᠢᠨ᠎ᠠ᠃ ᠴᠢᠯᠦᠭᠡ ᠵᠠᠪ ᠢᠶᠠᠷ ᠢᠶᠠᠨ ᠠᠪᠠᠭ᠎ᠠ ᠠᠪᠤ ᠠᠴᠠ ᠪᠠᠨ | ᠮᠤᠷᠢ ᠠᠷᠠᠴᠢᠯᠠᠵᠤ ᠲᠡᠵᠢᠬᠡᠬᠦ᠂ ᠤᠶᠠᠵᠤ ᠰᠦᠢᠬᠤ ᠲᠤᠷᠰᠢᠯᠭ᠎ᠠ ᠰᠤᠷᠭᠠᠮᠵᠢ ᠰᠤᠷᠴᠤ᠂ ᠠᠪᠠᠭ᠎ᠠ ᠠᠪᠤ ᠪᠠᠨ ᠲᠠᠭᠠᠵᠤ | ᠮᠤᠷᠢ ᠤᠶᠠᠬᠤ ᠶᠢᠨ ᠬᠠᠮᠳᠤ ᠦᠪᠡᠷ ᠢᠶᠠᠨ ᠤᠨᠤᠵᠤ ᠨᠠᠶᠢᠷ ᠨᠠᠭᠠᠳᠤᠮ ᠢᠶᠠᠷ ᠶᠠᠪᠤᠳᠠᠭ ᠪᠠᠶᠢᠯ᠎ᠠ᠃ ᠴᠢᠷᠮᠠᠶᠢᠯᠭ᠎ᠠ ᠲᠠᠢ | ᠬᠦᠮᠦᠨ ᠠᠴᠠ ᠠᠮᠵᠢᠯᠳᠠ ᠤᠶᠢᠷᠠᠬᠠᠨ ᠪᠠᠶᠢᠳᠠᠭ ᠤᠨ ᠤᠴᠢᠷ᠂ 2015 ᠤᠨ ᠳᠤ᠂ ᠬᠦᠪᠡᠭᠡᠳᠤ ᠰᠢᠷ᠎ᠠ | ᠬᠤᠰᠢᠭᠤᠨ ᠤ ᠰᠢᠨᠡᠪᠤᠯᠠᠭ ᠪᠠᠯᠭᠠᠰᠤᠨ ᠳᠤ ᠵᠤᠭᠠᠴᠠᠯ ᠤᠨ ᠭᠠᠵᠠᠷ ᠪᠠᠶᠢᠭᠤᠯᠤᠭᠳᠠᠬᠤ ᠶᠤᠰᠤᠯᠠᠯ ᠲᠡᠭᠡᠷ᠎ᠡ | ᠶᠠᠪᠤᠭᠳᠠᠭᠰᠠᠨ ᠮᠤᠷᠢᠨ ᠤ ᠤᠷᠤᠯᠳᠤᠭᠠᠨ ᠳᠤ ᠵᠠᠮᠢᠶᠠᠨᠵᠠᠪ ᠬᠡᠬᠡᠷ ᠬᠠᠯᠵᠠᠨ ᠦᠷᠢᠶ᠎ᠡ ᠲᠠᠢ ᠪᠠᠨ ᠦᠷᠢᠶ᠎ᠡ ᠶᠢᠨ | ᠤᠷᠤᠯᠳᠤᠭᠠᠨ ᠳᠤ ᠤᠷᠤᠯᠴᠠᠨ᠂ ᠮᠠᠩᠨᠠᠢ ᠳᠤ ᠪᠠᠨ ᠲᠤᠭᠤᠰᠤ ᠦᠭᠡᠢ ᠲᠠᠪᠬᠢᠭᠤᠯᠤᠨ᠂ ᠤᠯᠠᠨ ᠮᠤᠷᠢᠳ ᠢ | ᠠᠷᠤ ᠳᠤ ᠪᠠᠨ ᠬᠠᠶᠠᠵᠤ ᠠᠮᠠᠨ ᠬᠦᠵᠦᠬᠦᠳᠡᠵᠤ᠂ ᠠᠩᠬ᠎ᠠ ᠤᠳᠠᠭ᠎ᠠ ᠬᠠᠯᠠᠭᠤᠨ ᠬᠤᠰᠢᠭᠤᠳᠤ ᠬᠤᠨᠢ ᠪᠠᠷ | ᠱᠠᠩᠨᠠᠭᠳᠠᠭᠰᠠᠨ ᠨᠢ ᠲᠡᠭᠦᠨ ᠤ ᠵᠤᠷᠢᠭ ᠢ ᠤᠯᠠᠮ ᠬᠦᠪᠴᠢᠯᠡᠵᠤ᠂ ᠮᠤᠷᠢ ᠤᠶᠠᠬᠤ ᠤᠯᠠᠮ ᠪᠠᠬ᠎ᠠ ᠲᠠᠢ ᠪᠤᠯᠵᠤ᠂ | ᠦᠷᠯᠦᠬᠡ ᠦᠳᠡᠰᠢ ᠶᠢᠨ ᠵᠠᠢ ᠳᠤ ᠮᠤᠷᠢ ᠪᠠᠨ ᠰᠠᠶᠢᠳᠤᠷ ᠠᠷᠠᠴᠢᠯᠠᠨ ᠲᠡᠵᠢᠭᠡᠵᠤ᠂ ᠮᠤᠷᠢᠨ ᠤ ᠪᠠᠨ ᠵᠠᠩ ᠠᠷᠠᠨᠰᠢᠨ᠂ | ᠢᠳᠡᠯᠭᠡ ᠤᠤᠭᠤᠯᠭ᠎ᠠ ᠶᠢ ᠨᠢ ᠰᠠᠶᠢᠳᠤᠷ ᠤᠶᠢᠯᠠᠭᠠᠬᠤ ᠶᠢᠨ ᠬᠠᠮᠳᠤ ᠵᠠᠪᠰᠢᠶᠠᠨ ᠪᠠᠶᠢᠪᠠᠯ ᠤᠷᠤᠯᠳᠤᠭᠠᠨ ᠳᠤ | ᠤᠷᠤᠯᠴᠠᠨ᠂ ᠵᠤᠷᠢᠭ ᠮᠤᠬᠤᠬᠤ ᠦᠭᠡᠢ ᠴᠢᠷᠮᠠᠶᠢᠭᠰᠠᠭᠠᠷ ᠢᠷᠡᠵᠡᠢ᠃ ᠡᠶᠢᠨᠬᠦ ᠲᠡᠷᠡ ᠬᠠᠷ᠎ᠠ ᠮᠤᠷᠢ᠂ ᠬᠤᠸᠠ ᠬᠠᠯᠵᠠᠨ | ᠮᠤᠷᠢ ᠭᠡᠵᠤ ᠤᠯᠠᠨ ᠮᠤᠷᠢ ᠤᠶᠠᠵᠤ ᠬᠤᠷᠳᠤᠯᠠᠭᠤᠯᠤᠨ᠂ ᠤᠯᠠᠨ ᠨᠠᠶᠢᠷ ᠢᠶᠠᠷ ᠠᠶᠢᠷᠠᠭᠳᠠᠵᠤ ᠪᠠᠶᠢᠵᠠᠢ᠃ | 2017 ᠤᠨ ᠳᠤ ᠵᠠᠮᠢᠶᠠᠨᠵᠠᠪ ᠰᠦᠨᠢᠳ ᠪᠠᠷᠠᠭᠤᠨ ᠬᠤᠰᠢᠭᠤᠨ ᠤ ᠠᠴᠠᠳᠤᠠᠠᠭᠤᠯᠠ ᠰᠤᠮᠤᠨ ᠤ ᠭᠠᠪᠢᠶᠠᠳᠤ ᠠᠴᠠ | ᠦᠳᠦ ᠬᠦᠷᠡᠩ ᠢᠶᠠᠨ ᠬᠤᠳᠠᠯᠳᠤᠨ ᠠᠪᠴᠤ᠂ ᠲᠠᠪᠤᠨ ᠨᠠᠰᠤᠳᠠᠢ ᠠᠴᠠ ᠨᠢ ᠲᠠᠪᠬᠢᠭᠤᠯᠤᠭᠰᠠᠨ ᠠᠴᠠ ᠨᠠᠭᠠᠰᠢ ᠤᠷᠢᠳ | ᠬᠤᠵᠢᠳ 17 ᠲᠡᠷᠢᠭᠦᠯᠡᠵᠤ᠂ 20 ᠰᠢᠬᠠᠮ ᠠᠶᠢᠷᠠᠭᠳᠠᠵᠠᠢ᠃ ︽ᠮᠤᠷᠢ ᠪᠤᠯᠭᠠᠨ ᠦᠪᠡᠷ ᠤᠨ ᠢᠶᠠᠨ ᠵᠠᠩ | ᠠᠭᠠᠰᠢ ᠲᠠᠢ᠂ ᠤᠶᠠᠬᠤ ᠠᠷᠭ᠎ᠠ ᠨᠢ ᠪᠦᠷ ᠠᠳᠠᠯᠢ ᠦᠭᠡᠢ᠂ ᠵᠠᠪᠠᠯ ᠮᠤᠷᠢᠨ ᠤ ᠤᠨᠴᠠᠯᠢᠭ ᠰᠢᠨᠵᠢ ᠶᠢ ᠦᠨᠳᠦᠰᠦᠯᠡᠨ | ᠡᠳ᠋ᠯᠡᠵᠤ ᠰᠤᠷᠭᠠᠬᠤ ᠬᠡᠷᠡᠭᠳᠡᠢ᠂ ᠬᠦᠮᠦᠨ ᠪᠤᠯᠤᠨ ᠮᠤᠷᠢᠨ ᠤ ᠬᠠᠷᠢᠴᠠᠭ᠎ᠠ ᠶᠢ ᠨᠢᠭᠳᠠᠷᠠᠭᠤᠯᠵᠤ᠂ ᠢᠳᠡᠭᠡᠯ ᠢ ᠪᠤᠢ | ᠪᠤᠯᠭᠠᠬᠤ ᠳᠤ ᠶᠡᠭᠡ ᠬᠡᠮᠵᠢᠶᠡᠨ ᠤ ᠬᠦᠴᠤ ᠬᠦᠳᠡᠯᠮᠦᠷᠢ ᠪᠤᠯᠤᠨ ᠤᠷ᠎ᠠ ᠤᠬᠠᠭᠠᠨ ᠬᠡᠷᠡᠭᠰᠡᠨ᠎ᠡ᠃ ᠪᠢ ᠲᠡᠷᠡ ᠦᠶᠡᠰ | ᠲᠤᠷᠰᠢᠯᠭ᠎ᠠ ᠰᠤᠷᠭᠠᠮᠵᠢ ᠮᠡᠬᠦᠰ᠂ ᠡᠨᠡ ᠶᠤᠰᠤ ᠶᠢ ᠰᠠᠶᠢᠨ ᠤᠶᠢᠯᠠᠭᠠᠭᠰᠠᠨ ᠦᠭᠡᠢ᠂ ᠮᠤᠷᠢ ᠪᠤᠯᠭᠠᠨ ᠢ ᠨᠢᠭᠡᠯᠡ | ᠪᠠᠷᠢᠮᠵᠢᠶ᠎ᠠ ᠪᠠᠷ ᠡᠳ᠋ᠯᠡᠵᠤ ᠰᠤᠷᠭᠠᠳᠠᠭ ᠪᠠᠶᠢᠭᠰᠠᠨ ᠢᠶᠠᠷ᠂ ᠨᠢᠭᠡ ᠤᠳᠠᠭ᠎ᠠ ᠦᠳᠦ ᠬᠦᠷᠡᠩ ᠲᠠᠢ ᠪᠠᠨ ᠨᠠᠶᠢᠷ ᠲᠤ | ᠤᠴᠢᠭᠠᠳ᠂ ᠤᠨᠤᠭᠠᠴᠢ ᠪᠠᠶᠢᠬᠤ ᠦᠭᠡᠢ ᠦᠪᠡᠷ ᠢᠶᠠᠨ ᠤᠨᠤᠵᠤ ᠲᠠᠪᠬᠢᠭᠤᠯᠤᠨ᠂ ᠬᠦᠯ ᠢ ᠨᠢ ᠲᠤᠭᠤᠯᠭᠠᠵᠤ᠂ | ᠪᠦᠳᠦᠨ ᠬᠤᠶᠠᠷ ᠵᠢᠯ ᠡᠮᠨᠡᠵᠤ᠂ ᠰᠤᠶᠤᠯᠠᠩ ᠤᠨ ᠦᠶ᠎ᠡ ᠠᠴᠠ ᠲᠠᠬᠢᠵᠤ ᠤᠷᠤᠯᠳᠤᠭᠠᠨ ᠳᠤ ᠤᠷᠤᠯᠴᠠᠭᠤᠯᠤᠭᠰᠠᠨ | ᠶᠤᠮ︾ ᠭᠡᠵᠤ ᠵᠠᠮᠢᠶᠠᠨᠵᠠᠪ ᠦᠪᠡᠷ ᠤᠨ ᠲᠤᠷᠰᠢᠯᠭ᠎ᠠ ᠰᠤᠷᠭᠠᠮᠵᠢ ᠪᠠᠨ ᠤᠴᠢᠷᠯᠠᠨ᠎ᠠ᠃ | ᠠᠳᠤᠭᠤᠴᠢᠨ ᠤᠶᠠᠭᠠᠴᠢᠨ ᠬᠦᠮᠦᠨ ᠳᠤ ᠦᠷ ᠤᠨ ᠴᠢᠮᠡᠭᠡ ᠬᠦᠯᠦᠭ ᠤᠨ ᠢᠨᠴᠠᠭ᠎ᠠ ᠲᠠᠢ ᠢᠷᠡᠳᠡᠭ᠂ ᠬᠠᠰᠢᠷ | ᠠᠳᠤᠭᠤᠴᠢᠨ᠂ ᠭᠠᠷᠮᠠᠭᠠᠢ ᠤᠶᠠᠭᠠᠴᠢᠨ ᠤ ᠠᠯᠳᠠᠷ ᠢ ᠲᠡᠳᠡ ᠲᠡᠰᠪᠦᠷᠢ ᠬᠠᠳᠠᠭᠤᠵᠢᠯᠳᠠᠢ ᠦᠡᠭᠭᠡᠷᠡᠭᠡᠭᠰᠡᠨ ᠦᠷ ᠤᠨ | ᠭᠡᠭᠡ ᠪᠠᠷ ᠰᠤᠯᠢᠵᠤ ᠠᠪᠴᠢᠷᠠᠭᠰᠠᠨ ᠰᠠᠨ᠃ ᠵᠠᠮᠢᠶᠠᠨᠵᠠᠪ ᠴᠤ ᠠᠳᠠᠯᠢᠬᠠᠨ᠂ ᠲᠡᠷᠡ ᠦᠳᠦ ᠬᠦᠷᠡᠩ ᠢᠶᠠᠨ ᠡᠳᠦᠷ | ᠪᠤᠯᠭᠠᠨ ᠦᠷ ᠤᠨ ᠲᠦᠷᠪᠡᠨ ᠴᠠᠭ ᠲᠤ ᠪᠤᠰᠴᠤ ᠨᠢᠭᠡ ᠤᠳᠠᠭ᠎ᠠ ᠲᠡᠵᠢᠭᠡᠨ᠂ ᠤᠷᠤᠢ ᠶᠢᠨ ᠶᠢᠰᠦᠨ | ᠴᠠᠭ ᠠᠴᠠ ᠬᠤᠶᠢᠰᠢ ᠪᠠᠰᠠ ᠨᠢᠭᠡ ᠤᠳᠠᠭ᠎ᠠ ᠲᠡᠵᠢᠭᠡᠳᠡᠭ᠂ ᠤᠰᠤ ᠤᠤᠭᠤᠯᠭᠠᠬᠤ᠂ ᠤᠬᠢᠶᠠᠵᠤ ᠴᠡᠪᠡᠷᠯᠡᠬᠦ ᠳᠤ ᠨᠠᠷᠢᠨ | ᠬᠢᠨᠠᠮᠠᠭᠠᠢ ᠬᠢᠴᠢᠶᠡᠵᠤ ᠤᠷᠤᠳᠠᠭ ᠶᠤᠮ ᠭᠡᠨ᠎ᠡ᠃ ︽ᠮᠤᠷᠢ ᠤᠶᠠᠬᠤ ᠳᠤ ᠤᠯᠠᠨ ᠠᠷᠪᠢᠨ ᠠᠩᠬᠠᠷᠬᠤ ᠵᠦᠢᠯᠡᠰ | ᠪᠠᠶᠢᠳᠠᠭ᠂ ᠡᠳᠦᠷ ᠲᠤᠳᠤᠮ ᠤᠨ ᠢᠳᠡᠯᠬᠡ ᠤᠤᠭᠤᠯᠭ᠎ᠠ ᠴᠤ ᠶᠡᠭᠡ ᠡᠷᠳᠡᠮ ᠤᠬᠠᠭᠠᠨ ᠬᠡᠷᠡᠭᠯᠡᠳᠡᠭ᠂ ᠤᠨᠴᠠᠭᠠᠶᠢᠯᠠᠨ | ᠡᠪᠦᠯ ᠤᠨ ᠤᠯᠠᠷᠢᠯ ᠳᠤ ᠮᠤᠷᠢ ᠰᠠᠶᠢᠨ ᠲᠠᠷᠭᠤ ᠬᠦᠴᠤ ᠠᠪᠬᠤ ᠴᠢᠬᠤᠯᠠᠳᠠᠢ᠂ ᠤᠷᠤᠯᠳᠤᠭᠠᠨ ᠠᠴᠠ ᠡᠮᠦᠨ᠎ᠡ | ᠮᠤᠷᠢᠨ ᠤ ᠪᠠᠶᠢᠳᠠᠯ ᠢ ᠦᠨᠳᠦᠰᠦᠯᠡᠨ ᠵᠤᠬᠢᠬᠤ ᠬᠡᠮᠵᠢᠶᠡᠨ ᠤ ᠲᠡᠵᠢᠭᠡᠯ ᠡᠪᠡᠰᠤ ᠦᠭᠴᠤ᠂ ᠪᠡᠶ᠎ᠡ ᠶᠢᠨ ᠬᠦᠨᠳᠤ ᠶᠢ ᠨᠢ | ᠪᠠᠳᠤᠯᠠᠵᠤ᠂ ᠤᠷᠤᠯᠳᠤᠭᠠᠨ ᠳᠤ ᠲᠠᠪᠠᠭᠤᠯᠢᠭ ᠢᠶᠠᠨ ᠬᠦᠢᠴᠡᠳ ᠪᠠᠳᠠᠷᠠᠭᠤᠯᠬᠤ ᠶᠢ ᠨᠢ ᠪᠠᠳᠤᠯᠠᠬᠤ ᠬᠡᠷᠡᠭᠳᠡᠢ︾ ᠭᠡᠵᠤ | ᠵᠠᠮᠢᠶᠠᠨᠵᠠᠪ ᠤᠴᠢᠷᠯᠠᠨ᠎ᠠ᠃ᠤᠳᠤᠬᠠᠨ ᠳᠤ᠂ ᠵᠠᠮᠢᠶᠠᠨᠵᠠᠪ ᠲᠦᠷᠪᠡᠨ ᠤᠷᠤᠯᠳᠤᠭᠠᠨ ᠤ ᠮᠤᠷᠢ ᠤᠶᠠᠵᠤ᠂ ᠮᠤᠩᠭᠤᠯ | ᠮᠤᠷᠢ ᠠᠴᠠ ᠭᠠᠳᠠᠨ᠎ᠠ ᠪᠠᠰᠠ ᠡᠷᠯᠢᠰᠡ ᠮᠤᠷᠢ ᠪᠠᠶᠢᠵᠤ᠂ ᠠᠶᠢᠮᠠᠭ ᠤᠨ ᠬᠡᠪᠴᠢᠶᠡᠨ ᠤ ᠤᠷᠤᠯᠳᠤᠭᠠᠨ ᠠᠴᠠ ᠭᠠᠳᠠᠨ᠎ᠠ᠂ | ᠤᠯᠠᠭᠠᠨᠬᠠᠳᠠ᠂ ᠡᠾᠧᠪᠸᠢ ᠶᠢᠨ ᠵᠠᠩ ᠪᠸᠢ ᠵᠡᠷᠭᠡ ᠭᠠᠵᠠᠷ ᠤᠨ ᠨᠠᠶᠢᠷ ᠨᠠᠭᠠᠳᠤᠮ ᠳᠤ ᠤᠷᠤᠯᠴᠠᠨ᠂ ᠬᠦᠷᠰᠢ | ᠵᠡᠷᠭᠡᠯᠡᠳᠡᠭᠡ ᠠᠶᠢᠮᠠᠭ ᠬᠤᠳᠠ ᠶᠢᠨ ᠨᠠᠶᠢᠷ ᠨᠠᠭᠠᠳᠤᠮ ᠢᠶᠠᠷ ᠨᠤᠳᠤᠬ ᠤᠰᠤᠨ ᠤ ᠪᠠᠨ ᠠᠯᠳᠠᠷ ᠢ ᠡᠷᠬᠦᠵᠤ | ᠨᠠᠭᠠᠳᠤᠮᠴᠢᠠ ᠲᠦᠮᠡᠨ ᠢᠶᠠᠨ ᠪᠠᠶᠠᠰᠬᠠᠭᠰᠠᠨ ᠮᠦᠷᠳᠡᠭᠡᠨ ᠤᠯᠠᠨ ᠠᠷᠪᠢᠨ ᠱᠠᠩᠨᠠᠯ ᠢᠶᠠᠷ ᠡᠩᠭᠡᠷ ᠢᠶᠠᠨ ᠮᠢᠯᠢᠶᠠᠯᠭᠠᠵᠤ᠂ | ᠤᠶᠠᠭᠠᠴᠢ ᠨᠡᠷ᠎ᠡ ᠪᠠᠨ ᠠᠯᠳᠠᠷᠰᠢᠭᠤᠯᠤᠠ ᠶᠠᠪᠤᠭᠰᠠᠠ ᠢ ᠬᠠᠨ᠎ᠠ ᠲᠦᠭᠦᠷᠡᠩ ᠵᠡᠷᠬᠡᠴᠡᠬᠦᠯᠥᠨ ᠲᠠᠯᠪᠢᠭᠰᠠᠠ ᠢᠷᠠᠭᠤ | ᠠᠯᠳᠠᠷ ᠤᠨ ᠭᠦᠭᠢᠭᠦᠯᠦᠯ ᠦᠨᠡᠮᠯᠡᠯ ᠤᠳ ᠨᠢ ᠭᠡᠷᠡᠴᠢ ᠪᠤᠯᠤᠠ ᠭᠢᠯᠠᠯᠵᠠᠨ᠎ᠠ᠃ ︽ᠮᠠᠨ ᠤ ᠮᠠᠯᠴᠢᠳ ᠲᠤ ᠠᠪᠴᠤ | ᠬᠡᠯᠡᠪᠡᠯ᠂ ᠰᠠᠶᠢᠨ ᠤᠶᠠᠭᠠᠴᠢ ᠪᠤᠯᠬᠤ ᠨᠢ ᠦᠪᠡᠷ ᠤᠨ ᠪᠡᠶ᠎ᠡ ᠳᠤ ᠪᠠᠨ ᠢᠷᠠᠭᠤ ᠠᠯᠳᠠᠷ ᠠᠪᠴᠢᠷᠠᠬᠤ ᠪᠠᠷ ᠪᠠᠷᠠᠬᠤ | ᠦᠭᠡᠢ᠂ ᠪᠠᠰᠠ ᠤᠯᠠᠨ ᠰᠠᠶᠢᠬᠠᠨ ᠨᠠᠶᠢᠵᠠ ᠨᠦᠬᠦᠳ ᠲᠠᠨᠢᠯᠴᠠᠳᠠᠭ ᠶᠤᠮ︾ ᠭᠡᠵᠤ ᠵᠠᠮᠢᠶᠠᠨᠵᠠᠪ ᠪᠠᠶᠠᠷᠯᠠᠠ ᠭᠡᠯᠡᠨ᠎ᠠ᠃ | ᠲᠦᠷᠦᠬᠦᠬᠡᠨ ᠶᠠᠪᠤᠭᠳᠠᠭᠰᠠᠨ ᠠᠩᠬᠠᠳᠤᠭᠠᠷ ᠬᠤᠭᠤᠴᠠᠭᠠᠨ ᠤ ︽ᠮᠤᠩᠭᠤᠯ ᠮᠤᠷᠢᠨ ᠤ ᠵᠤᠷᠢᠭ ᠰᠠᠨᠠᠭ᠎ᠠ | ᠬᠤᠨᠳᠠᠭᠠᠳᠤ︾ ᠰᠢᠯᠢ ᠶᠢᠨ ᠭᠤᠤᠯ ᠤᠨ ᠮᠤᠩᠭᠤᠯ ᠮᠤᠷᠢᠨ ᠤ ᠬᠤᠯᠪᠤᠭᠠᠳᠤ ᠤᠷᠤᠯᠳᠤᠭᠠᠨ ᠳᠤ ᠭᠠᠴᠠᠭ᠎ᠠ ᠲᠡᠰ ᠤᠨ | ᠤᠷᠤᠯᠳᠤᠭᠠᠨ᠂ ᠰᠤᠮᠤᠨ ᠤ ᠲᠡᠰ ᠤᠨ ᠤᠷᠤᠯᠳᠤᠭᠠᠨ ᠪᠤᠯᠤᠨ ᠬᠤᠰᠢᠭᠤᠠ ᠤ ᠲᠡᠰ ᠤᠨ ᠤᠷᠤᠯᠳᠤᠭᠠᠨ ᠳᠤ | ᠵᠠᠮᠢᠶᠠᠨᠵᠠᠪ ᠤᠨ ᠦᠳᠦ ᠬᠦᠷᠡᠩ ᠨᠢ ᠪᠦᠷ ᠲᠡᠷᠢᠭᠦᠯᠡᠵᠤ᠂ ᠬᠤᠷᠳᠤᠨ ᠬᠦᠯᠦᠭ ᠤᠨ ᠢᠶᠠᠨ ᠰᠢᠨᠳᠠᠰᠤ ᠶᠢ ᠬᠤᠷᠠᠭᠰᠠᠨ | ᠤᠯᠠᠨ ᠳᠠᠭᠠᠨ ᠭᠠᠶᠢᠬᠠᠭᠤᠯᠵᠤ ᠪᠢᠯᠡ᠃ | ᠲᠠᠭᠤᠷᠢᠶᠠᠯ ᠤᠨ ᠭᠦᠴᠦᠡ ᠭᠢᠵᠠᠭᠠᠯᠠᠰᠢ ᠦᠭᠡᠢ᠃ ᠵᠠᠮᠢᠶᠠᠨᠵᠠᠪ ᠤᠨ ᠬᠤᠶᠠᠷ ᠬᠦᠦ ᠨᠢ ᠴᠥ ᠲᠡᠭᠦᠨ ᠤ | ᠨᠦᠯᠦᠭᠡᠯᠡᠯ ᠢᠶᠠᠷ ᠮᠤᠷᠢᠨ ᠳᠤ ᠶᠡᠭᠡ ᠪᠠᠭ᠋ᠠᠳᠠᠢ ᠪᠠᠶᠢᠵᠤ᠂ ᠶᠡᠭᠡ ᠬᠦᠦ ᠨᠢ ᠲᠠᠪᠤᠨ ᠨᠠᠰᠤᠳᠠᠢ ᠠᠴᠠ ᠪᠠᠨ ᠮᠤᠷᠢ | ᠤᠨᠤᠵᠤ᠂ ᠭᠤᠷᠪᠠᠨ ᠨᠠᠰᠤᠳᠠᠢ ᠪᠠᠭ᠎ᠠ ᠬᠦᠦ ᠨᠢ ᠴᠦ ᠤᠳᠤ ᠠᠴᠠ ᠡᠬᠢᠯᠡᠨ ᠮᠤᠷᠢ ᠤᠨᠤᠵᠤ ᠰᠤᠷᠴᠤ ᠪᠠᠶᠢᠬᠤ ᠪᠢᠯᠠ᠃ | ︽ᠮᠤᠷᠢ ᠤᠨᠤᠬᠤ ᠨᠢ ᠭᠡᠤᠭᠡᠤᠠ ᠤᠨ ᠪᠠᠶ᠎ᠠ ᠮᠠᠬᠠᠪᠤᠤᠠ ᠤᠨ ᠡᠷᠡᠭᠦᠯ ᠪᠤᠶᠢᠵᠢᠯᠳᠠ ᠭᠢᠭᠡᠤᠠ ᠰᠦᠰᠦ ᠵᠤᠷᠢᠭ ᠲᠠᠢ | ᠭᠦᠮᠦᠡ ᠪᠤᠯᠤᠠ ᠭᠦᠮᠦᠵᠢᠭᠳᠡᠭᠦ ᠳᠤ ᠪᠦᠷ ᠠᠰᠢᠬᠳᠠᠢ ᠪᠠᠶᠢᠳᠠᠭ᠃ ᠡᠩ ᠲᠡᠷᠢᠭᠦᠡ ᠳᠤ ᠮᠤᠷᠢ ᠤᠨᠤᠬᠤ ᠨᠢ | ᠬᠡᠤᠬᠡᠳ ᠤᠨ ᠪᠡᠶ᠎ᠡ ᠮᠠᠬᠠᠪᠤᠳ ᠤᠨ ᠡᠷᠡᠬᠦᠯ ᠴᠢᠬᠢᠷᠠᠭ ᠦᠰᠦᠨ ᠪᠤᠶᠢᠵᠢᠯᠳᠠ᠂ ᠪᠡᠶ᠎ᠡ ᠪᠠᠨ ᠵᠤᠬᠢᠴᠠᠭᠤᠯᠬᠤ | ᠴᠢᠳᠠᠪᠤᠷᠢ ᠶᠢ ᠲᠡᠭᠡᠭᠰᠢᠯᠡᠬᠦᠯᠬᠦ ᠳᠤ ᠠᠰᠢᠭᠳᠠᠢ᠂ ᠲᠠᠭᠢᠪᠠᠯ ᠮᠤᠷᠢ ᠤᠷᠤᠯᠳᠤᠬᠤ ᠨᠢ ᠬᠦᠴᠢᠷ ᠠᠴᠠ ᠠᠶᠤᠬᠤ ᠦᠭᠡᠢ | ᠤᠷᠤᠭᠰᠢᠯᠠᠨ ᠲᠠᠪᠰᠢᠬᠤ ᠵᠤᠷᠢᠭ ᠰᠦᠰᠦ ᠶᠢ ᠡᠷᠴᠢᠯᠡᠳᠡᠭ ᠶᠤᠮ᠃ ᠪᠢ ᠦᠪᠡᠷ ᠢᠶᠠᠨ ᠮᠤᠷᠢ ᠪᠠᠨ ᠰᠠᠶᠢᠨ ᠤᠶᠠᠵᠤ᠂ | ᠤᠯᠠᠨ ᠠᠷᠪᠢᠨ ᠤᠷᠤᠯᠳᠤᠭᠠᠨ ᠳᠤ ᠤᠷᠤᠯᠴᠠᠬᠤ ᠶᠢᠨ ᠬᠠᠮᠳᠤ ᠬᠤᠶᠠᠷ ᠬᠡᠤᠬᠡᠳ ᠲᠤ ᠪᠠᠨ ᠴᠦ ᠲᠡᠰᠪᠦᠷᠢ | ᠲᠡᠪᠴᠢᠶᠡᠷᠢ ᠲᠠᠢ ᠪᠠᠷ ᠵᠢᠭᠠᠵᠤ ᠬᠡᠯᠡᠵᠦ ᠦᠭᠬᠦᠨ᠂ ᠨᠤᠳᠤᠭ ᠤᠰᠤᠨ ᠤ ᠪᠠᠨ ᠨᠠᠷᠠ ᠠᠯᠳᠠᠷ ᠢ ᠲᠠᠭᠤᠷᠢᠰᠤᠭᠤᠯᠤᠨ᠂ | ᠠᠳᠤᠭᠤᠨ ᠰᠤᠶᠤᠯ ᠢᠶᠠᠨ ᠤᠯᠠᠮᠵᠢᠯᠠᠨ ᠦᠪᠯᠡᠶᠡ ᠭᠡᠵᠤ ᠪᠤᠳᠤᠵᠤ ᠪᠠᠶᠢᠨ᠎ᠠ︾ ᠭᠡᠮᠡᠨ ᠵᠠᠮᠢᠶᠠᠨᠵᠠᠪ ᠪᠤᠳᠤᠯ ᠢᠶᠠᠨ | ᠲᠡᠯᠭᠡᠨ᠎ᠠ᠃ | ᠠᠭᠤᠳᠠᠮ ᠲᠠᠨᠢᠭᠡᠷ ᠰᠢᠯᠢ ᠶᠢᠨ ᠭᠤᠤᠯ ᠤᠨ ᠲᠠᠯ᠎ᠠ ᠨᠤᠳᠤᠭ ᠤᠰᠤ ᠪᠠᠯᠴᠢᠭᠡᠷ ᠰᠠᠶᠢᠳᠠᠢ ᠪᠠᠷ ᠢᠶᠠᠨ ᠡᠷᠳᠠ ᠠᠴᠠ | ᠠᠪᠤᠭᠠᠤᠠ ᠮᠤᠩᠭᠤᠯ ᠠᠳᠤᠭᠤᠠ ᠤ ᠦᠯᠦᠭᠡᠢ ᠪᠤᠯᠵᠤ᠂ ᠠᠳᠤᠭᠤᠠ ᠰᠤᠶᠤᠯ ᠤᠨ ᠰᠠᠭᠤᠷᠢ ᠭᠦᠡ ᠵᠤᠵᠠᠭᠠᠠ᠂ | ᠠᠳᠤᠭᠤᠠ ᠤ ᠠᠵᠤ ᠦᠢᠯᠡᠰ ᠤᠨ ᠭᠦᠭᠵᠢᠯᠳᠠ ᠦᠨᠢ ᠤᠳᠠᠭᠠᠠ ᠲᠡᠤᠭᠡ ᠲᠠᠢ ᠪᠠᠶᠢᠵᠤ᠂ ᠡᠨᠡ ᠨᠤᠳᠤᠭ ᠤᠨ | ᠠᠵᠢᠯᠴᠢ ᠮᠠᠯᠴᠢᠤᠠ ᠨᠢ ᠮᠤᠩᠭᠤᠯ ᠠᠳᠤᠭᠤᠨ ᠤ ᠤᠳᠤᠮ ᠤᠭᠰᠢᠯ ᠢ ᠬᠠᠮᠠᠭᠠᠯᠠᠨ ᠦᠷᠡᠵᠢᠬᠦᠯᠵᠦ᠂ ᠬᠤᠷᠳᠤᠨ | ᠬᠦᠯᠦᠭ ᠢᠶᠠᠷ ᠢᠶᠠᠨ ᠲᠠᠯ᠎ᠠ ᠪᠠᠨ ᠴᠢᠮᠡᠵᠤ᠂ ᠬᠡᠰᠢᠭ ᠬᠡᠶᠢᠮᠤᠷᠢ ᠬᠤᠷᠦ᠋ᠢᠯᠠᠨ᠂ ᠮᠤᠩᠭᠤᠯ ᠮᠤᠷᠢᠨ ᠤ ᠵᠤᠷᠢᠭ | ᠰᠠᠨᠠᠭ᠎ᠠ ᠶᠢ ᠪᠠᠳᠠᠷᠠᠭᠤᠯᠤᠨ᠂ ᠲᠡᠰᠪᠦᠷᠢ ᠬᠠᠳᠠᠭᠤᠵᠢᠯᠳᠠᠢ ᠪᠠᠷ ᠬᠦᠴᠢᠷ ᠪᠡᠷᠭᠡᠰᠢᠶᠡᠯ ᠪᠦ᠋ᠬᠦᠨ ᠢ ᠢᠯᠠᠨ ᠲᠠᠪᠠᠵᠤ᠂ | ᠰᠢᠨ᠎ᠠ ᠴᠠᠭ ᠦᠶ᠎ᠠ ᠳᠤ ᠠᠮᠢᠳᠤᠷᠠᠯ ᠦᠢᠯᠡᠰ ᠢᠶᠠᠨ ᠴᠤᠭᠴᠠᠯᠠᠠ ᠴᠤᠴᠠᠯᠳᠠ ᠦᠭᠡᠢ ᠡᠷᠡᠮᠡᠭᠡᠶᠢᠯᠡᠡ ᠤᠷᠤᠭᠰᠢᠯᠠᠨ᠎ᠠ᠃ | | | | |