ᠡᠨᠡ ᠵᠢᠯ ᠤᠨ 9 ᠰᠠᠷ᠎ᠠ ᠶᠢᠨ10 ᠤ ᠡᠳᠤᠷ ᠪᠤᠯ ᠮᠠᠨ ᠤ ᠤᠯᠤᠰ ᠤᠨ ᠳᠦᠴᠢᠳᠡᠬᠢ ᠪᠠᠭᠰᠢ ᠶᠢᠨ ᠪᠠᠶᠠᠷ ᠤᠨ ᠡᠳᠦᠷ | ᠪᠤᠯᠤᠨ᠎ᠠ᠃ ᠪᠢᠴᠢᠭ ᠵᠢᠭᠠᠵᠦ ᠬᠦᠮᠦᠨ ᠢ ᠬᠦᠮᠦᠵᠢᠬᠦᠯᠬᠦ ᠨᠠᠨᠳᠢᠨ ᠡᠭᠦᠷᠭᠡ ᠶᠢ ᠬᠦᠢᠴᠡᠳᠬᠡᠵᠦ ᠶᠠᠪᠤᠭ᠎ᠠ ᠤᠶᠤᠨ ᠤ | ᠢᠨᠵᠧᠨᠧᠷ ᠬᠡᠮᠡᠭᠳᠡᠭᠰᠡᠨ ᠪᠠᠭᠰᠢᠨᠠᠷ ᠤᠨ ᠢᠶᠠᠨ ᠭᠠᠪᠢᠶ᠎ᠠ ᠵᠢᠳᠬᠦᠯ ᠢ ᠨᠤᠳᠠᠯᠠᠭᠰᠠᠨ ᠡᠨᠡ ᠡᠳᠤᠷ ᠢ ᠲᠤᠷᠠᠳᠬᠠᠵᠤ ᠪᠢᠳᠡ | ᠠᠬᠠᠮᠠᠳ ᠪᠠᠭᠰᠢ ᠪᠠᠶᠠᠷ ᠭᠤᠸᠠᠢ ᠲᠠᠢ ᠲᠠᠨᠢᠯᠴᠠᠶ᠎ᠠ᠃ | ᠡᠨᠡ ᠵᠢᠯ 85 ᠨᠠᠰᠤᠨ ᠰᠡᠬᠦᠳᠡᠷ ᠵᠤᠭᠤᠭᠯᠠᠵᠦ ᠪᠠᠶᠢᠭ᠎ᠠ ᠪᠠᠶᠠᠷ ᠨᠠᠰᠤᠳᠠᠨ ᠲᠦᠩᠯᠢᠶᠤᠤ ᠬᠤᠳᠠ ᠶᠢᠨ ᠬᠦᠷᠢᠶ᠎ᠠ | ᠬᠤᠰᠢᠭᠤ ᠪᠠᠷ ᠨᠤᠳᠤᠭ ᠲᠠᠢ᠃ 1959 ᠤᠨ ᠳᠤ ᠤᠯᠠᠭᠠᠨᠬᠠᠳᠠ ᠶᠢᠨ ᠪᠠᠭᠰᠢ ᠶᠢᠨ ᠰᠤᠷᠭᠠᠭᠤᠯᠢ ᠠᠴᠠ ᠰᠤᠷᠤᠯᠭ᠎ᠠ | ᠲᠡᠭᠦᠰᠴᠦ᠂ ᠲᠤᠰ ᠵᠢᠯ ᠤᠨ ᠨᠠᠮᠤᠷ ᠬᠦᠪᠡᠭᠡᠲᠦ ᠰᠢᠷ᠎ᠠ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ ᠳᠤ ᠠᠵᠢᠯ ᠤᠨ | ᠭᠠᠷᠤᠭ᠎ᠠ ᠪᠠᠨ ᠠᠪᠴᠠᠢ᠃ ᠲᠡᠷᠡᠪᠡᠷ ᠤᠷᠢᠳ ᠬᠤᠵᠢᠳ ᠬᠦᠪᠡᠭᠡᠳᠦ ᠰᠢᠷ᠎ᠠ ᠬᠤᠰᠢᠭᠤᠨ ᠤ ᠮᠤᠩᠭᠤᠯ ᠲᠤᠮᠳᠠᠳᠤ | ᠰᠤᠷᠭᠠᠭᠤᠯᠢ᠂ ᠪᠤᠭᠳᠠ ᠠᠭᠤᠯᠠ ᠰᠤᠮᠤᠨ ᠤ ᠰᠤᠷᠭᠠᠭᠤᠯᠢ᠂ ᠬᠦᠪᠡᠭᠡᠳᠦ ᠰᠢᠷ᠎ᠠ ᠬᠤᠰᠢᠭᠤᠨ ᠤ ︽5.7︾ ᠶᠢᠨ ᠺᠠᠳ᠋ᠷ | ᠤᠨ ᠰᠤᠷᠭᠠᠭᠤᠯᠢ᠂ ᠪᠠᠶᠠᠨᠳᠠᠯ᠎ᠠ ᠰᠤᠮᠤᠨ ᠤ ᠰᠤᠷᠭᠠᠭᠤᠯᠢ᠂ ᠤᠩᠭᠤᠨ ᠨᠠᠭᠤᠷ ᠰᠤᠮᠤᠨ ᠤ ᠰᠤᠷᠭᠠᠭᠤᠯᠢ᠂ ᠬᠦᠭᠵᠢᠯᠲᠦ | ᠰᠤᠮᠤᠨ ᠤ ᠰᠤᠷᠭᠠᠭᠤᠯᠢ ᠵᠡᠷᠭᠡ ᠲᠤᠮᠳᠠᠳᠤ ᠪᠠᠭ᠎ᠠ ᠰᠤᠷᠭᠠᠭᠤᠯᠢ ᠪᠠᠷ ᠪᠠᠭᠰᠢᠯᠠᠬᠤ ᠶᠢᠨ ᠵᠡᠷᠭᠡᠪᠡᠷ ᠬᠢᠴᠢᠶᠡᠯ ᠬᠦᠮᠦᠵᠢᠯ ᠤᠨ | ᠡᠷᠬᠢᠯᠡᠭᠴᠢ᠂ ᠰᠤᠷᠡᠭᠠᠭᠤᠯᠢ ᠶᠢᠨ ᠵᠠᠬᠢᠷᠤᠯ ᠤᠨ ᠲᠤᠰᠢᠶᠠᠯ ᠢ ᠡᠭᠦᠷᠭᠡᠯᠡᠵᠦ ᠪᠠᠶᠢᠭᠰᠠᠨ ᠢᠶᠠᠨ 1981 ᠤᠨ ᠠᠴᠠ 1992 | ᠤᠨ ᠬᠦᠷᠳᠡᠯ᠎ᠡ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶᠠᠨ ᠳᠤ ᠠᠵᠢᠯᠯᠠᠵᠦ ᠠᠵᠢᠯ ᠤᠨ ᠠᠮᠠᠷᠠᠯᠳᠠ ᠪᠠᠨ | ᠠᠪᠤᠭᠰᠠᠨ ᠶᠤᠮ᠃ ᠠᠷᠢᠭᠤᠨ ᠬᠠᠶᠢᠷ᠎ᠠ᠂ ᠡᠷᠬᠢᠮ ᠬᠠᠷᠢᠭᠤᠴᠯᠠᠭ᠎ᠠ ᠪᠠᠨ ᠠᠷᠠᠳ ᠤᠨ ᠪᠠᠭᠰᠢ ᠶᠢᠨ ᠠᠯᠪᠠᠨ ᠳᠤ | ᠵᠤᠷᠢᠭᠤᠯᠤᠭᠰᠠᠨ ᠪᠠᠶᠠᠷ ᠪᠠᠭᠰᠢ ᠦᠩᠭᠡᠷᠡᠭᠰᠡᠨ ᠢᠶᠠᠨ ᠡᠷᠭᠢᠴᠡᠬᠦᠯᠬᠦ ᠳᠤ ︽ᠠᠩᠬ᠎ᠠ ᠠᠵᠢᠯ ᠳᠤ ᠭᠠᠷᠤᠭᠰᠠᠨ ᠤ ᠲᠠᠷᠠᠭ᠎ᠠ ᠪᠠᠷ | ᠭᠠᠷᠠᠭ ᠲᠤ 20 ᠰᠢᠬᠠᠮ ᠬᠢᠴᠢᠶᠡᠯ ᠤᠷᠤᠵᠦ ᠪᠠᠶᠢᠭᠰᠠᠨ᠃ ᠤᠷᠦᠢ ᠪᠦᠷᠢ ᠲᠤᠰᠤᠨ ᠳ᠋ᠧᠩ ᠤᠨ ᠲᠤᠤᠷ᠎ᠠ ᠬᠢᠴᠢᠶᠡᠯ | ᠪᠡᠯᠡᠳᠬᠡᠵᠦ᠂ ᠲᠠᠰᠬᠠᠯ ᠦᠵᠡᠳᠡᠭ︔ ᠭᠠᠷᠠᠭ ᠤᠨ ᠵᠢᠷᠭᠤᠭᠠᠨ ᠪᠤᠯᠤᠭᠰᠠᠭᠠᠷ ᠰᠤᠷᠤᠭᠴᠢ ᠲᠠᠢ ᠪᠠᠨ ᠬᠠᠮᠳᠤᠪᠠᠷ ᠠᠯᠪᠠᠨ | ᠵᠢᠷᠦᠮ ᠤᠨ ᠬᠦᠳᠡᠯᠮᠦᠷᠢ ᠳᠤ ᠤᠷᠤᠯᠴᠠᠵᠦ᠂ ᠤᠷᠤᠢ ᠶᠢᠨ ᠴᠠᠭ ᠢᠶᠠᠷ ᠪᠠᠭᠰᠢ ᠨᠠᠷ ᠠᠮᠢᠳᠤᠷᠠᠯ ᠤᠨ ᠬᠤᠷᠠᠯ ᠬᠢᠵᠦ | ᠰᠢᠬᠦᠮᠵᠢᠯᠡᠯ ᠪᠠ ᠦᠪᠡᠷ ᠤᠨ ᠰᠢᠬᠦᠮᠵᠢᠯᠡᠯ ᠦᠷᠨᠢᠬᠦᠯᠳᠡᠭ ᠪᠠᠶᠢᠭᠰᠠᠨ︾ ᠭᠡᠵᠤ ᠶᠠᠷᠢᠵᠤ ᠪᠠᠶᠢᠯ᠎ᠠ᠃ | ᠪᠠᠶᠠᠷ ᠪᠠᠭᠰᠢ ᠶᠢᠨ ᠭᠡᠷᠭᠡᠢ ᠴᠤ ᠰᠤᠷᠭᠠᠨ ᠬᠦᠮᠦᠵᠢᠯ ᠤᠨ ᠠᠷᠤ ᠲᠠᠯ᠎ᠠ ᠶᠢᠨ ᠠᠵᠢᠯ ᠳᠤ ᠬᠤᠷᠢᠭᠠᠳ ᠵᠢᠯ ᠵᠢᠳᠬᠦᠵᠦ | ᠨᠠᠰᠤᠨ ᠤ ᠠᠮᠠᠷᠠᠯᠳᠠ ᠪᠠᠨ ᠠᠪᠴᠦ᠂ ᠤᠳᠤ ᠬᠤᠶᠠᠭᠤᠯᠠ ᠪᠠᠨ ᠦᠷ᠎ᠠ ᠠᠴᠢ ᠦᠨᠢᠷ ᠦᠳᠬᠡᠨ᠂ ᠡᠷᠡᠬᠦᠯ ᠲᠡᠩᠭᠡᠯᠡᠬᠦᠨ | ᠢᠶᠠᠷ ᠦᠳᠡᠯᠦᠭᠡ ᠨᠠᠰᠤ ᠪᠠᠨ ᠵᠤᠯ ᠵᠢᠷᠭᠠᠯᠳᠠᠢ ᠦᠩᠭᠡᠷᠡᠭᠦᠯᠵᠦ ᠪᠤᠢ᠃ ︽ᠶᠡᠷᠦ ᠨᠢ ᠪᠠᠭᠰᠢ ᠬᠦᠮᠦᠨ ᠤ ᠠᠵᠢᠯ ᠪᠤᠯ ᠦᠩᠭᠡ | ᠭᠡᠷᠡᠯ ᠢᠷᠠᠭᠤ ᠠᠯᠳᠠᠷ ᠲᠠᠢ᠂ ᠵᠦᠪᠬᠡᠨ ᠠᠮᠠᠨ ᠳᠡᠭᠡᠷ᠎ᠡ ᠪᠠᠨ ᠶᠠᠷᠢᠭᠠᠳ ᠪᠠᠶᠢᠬᠤ ᠪᠢᠰᠢ᠂ ᠵᠢᠩᠬᠢᠨᠢ ᠦᠢᠯᠡᠳᠦᠯᠭᠡ ᠳᠤ | ᠤᠷᠤᠯᠴᠠᠨ ᠪᠤᠳᠠᠳᠠᠢ ᠠᠵᠢᠯ ᠤᠨ ᠪᠦᠲᠦᠭᠡᠯ ᠢᠶᠠᠷ ᠢᠶᠠᠨ ᠢᠷᠠᠭᠤ ᠠᠯᠳᠠᠷ ᠢ ᠠᠪᠴᠢᠷᠠᠬᠤ ᠬᠡᠷᠡᠭᠲᠠᠢ︔ ᠬᠡᠤᠬᠡᠳ ᠤᠨ ᠪᠤᠳᠤᠯ | ᠰᠡᠳᠬᠢᠯ ᠢ ᠢᠯᠡᠬᠦᠦ ᠤᠶᠢᠯᠠᠭᠠᠵᠤ᠂ ᠲᠡᠳᠡᠨ ᠤ ᠰᠡᠳᠬᠢᠯ ᠤᠨ ᠨᠠᠶᠢᠵᠠ ᠪᠤᠯᠤᠯᠴᠠᠵᠤ ᠶᠠᠪᠤᠪᠠᠯ ᠰᠤᠷᠤᠭᠴᠢᠳ ᠤᠨ ᠢᠶᠠᠨ | ᠬᠦᠨᠳᠦᠳᠬᠡᠯ ᠢ ᠤᠯᠵᠤ ᠴᠢᠳᠠᠨ᠎ᠠ ᠭᠡᠵᠤ ᠪᠤᠳᠤᠳᠠᠭ ᠶᠤᠮ︾ ᠭᠡᠵᠤ ᠪᠠᠶᠠᠷ ᠪᠠᠭᠰᠢ ᠶᠠᠷᠢᠨ᠎ᠠ᠃ | ᠦᠨᠳᠦᠰᠦᠨ ᠱᠠᠳᠤᠨ ᠤ ᠰᠤᠷᠭᠠᠨ ᠬᠦᠮᠦᠵᠢᠯ ᠤᠨ ᠹᠠᠷᠤᠨᠲ ᠲᠤ ᠰᠠᠨᠴᠢᠭ ᠤᠨ ᠦᠰᠦ ᠪᠠᠨ ᠪᠤᠷᠤᠭᠤᠯᠳᠠᠳᠠᠯᠠ | ᠵᠢᠳᠬᠦᠵᠦ ᠶᠠᠪᠤᠬᠤ ᠳᠤ ᠪᠠᠨ 1983 ᠤᠨ ᠳᠤ ᠤᠯᠤᠰ ᠤᠨ ᠠᠷᠠᠳ ᠤᠨ ᠶᠠᠪᠤᠳᠠᠯ ᠤᠨ ᠶᠠᠮᠤᠨ᠂ ᠰᠢᠨᠵᠢᠯᠡᠬᠦ ᠤᠬᠠᠭᠠᠨ | ᠲᠧᠩᠨᠢᠭ ᠮᠡᠷᠭᠡᠵᠢᠯ ᠤᠨ ᠵᠦᠪᠯᠡᠯ ᠠᠴᠠ ᠤᠯᠭᠤᠭᠰᠠᠨ ᠴᠦᠬᠡᠨ ᠲᠤᠭᠠᠳᠤ ᠦᠨᠳᠦᠰᠦᠳᠡᠨ ᠤ ᠭᠠᠵᠠᠷ ᠤᠷᠤᠨ ᠳᠤ ᠤᠷᠳᠤ | ᠬᠤᠭᠤᠴᠠᠭ᠎ᠠ ᠪᠠᠷ ᠰᠤᠷᠭᠠᠨ ᠬᠦᠮᠦᠵᠢᠯ ᠲᠧᠩᠨᠢᠭ ᠮᠡᠷᠭᠡᠵᠢᠯ ᠤᠨ ᠠᠵᠢᠯ ᠬᠢᠭᠰᠡᠨ ᠢᠷᠠᠭᠤ ᠠᠯᠳᠠᠷ ᠤᠨ ᠦᠨᠡᠮᠯᠡᠯ ᠢ | ᠬᠦᠷᠲᠡᠵᠤ᠂ ᠦᠶ᠎ᠠ ᠦᠶ᠎ᠠ ᠶᠢᠨ ᠲᠤᠭ᠎ᠠ ᠦᠬᠡᠢ ᠤᠯᠠᠨ ᠰᠤᠷᠤᠭᠴᠢᠳ ᠤᠨ ᠢᠶᠠᠨ ᠬᠦᠰᠡᠯ ᠳᠤ ᠨᠢ ᠵᠢᠬᠦᠷ ᠤᠷᠭᠤᠭᠤᠯᠤᠨ᠂ | ᠬᠤᠯᠠ ᠶᠢᠨ ᠠᠶᠠᠨ ᠤ ᠬᠢᠨᠢ ᠡᠷᠳᠡᠮ ᠤᠨ ᠵᠢᠯᠦᠭᠤ ᠶᠢ ᠵᠠᠯᠠᠵᠠᠢ᠃ ᠰᠠᠷ᠎ᠠ ᠨᠠᠷᠠᠨ ᠢ ᠡᠭᠡᠯᠵᠢᠯᠡᠵᠦ ᠰᠠᠮᠪᠠᠷ᠎ᠠ ᠶᠢᠨ ᠡᠮᠦᠨ᠎ᠡ | ᠨᠠᠰᠤ ᠪᠠᠨ ᠡᠯᠡᠭᠡᠭᠰᠡᠨ ᠪᠤᠭᠤᠷᠤᠯ ᠪᠠᠭᠰᠢ ᠶᠢᠨ ᠮᠠᠨᠢ ᠬᠢᠴᠢᠶᠡᠯ ᠵᠢᠳᠬᠦᠯ ᠤᠳᠤ ᠴᠦ ᠭᠡᠰᠡᠨ ᠵᠠᠯᠠᠭᠤ ᠪᠠᠭᠰᠢᠨᠠᠷ ᠤᠨ | ᠲᠠᠭᠤᠷᠢᠶᠠᠯ ᠪᠤᠯᠵᠦ ᠦᠶ᠎ᠡ ᠶᠢᠨ ᠦᠶ᠎ᠡ ᠲᠠᠭᠤᠷᠢᠰᠤᠭᠳᠠᠬᠤ ᠨᠢ ᠯᠠᠪᠳᠠᠢ᠃ |