ᠢᠰᠡᠬᠡᠢ ᠣᠷᠠᠯᠠᠯ ᠤᠨ ᠰᠤᠶᠤᠯ ᠢ ᠦᠪᠯᠡᠨ ᠤᠯᠠᠮᠵᠢᠯᠠᠭᠴᠢ ᠰᠣᠪᠣᠳᠠᠨᠴᠡᠴᠡᠭ ᠪᠠᠭᠰᠢ
ᠨᠡᠶᠢᠲᠡᠯᠡᠭᠰᠡᠨ ᠴᠠᠭ᠄
2024/6/5
     ᠪᠣᠳᠠᠰ ᠤᠨ ᠪᠤᠰᠤ ᠰᠣᠶᠣᠯ ᠤᠨ ᠥᠪ ᠨᠢ ᠦᠨᠳᠦᠰᠦᠲᠡᠨ ᠨᠦᠭᠦᠳ ᠤᠨ ᠬᠤᠭᠤᠷᠤᠨᠳᠤᠬᠢ ᠰᠣᠶᠣᠯ ᠤᠨ ᠰᠣᠯᠢᠯᠴᠠᠭ᠎ᠠ  ᠶᠢᠨ ᠪᠦᠲᠦᠭᠡᠭᠳᠡᠬᠦᠨ ᠪᠣᠯᠬᠤ ᠪᠠᠷ ᠪᠠᠷᠠᠬᠤ ᠦᠭᠡᠢ ᠨᠡᠩ ᠴᠤ ᠦᠨᠳᠦᠰᠦᠲᠡᠨ ᠤ ᠦᠪ ᠰᠤᠶᠤᠯ ᠤᠨ  ᠰᠢᠨ᠎ᠡ ᠠᠴᠢᠶᠠᠯᠠᠪᠤᠷᠢ ᠪᠣᠯᠤᠨ᠎ᠠ᠃ ᠪᠣᠳᠠᠰ ᠤᠨ ᠪᠤᠰᠤ ᠰᠣᠶᠣᠯ ᠤᠨ ᠥᠪ ᠤᠨ ᠤᠯᠠᠮᠵᠢᠯᠠᠭᠴᠢ ᠨᠢ ᠰᠢᠨ᠎ᠠ ᠴᠠᠭ ᠦᠶ᠎ᠡ ᠶᠢᠨ ᠤᠮᠠᠷᠠᠲᠤ ᠬᠢᠯᠢ ᠶᠢᠨ ᠰᠣᠶᠣᠯ ᠤᠨ ᠭᠤᠸ᠎ᠠ ᠰᠠᠶᠢᠬᠠᠨ ᠢ ᠳᠡᠯᠭᠡᠨ ᠦᠵᠡᠬᠦᠯᠵᠣ᠂ ᠤᠯᠠᠮ ᠴᠢᠨᠠᠭᠰᠢᠳᠠ ᠳᠡᠯᠭᠡᠷᠡᠬᠦᠯᠦᠨ ᠤᠯᠠᠮᠵᠢᠯᠠᠬᠤ ᠳᠠᠷᠬᠠᠨ ᠡᠬᠦᠷᠭᠡ ᠲᠠᠢ ᠪᠠᠶᠢᠳᠠᠭ ᠪᠢᠯᠡ᠃ ᠬᠥᠪᠡᠭᠡᠲᠦ ᠰᠢᠷ᠎ᠠ ᠬᠤᠰᠢᠭᠤᠨ ᠤ ᠮᠣᠩᠭᠤᠯ ᠳᠤᠮᠳᠠᠳᠤ ᠰᠤᠷᠭᠠᠭᠤᠯᠢ ᠶᠢᠨ ᠠᠵᠢᠯ ᠠᠴᠠ ᠪᠠᠨ ᠠᠮᠠᠷᠠᠭᠰᠠᠨ ᠠᠬᠠᠮᠠᠳ ᠪᠠᠭᠰᠢ᠂ ᠥᠪᠥᠷ ᠮᠣᠩᠭᠤᠯ ᠤᠨ ᠴᠠᠬᠠᠷ ᠰᠣᠶᠣᠯ ᠤᠨ ᠰᠤᠳᠤᠯᠭᠠᠨ ᠤ ᠨᠡᠶᠢᠭᠡᠮᠯᠢᠭ ᠤᠨ ᠭᠡᠰᠢᠭᠦᠨ᠂ ᠬᠤᠰᠢᠭᠤ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ ︽ᠢᠰᠡᠭᠡᠢ ᠬᠢᠬᠦ ᠤᠷ᠎ᠠ ᠮᠡᠷᠭᠡᠵᠢᠯ︾ ᠤᠨ ᠲᠥᠯᠥᠭᠡᠯᠡᠬᠦ ᠴᠢᠨᠠᠷᠲᠠᠶ ᠦᠪᠯᠡᠨ ᠤᠯᠠᠮᠵᠢᠯᠠᠭᠴᠢ ᠰᠣᠪᠣᠳᠠᠨᠴᠡᠴᠡᠭ ᠪᠣᠯ ᠡᠨᠡᠬᠦ ᠠᠷᠢᠭᠤᠨ ᠳᠠᠷᠬᠠᠨ ᠡᠬᠦᠷᠭᠡ ᠬᠠᠷᠢᠭᠤᠴᠠᠯᠭ᠎ᠠ ᠪᠠᠨ ᠠᠵᠢᠯ ᠦᠢᠯᠡᠰ ᠪᠤᠯᠭᠠᠨ ᠡᠷᠬᠢᠯᠡᠵᠤ ᠶᠠᠪᠤᠭ᠎ᠠ ᠵᠢᠳᠬᠦᠯᠲᠡᠨ ᠤ ᠨᠢᠭᠡᠨ ᠪᠣᠯᠤᠨ᠎ᠠ᠃     ᠬᠦᠪᠡᠬᠡᠳᠣ ᠰᠢᠷ᠎ᠡ ᠬᠤᠰᠢᠭᠤᠨ ᠤ ᠰᠢᠨᠠᠪᠣᠯᠠᠭ ᠪᠠᠯᠭᠠᠰᠣᠨ ᠤ ᠬᠠᠰᠢᠶᠠᠲᠤ ᠨᠡᠶᠢᠭᠡᠮ ᠲᠣᠭᠤᠷᠢᠭ ᠤᠨ ᠢᠰᠡᠭᠡᠢ ᠣᠷᠠᠯᠠᠯ  ᠤᠨ ᠠᠵᠢᠯᠯᠠᠬᠤ ᠦᠷᠣᠬᠡ ᠳᠤ᠂ ᠢᠰᠡᠭᠡᠢ ᠵᠢᠷᠤᠭ᠂ ᠣᠯᠪᠣᠭ᠂ ᠢᠰᠡᠬᠡᠢ ᠴᠦᠩᠬᠦ ᠵᠡᠷᠭᠡ ᠬᠢᠴᠠ ᠨᠢ ᠨᠠᠷᠢᠯᠢᠭ ᠰᠠᠶᠢᠬᠠᠨ᠂ ᠶᠠᠩᠵᠤ ᠬᠡᠯᠪᠡᠷᠢ ᠤᠯᠠᠨ ᠭᠠᠷ ᠤᠷᠠᠯᠠᠯ ᠤᠨ ᠪᠦᠲᠦᠭᠡᠭᠳᠡᠬᠦᠨ ᠢ ᠲᠡᠯᠭᠡᠨ ᠦᠵᠡᠬᠦᠯᠵᠦ ᠪᠠᠶᠢᠯ᠎ᠠ᠃ ᠰᠣᠪᠣᠳᠠᠨᠴᠡᠴᠡᠭ ᠪᠠᠭᠰᠢ ᠢᠰᠡᠭᠡᠢ ᠬᠠᠳᠬᠤᠮᠠᠯ ᠬᠠᠳᠬᠤᠬᠤ᠂ ᠥᠩᠭᠡ ᠲᠣᠬᠢᠷᠠᠭᠤᠯᠬᠤ ᠵᠡᠷᠭᠡ ᠲᠠᠯ᠎ᠠ ᠪᠠᠷ ᠱᠠᠪᠢ ᠨᠡᠷ ᠲᠤ ᠪᠠᠨ ᠵᠢᠯᠣᠭᠤᠳᠣᠯᠭ᠎ᠠ ᠬᠢᠵᠦ᠂ ᠬᠠᠮᠲᠤ ᠪᠠᠷ ᠰᠤᠷᠤᠯᠴᠠᠨ ᠰᠠᠨᠠᠯ ᠪᠤᠳᠤᠯ ᠢᠶᠠᠨ ᠰᠣᠯᠢᠯᠴᠠᠵᠤ᠂ ᠠᠵᠢᠯᠯᠠᠬᠤ ᠦᠷᠦᠬᠡ ᠬᠦᠭᠵᠢᠶᠡᠨ ᠱᠤᠤᠬᠢᠶᠠᠨ ᠲᠠᠢ ᠪᠠᠶᠢᠯ᠎ᠠ᠃ ︽ᠪᠢ ᠰᠤ ᠪᠠᠭᠰᠢ ᠪᠠᠨ ᠲᠠᠭᠠᠭᠠᠳ4 ᠠᠴᠠ 5 ᠵᠢᠯ ᠪᠣᠯᠵᠣ ᠪᠠᠶᠢᠭ᠎ᠠ︔ ᠡᠨᠡ ᠲᠠᠪᠣᠨ ᠵᠢᠯ ᠤᠨ ᠬᠤᠭᠤᠴᠠᠭᠠᠨ  ᠳᠤ ᠣᠯᠠᠨ ᠶᠠᠭᠤᠮ᠎ᠠ ᠰᠣᠷᠣᠯ᠎ᠠ︔ ᠮᠠᠨ ᠤ ᠣᠷᠠᠴᠣᠳ ᠡᠨᠡ ᠣᠷᠠᠯᠠᠯ ᠢ ᠰᠣᠷᠣᠭᠠᠳ ᠶᠡᠭᠡ ᠣᠯᠣᠯᠳᠠ ᠲᠠᠢ︔ ᠰᠣ ᠪᠠᠭᠰᠢ ᠪᠢᠳᠠᠨ ᠠᠴᠠ ᠮᠦᠩᠬᠦ ᠵᠣᠭᠤᠰ ᠬᠡᠵᠣ ᠨᠢᠬᠡ ᠴᠦ ᠬᠤᠷᠢᠶᠠᠬᠰᠠᠨ ᠦᠬᠡᠢ︔ ᠮᠠᠨ ᠤ ᠨᠠᠰᠣᠳᠠᠶᠢᠴᠣᠳ ᠶᠡᠭᠡ ᠪᠡᠶᠡᠷ ᠬᠦᠷ  ᠲᠠᠢ ᠵᠣᠯ ᠵᠢᠷᠭᠠᠯ ᠲᠠᠢ ᠰᠠᠶᠢᠬᠠᠨ ᠪᠠᠶᠢᠨ᠎ᠠ︾ ᠭᠡᠵᠤ ᠱᠠᠪᠢ ᠣᠶᠣᠩᠭᠤᠸ᠎ᠠ ᠨᠢ ᠶᠠᠷᠢᠯ᠎ᠠ᠃     ᠪᠠᠭ᠎ᠠ ᠠᠴᠠ ᠪᠠᠨ ᠮᠠᠯᠵᠢᠬᠤ ᠣᠷᠣᠨ ᠳᠤ ᠦᠰᠦᠭᠰᠡᠨ ᠰᠣᠪᠣᠳᠠᠨᠴᠡᠴᠡᠭ ᠪᠠᠭᠰᠢ ᠦᠨᠳᠦᠰᠦᠲᠡᠨ ᠤ ᠢᠰᠡᠬᠡᠢ ᠤᠷᠠᠯᠠᠯ  ᠤᠨ ᠰᠣᠶᠣᠯ ᠤᠨ ᠨᠥᠯᠥᠭᠡ ᠶᠢ ᠭᠦᠨ ᠬᠦᠷᠲᠡᠵᠦ᠂ ᠢᠰᠡᠭᠡᠢ ᠤᠷᠠᠯᠠᠯ ᠳᠤ ᠲᠦᠢᠯ ᠤᠨ ᠶᠡᠭᠡ ᠳᠤᠷ᠎ᠠ ᠪᠠᠬ᠎ᠠ ᠲᠠᠢ ᠪᠤᠯᠵᠤ᠂ ᠡᠵᠢ ᠪᠠᠨ ᠳᠠᠭᠠᠵᠤ ᠢᠰᠡᠭᠡᠢ ᠣᠷᠠᠯᠠᠯ ᠰᠤᠷᠴᠤ ᠪᠠᠶᠢᠵᠠᠢ᠃ ᠲᠡᠷᠡ 1971 ᠣᠨ ᠠᠴᠠ 2006 ᠣᠨ ᠪᠣᠯᠳᠠᠯ᠎ᠠ ᠭᠤᠴᠢ ᠭᠠᠷᠣᠢ ᠵᠢᠯ ᠲᠣᠮᠳᠠᠳᠣ ᠰᠣᠷᠭᠠᠭᠤᠯᠢ ᠶᠢᠨ ᠪᠠᠭᠰᠢ ᠪᠠᠷ ᠠᠵᠢᠯᠯᠠᠵᠣ᠂ ᠠᠵᠢᠯ ᠤᠨ ᠠᠮᠠᠷᠠᠯᠳᠠ ᠪᠠᠨ ᠠᠪᠣᠬᠰᠠᠨ ᠠᠴᠠ ᠬᠤᠶᠢᠰᠢ ᠢᠰᠡᠬᠡᠢ ᠣᠷᠠᠯᠠᠯ ᠤᠨ ᠲᠣᠬᠠᠢ ᠰᠣᠳᠣᠯᠭᠠᠨ ᠢᠶᠠᠨ ᠡᠬᠢᠯᠡᠬᠦᠯᠵᠣ ᠪᠢᠯᠠ᠃ ︽2015 ᠣᠨ ᠠᠴᠠ ᠢᠰᠡᠬᠡᠢ ᠣᠷᠠᠯᠠᠯ ᠤᠨ ᠵᠢᠭᠠᠨ ᠰᠣᠷᠭᠠᠯᠳᠠ ᠶᠢᠨ ᠠᠵᠢᠯ ᠢ ᠨᠡᠯᠢᠶᠠᠳ ᠴᠢᠭᠯᠡᠯ ᠲᠠᠢ᠂ ᠲᠦᠯᠣᠪᠯᠡᠭᠡ ᠲᠠᠢ ᠪᠠᠷ ᠬᠢᠭᠰᠡᠨ︔ ᠡᠬᠢᠯᠠᠯᠳᠠ  ᠶᠢᠨ ᠭᠠᠵᠡᠷ ᠨᠢ ᠪᠣᠯ ᠰᠣᠷᠭᠠᠭᠤᠯᠢ︔ ᠰᠣᠷᠭᠠᠭᠤᠯᠢ ᠳᠤ ᠢᠰᠡᠬᠡᠢ ᠣᠷᠠᠯᠠᠯ ᠤᠨ ᠲᠣᠷ᠎ᠠ ᠪᠠᠬ᠎ᠠ ᠶᠢᠨ ᠬᠢᠴᠢᠶᠠᠯ ᠢ ᠨᠡᠬᠡᠬᠡᠬᠡᠳ ᠂ ᠰᠣᠷᠣᠬᠴᠢᠳ ᠲᠤ ᠣᠯᠡᠩᠬᠢ ᠳᠤ ᠪᠠᠨ ᠰᠢᠷᠢᠮᠠᠯ ᠵᠢᠭᠠᠬᠤ ᠶᠢᠨ ᠲᠠᠭᠠᠣ ᠦᠨᠳᠣᠰᠣᠳᠠᠨ ᠤ ᠬᠡ ᠣᠭᠠᠯᠵᠠ ᠶᠢ ᠢᠰᠡᠬᠡᠢ ᠲᠡᠬᠡᠷ᠎ᠡ ᠶᠠᠭᠠᠬᠢᠵᠣ ᠭᠠᠷᠭᠠᠬᠤ ᠵᠡᠷᠬᠡ ᠶᠢ ᠵᠢᠭᠠᠬᠰᠠᠨ︔ 2018 ᠣᠨ ᠳᠤ ᠨᠡᠶᠢᠬᠡᠮ ᠲᠡᠬᠡᠷ᠎ᠡ ᠠᠵᠢᠯᠯᠠᠭ᠎ᠠ ᠬᠢᠭᠰᠡᠨ︔ ᠠᠷᠪᠢᠨ ᠱᠠᠪᠢ ᠨᠡᠷ ᠲᠠᠢ ᠪᠣᠯᠣᠬᠰᠠᠨ︔ ᠱᠠᠪᠢ ᠨᠡᠷ ᠲᠤ ᠨᠠᠰᠣᠨ ᠤ ᠬᠢᠵᠠᠭᠠᠷ ᠪᠠᠶᠢᠬᠤ ᠦᠬᠡᠢ᠂ ᠡᠷᠡᠭᠲᠠᠢ ᠡᠮᠡᠭᠲᠠᠢ ᠬᠡᠵᠣ ᠴᠢᠨᠡᠷ ᠤᠨ ᠢᠯᠭᠠᠯ ᠪᠠᠶᠢᠳᠠᠭ ᠦᠬᠡᠢ᠂ ᠬᠡᠨ ᠲᠣᠷᠠᠲᠠᠢ ᠪᠣᠯ ᠲᠡᠷᠡ ᠰᠣᠷᠴᠣ ᠪᠠᠶᠢᠳᠠᠭ︔ ᠣᠳᠣ ᠪᠣᠯᠳᠠᠯ᠎ᠠ ᠦᠨ᠎ᠠ ᠲᠦᠯᠣᠪᠣᠷᠢ ᠦᠬᠡᠢ ᠵᠢᠭᠠᠨ ᠰᠣᠷᠭᠠᠯᠳᠠ ᠬᠢᠭᠰᠡᠨ︔ ᠦᠨᠳᠣᠰᠣᠳᠠᠨ ᠤ ᠦᠪ ᠰᠣᠶᠣᠯ ᠢ ᠣᠯᠠᠮᠵᠢᠯᠠᠭᠤᠯᠵᠣ ᠬᠠᠷᠠᠯᠳᠠ ᠪᠠᠷ ᠨᠣᠮ ᠨᠠᠶᠢᠷᠠᠭᠤᠯᠬᠤ᠂ ᠵᠢᠭᠠᠬᠤ᠂ ᠪᠣᠯᠪᠠᠰᠣᠷᠠᠯ ᠬᠢᠬᠦ᠂ ᠪᠠᠰᠠ ᠬᠤᠯᠪᠣᠭ᠎ᠠ ᠪᠠᠶᠢᠭᠤᠯᠣᠭᠠᠳ ᠬᠠᠮᠳᠣ ᠶᠢᠨ ᠠᠵᠢᠯᠯᠠᠭ᠎ᠠ ᠬᠢᠬᠦ ᠵᠡᠷᠬᠡ ᠠᠵᠢᠯ ᠢ ᠬᠢᠭᠰᠡᠬᠡᠷ ᠢᠷᠠᠵᠠᠢ︾ ᠭᠡᠵᠤ ᠰᠣᠪᠣᠳᠠᠨᠴᠡᠴᠡᠭ ᠪᠠᠭᠰᠢ ᠶᠠᠷᠢᠯ᠎ᠠ᠃     ᠰᠤᠪᠤᠳᠠᠨᠴᠡᠴᠡᠭ ᠪᠠᠭᠰᠢ ᠤᠯᠠᠮᠵᠢᠯᠠᠯᠲᠤ ᠭᠠᠷ ᠤᠷᠠᠯᠠᠯ ᠪᠣᠯᠤᠨ ᠣᠳᠣ ᠦᠶ᠎ᠡ ᠶᠢᠨ ᠤᠷ᠎ᠠ ᠮᠡᠷᠭᠡᠵᠢᠯ᠂ ᠦᠨᠳᠦᠰᠦᠲᠡᠨ ᠤ ᠰᠣᠶᠣᠯ ᠪᠣᠯᠤᠨ ᠰᠢᠨᠡᠴᠢᠯᠡᠭᠰᠡᠨ ᠡᠯᠧᠮᠧᠨ᠋ᠲ ᠢ ᠤᠷᠠᠨ ᠢᠶᠠᠷ ᠤᠶᠠᠯᠳᠤᠭᠤᠯᠬᠤ ᠶᠢ ᠠᠩᠬᠠᠷᠴᠦ᠂ ᠡᠨᠡ ᠨᠢ ᠮᠦᠨ ᠴᠤ ᠲᠡᠬᠦᠨ ᠤ ᠰᠤᠳᠤᠯᠤᠨ ᠤᠯᠠᠮᠵᠢᠯᠠᠬᠤ ᠴᠢᠭᠯᠡᠯ ᠪᠣᠯᠤᠭᠰᠠᠭᠠᠷ ᠢᠷᠡᠵᠡᠢ᠃ 2016 ᠣᠨ ᠳᠤ ᠰᠣᠪᠣᠳᠠᠨᠴᠡᠴᠡᠭ ᠪᠠᠭᠰᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠤᠷᠪᠠᠳᠤᠭᠠᠷ ᠬᠤᠭᠤᠴᠠᠭᠠᠨ ᠤ ᠦᠨᠳᠦᠰᠦᠲᠡᠨ ᠤ ᠬᠤᠪᠴᠠᠰᠤ ᠵᠠᠰᠠᠯ ᠵᠢᠴᠢ ᠭᠠᠷ ᠤᠷᠠᠯᠠᠯ ᠤᠨ ᠪᠦᠲᠦᠭᠡᠭᠳᠡᠬᠦᠨ ᠤ ᠳᠡᠭᠡᠳᠦ ᠵᠡᠷᠭᠡ ᠶᠢᠨ ᠪᠣᠯᠪᠠᠰᠤᠷᠠᠯ ᠤᠨ ᠠᠩᠭᠢ ᠶᠢᠨ ᠢᠰᠡᠭᠡᠢ ᠭᠠᠷ ᠤᠷᠠᠯᠠᠯ ᠤᠨ ᠪᠦᠲᠦᠭᠡᠭᠳᠡᠬᠦᠨ ᠤ ᠪᠠᠭᠰᠢ ᠪᠠᠷ ᠵᠠᠯᠠᠭᠳᠠᠵᠤ᠂ ᠨᠡᠩ ᠦᠷᠭᠡᠨ ᠵᠠᠢ ᠳᠤ ᠢᠰᠡᠬᠡᠢ ᠤᠷᠠᠯᠠᠯ ᠢᠶᠠᠨ ᠤᠯᠠᠮᠵᠢᠯᠠᠨ ᠦᠪᠯᠡᠬᠦᠯᠦᠭᠰᠡᠨ ᠪᠢᠯᠡ᠃     ᠬᠤᠰᠢᠭᠤ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ ᠦᠪᠯᠡᠨ ᠤᠯᠠᠮᠵᠢᠯᠠᠭᠴᠢ ᠪᠣᠯᠤᠭᠰᠠᠨ ᠤ ᠬᠤᠪᠢ ᠳᠤ᠂ ᠰᠣᠪᠣᠳᠠᠨᠴᠡᠴᠡᠭ ᠤᠷᠢᠳ ᠬᠤᠵᠢᠳ ᠮᠠᠨ ᠤ ᠬᠤᠰᠢᠭᠤᠨ ᠤ ᠬᠡᠪᠴᠢᠶᠠᠨ ᠤ ᠣᠳᠣ ᠪᠣᠯᠳᠠᠯ᠎ᠠ 80 ᠭᠠᠷᠤᠶ ᠢᠰᠡᠬᠡᠢ ᠤᠷᠠᠯᠠᠯ  ᠤᠨ ᠱᠠᠪᠢ ᠬᠦᠮᠦᠵᠢᠬᠦᠯᠵᠦ᠂ ᠡᠨᠡᠬᠦ ᠪᠣᠳᠠᠰ ᠤᠨ ᠪᠤᠰᠤ ᠰᠣᠶᠣᠯ ᠤᠨ ᠥᠪ ᠤᠨ ᠦᠨ᠎ᠡ ᠴᠡᠨ᠎ᠡ ᠶᠢ ᠬᠦᠮᠦᠰ ᠲᠤ ᠣᠶᠢᠯᠠᠭᠠᠭᠤᠯᠵᠣ᠂ ᠤᠯᠠᠮ ᠴᠢᠨᠠᠭᠰᠢᠳᠠ ᠦᠪᠯᠡᠬᠦᠯᠦᠨ ᠤᠯᠠᠮᠵᠢᠯᠠᠵᠤ ᠪᠣᠢ᠃ ︽ᠪᠢ ᠣᠣᠯ ᠨᠢ ᠢᠰᠡᠬᠡᠢ ᠤᠷᠠᠯᠠᠯ ᠢᠶᠠᠨ ᠬᠠᠶᠠᠴᠢᠬᠠᠭᠰᠠᠨ ᠪᠠᠶᠢᠬᠰᠠᠨ︔ ᠣᠳᠣ ᠰᠤ ᠪᠠᠭᠰᠢ ᠶᠢᠨ ᠱᠠᠪᠢ ᠪᠤᠯᠵᠤ ᠢᠰᠡᠬᠡᠢ ᠣᠷᠠᠯᠠᠯ ᠢᠶᠠᠨ ᠰᠢᠨ᠎ᠠ ᠪᠠᠷ ᠬᠢᠵᠤ ᠡᠬᠢᠯᠡᠭᠰᠡᠨ︔ ᠪᠣᠷᠣᠯᠠᠭᠤᠯᠭ᠎ᠠ ᠪᠠᠰᠠ ᠲᠣᠩ ᠰᠠᠶᠢᠨ︔ ᠮᠢᠨᠣ ᠬᠢᠭᠰᠡᠨ ᠪᠦᠳᠣᠬᠡᠭᠳᠡᠬᠦᠨ ᠠᠯᠠᠱᠠ᠂ ᠬᠦᠯᠣᠨ ᠪᠦᠢᠷ ᠲᠤ ᠪᠦᠷ ᠵᠠᠬᠢᠶᠠᠯᠠᠭ᠎ᠠ ᠲᠠᠢ︔ ᠵᠢᠯ ᠳᠤ ᠬᠤᠶᠡᠷ ᠲᠦᠮᠡ ᠰᠢᠬᠠᠮ ᠲᠦᠬᠦᠷᠢᠭ ᠤᠨ ᠣᠷᠣᠯᠭ᠎ᠠ ᠣᠯᠴᠢᠬᠠᠳᠠᠭ︔ ᠢᠰᠡᠬᠡᠢ ᠣᠷᠠᠯᠠᠯ ᠪᠣᠯ ᠬᠤᠶᠢᠰᠢᠳᠠ ᠦᠷ᠎ᠡ ᠬᠡᠣᠬᠡᠳ ᠲᠤ ᠪᠠᠨ ᠦᠯᠡᠳᠡᠬᠡᠵᠣ ᠦᠭᠬᠦ ᠡᠳ᠋ ᠬᠦᠷᠦᠩᠭᠡ ᠮᠦᠨ ᠬᠡᠵᠣ ᠰᠤ ᠪᠠᠭᠰᠢ ᠰᠠᠨᠠᠭᠤᠯᠣᠬᠰᠠᠨ︾ ᠭᠡᠵᠤ ᠱᠠᠪᠢ ᠭᠠᠹᠯᠡᠮ᠎ᠠ ᠨᠢ ᠶᠠᠷᠢᠯ᠎ᠠ᠃     ᠰᠣᠪᠣᠳᠠᠨᠴᠡᠴᠡᠭ ᠪᠠᠭᠰᠢ ᠢᠰᠡᠬᠡᠢ ᠣᠷᠠᠯᠠᠯ ᠰᠤᠳᠤᠯᠬᠤ ᠶᠢᠨ ᠬᠠᠮᠳᠣ ᠠᠷᠠᠳ ᠤᠨ ᠤᠷᠠᠯᠢᠭ ᠤᠨ ᠰᠤᠳᠤᠯᠭᠠᠨ ᠤ ᠵᠣᠬᠢᠶᠠᠨ ᠪᠦᠲᠦᠭᠡᠯᠭᠡ ᠬᠢᠵᠦ᠂ 20 ᠭᠠᠷᠤᠶ ᠡᠷᠳᠡᠮ ᠰᠢᠨᠵᠢᠯᠡᠭᠡᠨ ᠤ ᠥᠭᠦᠯᠡᠯ ᠨᠡᠶᠢᠲᠡᠯᠡᠵᠦ᠂ ᠠᠷᠠᠳ ᠤᠨ ᠤᠷᠠᠯᠢᠭ ᠤᠨ ᠲᠤᠬᠠᠶ 3 ᠨᠣᠮ ᠪᠢᠴᠢᠭ ᠢ ᠨᠠᠶᠢᠷᠠᠭᠤᠯᠤᠨ ᠬᠡᠪᠯᠡᠭᠦᠯᠪᠡ᠃ ᠰᠣᠪᠣᠳᠠᠨᠴᠡᠴᠡᠭ ᠪᠠᠭᠰᠢ ᠢᠰᠡᠭᠡᠢ ᠣᠷᠠᠯᠠᠯ ᠳᠤ ᠶᠠᠬᠦᠯᠡᠭᠰᠡᠨ ᠬᠠᠶᠢᠷ᠎ᠠ᠂ ᠬᠦᠰᠡᠯ ᠡᠷᠡᠮᠡᠯᠵᠡᠯ ᠢᠶᠠᠨ ᠪᠦᠲᠦᠭᠡᠯ ᠳᠤ ᠪᠠᠨ ᠠᠭᠤᠰᠬᠠᠨ ᠬᠠᠳᠬᠤᠮᠠᠯᠯᠠᠵᠤ᠂ ᠱᠠᠪᠢ ᠪᠤᠯᠭᠠᠨ ᠳᠤ ᠪᠠᠨ ᠤᠯᠠᠮᠵᠢᠯᠠᠨ ᠦᠪᠯᠡᠬᠦᠯᠦᠭᠰᠡᠨ ᠠᠴᠠ ᠬᠤᠯᠠᠳᠠᠮᠠᠷ ᠪᠤᠯᠤᠭᠰᠠᠨ ᠮᠣᠩᠭᠤᠯ ᠦᠨᠳᠦᠰᠦᠲᠡᠨ ᠤ ᠢᠰᠡᠭᠡᠢ ᠤᠷᠠᠯᠠᠯ ᠤᠨ ᠰᠤᠶᠤᠯ  ᠳᠤ ᠳᠠᠬᠢᠨ ᠰᠢᠨ᠎ᠡ ᠠᠮᠢ ᠨᠠᠰᠤ ᠤᠯᠭᠤᠵᠤ᠂ ᠰᠢᠨ᠎ᠡ ᠢᠷᠡᠭᠡᠳᠦᠢ ᠲᠠᠢ ᠪᠤᠯᠭᠠᠬᠤ ᠳᠤ ᠴᠢᠬᠤᠯᠠ ᠬᠤᠪᠢ ᠨᠡᠮᠡᠷᠢ ᠦᠵᠡᠬᠦᠯᠦᠭᠰᠡᠨ  ᠪᠠᠶᠢᠨ᠎ᠠ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号