ᠴᠠᠭᠠᠨ ᠢᠳᠡᠬᠡᠨ ᠤ ᠠᠵᠣ ᠦᠢᠯᠡᠰ ᠢᠶᠠᠷ ᠮᠠᠯᠴᠢᠳ ᠤᠨ ᠣᠷᠣᠯᠭ᠎ᠠ ᠶᠢ ᠨᠡᠮᠡᠭᠳᠡᠬᠦᠯᠦᠨ᠎ᠡ
ᠨᠡᠶᠢᠲᠡᠯᠡᠭᠰᠡᠨ ᠴᠠᠭ᠄
2024/9/4
    ᠬᠥᠪᠡᠭᠡᠲᠦ ᠰᠢᠷ᠎ᠠ ᠬᠤᠰᠢᠭᠤᠨ ᠤ ᠤᠩᠭᠤᠨ ᠠᠭᠤᠯᠠ ᠰᠤᠮᠤ ᠨᠢ ᠥᠪᠡᠷᠲᠡᠭᠡᠨ ᠵᠠᠰᠠᠬᠤ ᠣᠷᠣᠨ ᠤ  ᠰᠦᠨ ᠤ ᠦᠢᠯᠡᠰ ᠢ ᠬᠥᠭᠵᠢᠭᠦᠯᠦᠨ ᠮᠠᠨᠳᠤᠭᠤᠯᠬᠤ ᠲᠥᠷᠥ ᠶᠢᠨ ᠪᠣᠳᠣᠯᠭ᠎ᠠ ᠶᠢᠨ ᠠᠵᠠ ᠳᠤᠬᠢᠶᠠᠯ ᠢ ᠠᠳᠬᠤᠨ᠂ ᠰᠤᠮᠤᠨ ᠤ ᠪᠠᠨ ᠪᠣᠳᠠᠲᠠᠶ ᠲᠠᠢ ᠤᠶᠠᠯᠳᠤᠭᠤᠯᠤᠨ᠂ ᠮᠠᠯᠴᠢᠳ ᠢ ᠵᠣᠷᠢᠭᠵᠢᠭᠤᠯᠤᠨ ᠬᠥᠲᠥᠯᠥᠨ ᠵᠢᠯᠣᠭᠤᠳᠴᠤ ᠪᠠᠶᠢᠭᠠᠳ ᠵᠢᠵᠢᠭ ᠪᠥᠭᠡᠳ ᠨᠠᠷᠢᠯᠢᠭ᠂ ᠵᠢᠵᠢᠭ ᠮᠥᠷᠲᠡᠭᠡᠨ ᠰᠢᠯᠢᠳᠡᠭ ᠴᠠᠭᠠᠨ ᠢᠳᠡᠭᠡᠨ ᠤ ᠭᠠᠷ ᠦᠢᠯᠡᠳᠬᠡᠯ ᠤᠨ ᠭᠠᠵᠡᠷ ᠢ ᠪᠠᠶᠢᠭᠤᠯᠤᠨ᠂ ᠦᠢᠯᠡᠳᠪᠦᠷᠢᠯᠡᠵᠦ ᠪᠣᠷᠣᠯᠠᠭᠤᠯᠬᠤ ᠶᠢ ᠨᠢᠭᠡ ᠴᠤᠭᠴᠠᠵᠢᠭᠤᠯᠬᠤ ᠵᠠᠭᠪᠤᠷ ᠢᠶᠠᠷ ᠮᠠᠯᠴᠢᠳ ᠤᠨ ᠣᠷᠣᠯᠭ᠎ᠠ ᠶᠢ ᠨᠡᠮᠡᠭᠳᠡᠬᠦᠯᠵᠣ ᠪᠣᠢ᠃    ᠬᠦᠪᠡᠬᠡᠳᠣ ᠰᠢᠷ᠎ᠡ ᠬᠤᠰᠢᠭᠤᠨ ᠤ ᠤᠩᠭᠤᠨ ᠠᠭᠤᠯᠠ ᠰᠣᠮᠣᠨ ᠤ ᠳᠠᠪᠤᠰᠤᠨ ᠭᠤᠤᠯ ᠭᠠᠴᠠᠭᠠᠨ ᠤ ᠮᠠᠯᠴᠢᠨ ᠠᠯᠳᠠᠨᠰᠠᠩ ᠶᠢᠨ ᠴᠠᠭᠠᠨ ᠢᠳᠡᠭᠡᠨ ᠤ ᠦᠢᠯᠡᠳᠬᠡᠯ ᠤᠨ ᠲᠠᠰᠤᠭ ᠲᠤ᠂ ᠲᠠᠷᠠᠭ ᠠᠶᠢᠷᠠᠭ ᠤᠨ  ᠦᠨᠦᠷ ᠬᠠᠩᠬᠤᠯᠣᠨ᠂ ᠰᠠᠪᠠ ᠰᠠᠭᠤᠯᠭ᠎ᠠ ᠵᠢᠭᠳᠡᠷᠡᠨ᠂ ᠴᠠᠭᠠᠨ ᠢᠳᠡᠭᠡᠨ ᠴᠠᠶᠢᠯᠵᠠᠨ ᠦᠷᠦᠭᠳᠡᠵᠤ᠂ ᠠᠯᠳᠠᠨᠰᠠᠩ ᠬᠡᠷᠬᠡᠢ ᠲᠣᠷᠣᠨ᠎ᠠ ᠲᠠᠢ ᠪᠠᠨ ᠤᠨᠠᠭᠰᠠᠨ ᠮᠠᠯᠠᠭᠠᠢ ᠠᠪᠬᠤ ᠵᠠᠪ ᠦᠭᠡᠢ ᠶᠠᠭᠠᠷᠠᠯᠳᠣᠨ᠎ᠠ᠃    ᠠᠯᠳᠠᠨᠰᠡᠩ ᠲᠣᠷᠣᠨ᠎ᠠ ᠬᠤᠶᠠᠭᠤᠯᠠ 2004 ᠣᠨ ᠠᠴᠠ ᠡᠬᠢᠯᠡᠵᠤ ᠰᠠᠭᠠᠯᠢ ᠶᠢᠨ ᠦᠨᠢᠶ᠎ᠠ ᠮᠠᠯᠵᠢᠨ᠂ ᠴᠠᠭᠠᠨ ᠢᠳᠡᠭᠡ ᠬᠢᠵᠤ ᠪᠣᠷᠣᠯᠠᠭᠤᠯᠵᠣ ᠪᠠᠶᠢᠬᠰᠠᠨ ᠠᠴᠠ ᠪᠠᠨ 2022 ᠣᠨ ᠳᠤ ᠬᠦᠲᠡᠭᠡ ᠲᠣᠰᠬᠤᠨ ᠢ ᠬᠦᠭᠵᠢᠭᠦᠯᠦᠨ ᠮᠠᠨᠲᠣᠭᠤᠯᠬᠤ ᠲᠦᠷᠦ ᠶᠢᠨ ᠪᠣᠲᠣᠯᠭ᠎ᠠ ᠶᠢᠨ ᠬᠠᠷᠠᠭᠠᠯᠵᠠᠯ ᠢᠶᠠᠷ ᠳᠣᠮᠳᠠ ᠪᠠᠭ᠎ᠠ ᠬᠡᠯᠪᠡᠷᠢ ᠶᠢᠨ ᠲᠠᠵᠢᠭᠡᠨ ᠦᠷᠡᠵᠢᠭᠦᠯᠬᠦ ᠲᠠᠯᠠᠪᠡᠢ ᠶᠢ ᠲᠠᠰ ᠲᠡᠪᠰᠢᠭᠦᠯᠦᠨ ᠦᠭᠡᠷᠡᠴᠢᠯᠡᠬᠦ ᠲᠦᠷᠦᠯ ᠵᠦᠢᠯ᠂ ᠣᠷᠣᠨ ᠨᠣᠲᠤᠭ ᠤᠨ ᠣᠨᠴᠠᠯᠢᠭᠲᠣ ᠴᠠᠭᠠᠨ ᠢᠳᠡᠭᠡ ᠶᠢ ᠪᠣᠯᠪᠠᠰᠣᠷᠠᠭᠤᠯᠬᠤ ᠲᠠᠰᠤᠭ ᠢ ᠲᠡᠰ ᠲᠡᠪᠰᠢᠭᠦᠯᠦᠨ ᠦᠭᠡᠷᠡᠴᠢᠯᠡᠬᠦ ᠲᠦᠷᠦᠯ ᠵᠦᠢᠯ ᠵᠢᠴᠢ ᠮᠠᠰᠢᠨ ᠲᠣᠨᠤᠭ ᠤᠨ ᠲᠦᠷᠦᠯ ᠵᠦᠢᠯ ᠤᠨ ᠲᠡᠮᠵᠢᠯᠭᠡ ᠳᠣᠣᠷ᠎ᠠ᠂ 400 ᠲᠡᠭᠰᠢ ᠲᠦᠷᠪᠡᠯᠵᠢᠨ ᠮᠧᠲᠷ ᠤᠨ ᠰᠠᠭᠠᠯᠢ ᠶᠢᠨ ᠦᠨᠢᠶᠡᠨ ᠤ ᠬᠠᠰᠢᠶ᠎ᠡ᠂ 80 ᠲᠡᠭᠰᠢ ᠲᠦᠷᠪᠡᠯᠵᠢᠨ ᠮᠧᠲᠷ ᠤᠨ ᠴᠠᠭᠠᠨ ᠢᠲᠡᠭᠡ ᠡᠳ᠋ᠰᠢᠭᠦᠯᠦᠨ ᠪᠣᠯᠪᠠᠰᠣᠷᠠᠭᠤᠯᠬᠤ ᠲᠠᠰᠤᠭ᠂ ᠨᠣᠭᠤᠭᠠᠨ ᠳᠠᠷᠣᠰᠢ ᠨᠦᠭᠡᠴᠡᠯᠡᠬᠦ ᠵᠣᠭᠤᠷᠢ ᠶᠢ ᠰᠢᠨ᠎ᠡ ᠪᠠᠷ ᠪᠠᠶᠢᠭᠤᠯᠵᠣ᠂ ᠦᠪᠡᠷ ᠢᠶᠠᠨ 8 ᠲᠦᠮᠡᠨ ᠲᠦᠬᠦᠷᠢᠭ ᠵᠠᠷᠤᠴᠠᠭᠤᠯᠤᠨ᠂ ᠡᠯ᠎ᠡ ᠲᠦᠷᠦᠯ ᠵᠦᠢᠯ ᠤᠨ ᠨᠦᠬᠦᠪᠦᠷᠢ ᠮᠦᠩᠭᠦ 40 ᠭᠠᠷᠣᠢ ᠲᠦᠮᠡᠡ ᠲᠦᠭᠦᠷᠢᠭ ᠤᠨ ᠬᠠᠷᠠᠭᠠᠯᠵᠠᠯ ᠬᠦᠷᠳᠡᠵᠣ᠂ ᠴᠠᠭᠠᠨ ᠢᠳᠡᠬᠡᠨ ᠤ ᠵᠢᠵᠢᠭ ᠦᠢᠯᠡᠳᠬᠡᠯ ᠤᠨ ᠭᠠᠵᠡᠷ ᠢᠶᠠᠨ ᠳᠠᠩᠰᠠᠯᠠᠭᠤᠯᠤᠨ ᠪᠠᠶᠢᠭᠤᠯᠵᠣ᠂ ᠣᠳᠣ ᠪᠣᠯᠬᠤ ᠳᠤ ᠠᠷᠪᠠᠭᠠᠳ ᠰᠠᠭᠠᠯᠢ ᠶᠢᠨ ᠦᠨᠢᠶ᠎ᠠ ᠰᠠᠭᠠᠵᠣ᠂ ᠴᠠᠭᠠᠨ ᠢᠳᠡᠭᠡᠨ ᠤ ᠵᠢᠯ ᠤᠨ ᠣᠷᠣᠯᠭ᠎ᠠ ᠠᠷᠪᠠᠭᠠᠳ ᠲᠦᠮᠡᠨ ᠲᠦᠬᠦᠷᠢᠭ ᠲᠤ ᠬᠦᠷᠴᠦ ᠪᠣᠢ᠃ ︽ᠠᠩᠬ᠎ᠠ ᠡᠬᠢᠯᠡᠵᠣ ᠠᠯᠠᠭ ᠦᠨᠢᠶ᠎ᠠ ᠮᠠᠯᠵᠢᠬᠰᠠᠨ᠂ ᠲᠡᠷᠡ ᠦᠶ᠎ᠠ ᠳᠤ ᠮᠠᠨᠠᠶᠢᠬᠢᠨ ᠳᠤ ᠭᠠᠩ ᠲᠠᠢ ᠪᠠᠶᠢᠬᠰᠠᠨ ᠦᠪᠡᠷ ᠤᠨ ᠨᠣᠳᠤᠭ ᠤᠨ ᠦᠬᠡᠷ ᠢᠶᠠᠨ ᠪᠦᠬᠦᠳᠠ ᠶᠢ ᠬᠤᠳᠠᠯᠳᠣᠭᠠᠳ᠂ ᠬᠤᠶᠡᠷ ᠠᠯᠠᠭ ᠦᠨᠢᠶ᠎ᠠ ᠠᠪᠣᠬᠰᠠᠨ︔ ᠡᠬᠢᠯᠡᠬᠡᠳ ᠴᠠᠭᠠᠨ ᠢᠳᠡᠭᠡ ᠬᠢᠵᠣ ᠬᠤᠳᠠᠯᠳᠣᠬᠤ ᠦᠶ᠎ᠡ ᠳᠤ ᠦᠪᠡᠷ ᠢᠶᠠᠨ ᠴᠠᠭᠠᠨ ᠢᠳᠡᠭᠡ ᠪᠠᠨ ᠠᠪᠴᠣ ᠶᠠᠪᠣᠭᠠᠳ ᠪᠣᠷᠣᠯᠠᠭᠤᠯᠵᠣ ᠪᠠᠶᠢᠬᠰᠠᠨ︔ ᠣᠶᠢᠷ᠎ᠡ ᠶᠢᠨ ᠵᠢᠯ ᠬᠦᠮᠣᠰ ᠦᠪᠡᠷ ᠢᠶᠠᠨ ᠢᠷᠡᠬᠡᠳ ᠠᠪᠴᠣ᠂ ᠨᠢᠬᠡ ᠪᠦᠯᠣᠭ᠌ ᠢ ᠨᠢ ᠵᠠᠬᠢᠶᠠᠯᠠᠭ᠎ᠠ ᠪᠠᠷ ᠠᠪᠳᠠᠭ ᠪᠤᠯᠤᠭᠰᠠᠨ︾ ᠮᠠᠯᠴᠢᠨ ᠠᠯᠳᠠᠨᠰᠠᠩ ᠶᠠᠷᠢᠯ᠎ᠠ᠃     ᠴᠠᠭᠠᠨ ᠢᠳᠡᠬᠡᠨ ᠤ ᠶᠠᠰᠣ ᠴᠢᠨᠡᠷ ᠢ ᠪᠠᠳᠣᠯᠠᠬᠤ ᠶᠢᠨ ᠲᠦᠯᠣᠬᠡ᠂ ᠠᠯᠳᠠᠨᠰᠡᠩ ᠡᠳᠣᠷ ᠲᠤ 300 ᠭᠠᠷᠣᠢ ᠵᠢᠩ ᠤᠨ ᠰᠦ ᠪᠤᠯᠪᠠᠰᠤᠷᠠᠭᠤᠯᠵᠤ᠂ ᠬᠤᠷᠣᠳ᠂ ᠪᠢᠰᠢᠯᠠᠭ᠂ ᠴᠣᠷ᠎ᠡ᠂ ᠰᠢᠷ᠎ᠡ ᠲᠣᠰᠣ᠂ ᠴᠠᠭᠠᠨ ᠲᠣᠰᠣ ᠵᠡᠷᠬᠡ ᠠᠷᠪᠠ ᠭᠠᠷᠣᠢ ᠲᠦᠷᠦᠯ ᠤᠨ ᠪᠦᠳᠣᠬᠡᠭᠳᠡᠬᠦᠨ ᠬᠢᠵᠣ᠂ ᠪᠦᠳᠣᠬᠡᠭᠳᠡᠬᠦᠨ ᠨᠢ ᠬᠡᠷᠡᠭᠯᠡᠭᠴᠢᠳ ᠤᠨ ᠲᠠᠭᠠᠰᠢᠶᠠᠯ ᠢ ᠶᠡᠬᠡᠪᠡᠷ ᠣᠯᠵᠣ ᠪᠣᠢ᠃ ︽ᠪᠢ ᠡᠳᠡᠨᠡᠶᠢᠬᠢᠨ ᠠᠴᠠ ᠲᠠᠩᠳᠠ ᠬᠤᠷᠣᠳ ᠠᠪᠳᠠᠭ᠂ ᠴᠠᠭᠠᠨ ᠢᠳᠡᠭᠡ ᠪᠠᠨ  ᠦᠪᠡᠷ ᠪᠠᠨ ᠬᠦᠳᠡᠬᠡᠨ ᠪᠠᠨ ᠬᠢᠳᠡᠭ ᠪᠣᠯᠬᠤᠷ ᠠᠮᠳᠠ ᠨᠢ ᠰᠠᠶᠢᠬᠠᠨ᠂ ᠵᠢᠩᠬᠢᠨᠢ ᠪᠠᠶᠢᠭᠠᠯᠢᠯᠢᠭ᠂ ᠮᠠᠨᠣᠰ ᠲᠠᠩᠳᠠ ᠪᠠᠨ ᠠᠪᠴᠣ ᠢᠳᠡᠳᠡᠭ︾ ᠭᠡᠵᠤ ᠮᠠᠯᠴᠢᠨ ᠬᠡᠷᠡᠯᠮᠠᠨᠳᠣᠬᠤ ᠶᠠᠷᠢᠯ᠎ᠠ᠃ᠤᠩᠭᠤᠨ ᠠᠭᠤᠯᠠ ᠰᠣᠮᠣᠨ ᠳᠤ᠂ ᠠᠯᠳᠠᠨᠰᠡᠩ ᠤᠨ ᠬᠢ ᠲᠠᠢ ᠠᠳᠠᠯᠢ ᠬᠦᠲᠡᠭᠡ ᠲᠣᠰᠬᠤᠨ ᠢ ᠬᠦᠭᠵᠢᠭᠦᠯᠦᠨ ᠮᠠᠨᠲᠣᠭᠤᠯᠬᠤ ᠲᠦᠷᠦ ᠶᠢᠨ ᠪᠣᠲᠣᠯᠭ᠎ᠠ ᠶᠢᠨ ᠬᠠᠷᠠᠭᠠᠯᠵᠠᠯ ᠢᠶᠠᠷ᠂ ᠰᠠᠭᠠᠯᠢ ᠶᠢᠨ ᠦᠨᠢᠶ᠎ᠡ ᠲᠡᠵᠢᠭᠡᠨ ᠦᠷᠡᠵᠢᠭᠦᠯᠬᠦ ᠬᠠᠰᠢᠶ᠎ᠠ ᠰᠠᠷᠠᠪᠴᠢ ᠶᠢ ᠪᠠᠶᠢᠭᠤᠯᠵᠤ᠂ ᠮᠠᠰᠢᠨ ᠲᠥᠬᠦᠭᠡᠷᠦᠮᠵᠢ ᠬᠤᠳᠠᠯᠳᠤᠨ ᠠᠪᠴᠤ ᠬᠦᠳᠡᠭᠡ ᠪᠠᠨ ᠴᠠᠭᠠᠨ ᠢᠳᠡᠭᠡ ᠡᠳ᠋ᠰᠢᠭᠦᠯᠬᠦ ᠦᠢᠯᠡᠳᠬᠡᠯ ᠤᠨ ᠭᠠᠵᠠᠷ ᠡᠷᠬᠢᠯᠡᠵᠤ ᠪᠠᠶᠢᠭ᠎ᠠ ᠮᠠᠯᠵᠢᠬᠤ ᠡᠷᠦᠬᠡ ᠣᠯᠠᠨ ᠪᠠᠶᠢᠳᠠᠭ᠃ ᠤᠩᠭᠤᠨ ᠠᠭᠤᠯᠠ ᠰᠣᠮᠣᠨ ᠤ ᠴᠠᠭᠠᠨ ᠡᠷᠬᠢ ᠭᠠᠴᠠᠭᠠᠨ ᠎ ᠤ ᠮᠠᠯᠴᠢᠨ ᠲᠠᠨ᠎ᠠ ᠴᠤ 2022 ᠣᠨ ᠳᠤ 400 ᠲᠡᠭᠰᠢ ᠳᠥᠷᠪᠡᠯᠵᠢᠨ ᠮᠧᠲᠷ ᠤᠨ ᠰᠠᠭᠠᠯᠢ ᠶᠢᠨ ᠦᠨᠢᠶ᠎ᠡ ᠲᠡᠵᠢᠭᠡᠨ ᠦᠷᠡᠵᠢᠭᠦᠯᠬᠦ ᠫᠧᠩ ᠰᠠᠷᠠᠪᠴᠢ ᠰᠢᠨ᠎ᠡ ᠪᠠᠷ ᠪᠠᠶᠢᠭᠤᠯᠵᠣ᠂ ᠮᠠᠰᠢᠨ ᠲᠥᠬᠦᠭᠡᠷᠦᠮᠵᠢ ᠬᠤᠳᠠᠯᠳᠤᠨ ᠠᠪᠴᠤ᠂ ᠴᠠᠭᠠᠨ ᠢᠳᠡᠭᠡ ᠬᠢᠵᠦ ᠪᠣᠷᠣᠯᠠᠭᠤᠯᠬᠤ ᠪᠠᠷ ᠲᠠᠮᠵᠢᠨ ᠣᠷᠣᠯᠭ᠎ᠠ ᠪᠠᠨ ᠨᠡᠮᠡᠭᠳᠡᠬᠦᠯᠵᠣ ᠪᠣᠢ᠃     ᠵᠢᠪᠬᠤᠯᠠᠩᠲᠦ ᠲᠠᠨ᠎ᠠ 2005 ᠣᠨ ᠠᠴᠠ ᠡᠬᠢᠯᠡᠨ ᠰᠠᠭᠠᠯᠢ ᠶᠢᠨ ᠦᠨᠢᠶ᠎ᠠ ᠮᠠᠯᠵᠢᠵᠣ᠂ ᠮᠠᠯ ᠠᠵᠣ ᠠᠬᠤᠢ ᠶᠢᠨ ᠦᠢᠯᠡᠳᠪᠦᠷᠢᠯᠡᠯ ᠡᠵᠡᠩᠨᠡᠯᠲᠡ ᠶᠢᠨ ᠠᠷᠭ᠎ᠠ ᠮᠠᠶ᠋ᠢᠭ ᠢᠶᠠᠨ ᠬᠤᠪᠢᠷᠠᠭᠤᠯᠣᠨ᠂ ᠲᠡᠵᠢᠭᠡᠨ ᠦᠷᠡᠵᠢᠭᠦᠯᠬᠦ ᠪᠠ ᠡᠳ᠋ᠰᠢᠭᠦᠯᠦᠨ ᠪᠣᠯᠪᠠᠰᠣᠷᠠᠭᠤᠯᠬᠤ ᠶᠢ ᠨᠢᠭᠡ ᠴᠣᠭᠴᠠᠵᠢᠭᠤᠯᠣᠨ ᠭᠦᠭᠵᠢᠭᠦᠯᠬᠦ ᠶᠢ ᠠᠬᠢᠭᠤᠯᠵᠣ᠂ ᠴᠠᠭᠠᠨ ᠢᠳᠡᠭᠡ ᠠᠴᠠ ᠣᠷᠣᠯᠭ᠎ᠠ ᠡᠬᠦᠳᠬᠦ ᠎ ᠶᠢ ᠰᠡᠳᠬᠢᠨ᠂ ᠵᠢᠯ ᠲᠠᠷᠠᠭᠠᠯᠠᠨ ᠰᠠᠭᠠᠯᠢ ᠶᠢᠨ ᠦᠨᠢᠶ᠎ᠠ ᠪᠠᠨ ᠨᠡᠮᠡᠭᠳᠡᠬᠦᠯᠣᠨ ᠰᠦ ᠴᠠᠭᠠᠨ ᠢᠳᠡᠭᠡ ᠪᠣᠷᠣᠯᠠᠭᠤᠯᠵᠣ᠂ ᠴᠣᠯ ᠪᠠᠶᠢᠭᠠᠯᠢᠯᠢᠭ᠂ ᠬᠤᠯᠢᠴᠡ ᠦᠬᠡᠢ ᠴᠡᠪᠡᠷ ᠪᠠᠶᠢᠬᠤ ᠶᠢ ᠪᠠᠷᠢᠮᠳᠠᠯᠠᠬᠰᠠᠭᠠᠷ ᠢᠷᠡᠭᠰᠠᠨ ᠪᠣᠯᠬᠤᠷ ᠣᠳᠣ ᠪᠣᠯᠬᠤ ᠳᠤ ᠲᠡᠬᠦᠨ ᠤ ᠪᠣᠷᠣᠯᠠᠭᠤᠯᠭ᠎ᠠ ᠶᠢᠨ ᠵᠠᠮ ᠰᠣᠪᠠᠭ ᠨᠢ ᠡᠳᠣᠷ ᠠᠴᠠ ᠡᠳᠣᠷ ᠦᠷᠬᠡᠵᠢᠨ᠂  ᠸᠢᠴᠠᠲ ᠪᠠᠷ ᠲᠠᠮᠵᠢᠨ ᠠᠯᠠᠱᠠ᠂ ᠦᠬᠠᠢ᠂ ᠱᠧᠨ᠋ᠵᠧᠨ ᠵᠡᠷᠭᠡ ᠭᠠᠵᠠᠷ ᠪᠤᠯᠤᠨ ᠪᠣᠯᠣᠨ ᠣᠶᠢᠷ᠎ᠡ ᠬᠠᠪᠢ ᠶᠢᠨ ᠬᠤᠰᠢᠭᠤ ᠪᠠᠷ ᠪᠣᠷᠣᠯᠠᠭᠤᠯᠣᠨ ᠵᠢᠯ ᠤᠨ ᠴᠡᠪᠡᠷ ᠣᠷᠣᠯᠭ᠎ᠠ ᠠᠷᠪᠠ ᠭᠠᠷᠣᠢ ᠲᠦᠮᠡᠨ ᠲᠦᠬᠦᠷᠢᠭ ᠲᠤ ᠬᠦᠷᠴᠣ ᠪᠣᠢ᠃ ︽ᠮᠠᠨᠠᠶᠢᠬᠢ ᠠᠩᠬ᠎ᠠ ᠡᠬᠢᠯᠡᠬᠡᠳ ᠨᠢᠬᠡ ᠰᠠᠭᠠᠯᠢ ᠎ ᠶᠢᠨ ᠦᠨᠢᠶ᠎ᠠ ᠎ ᠲᠠᠢ︔ ᠵᠢᠯ ᠲᠠᠷᠠᠭᠠᠯᠠᠨ ᠠᠯᠠᠭ ᠦᠨᠢᠶ᠎ᠠ ᠪᠠᠨ ᠨᠠᠮᠠᠵᠣ ᠮᠠᠯᠵᠢᠭᠠᠳ ᠣᠯᠠᠨ ᠪᠤᠯᠭᠠᠭᠰᠠᠨ︔ ᠸᠢᠴᠡᠲ ᠠᠷᠠᠯᠵᠢᠶ᠎ᠠ ᠬᠢᠭᠡᠳ ᠴᠠᠭᠠᠨ ᠢᠳᠡᠬᠡᠨ ᠤ ᠣᠷᠣᠯᠭ᠎ᠠ ᠵᠦᠬᠡᠷ ᠪᠠᠶᠢᠨ᠎ᠠ︔ ᠡᠳᠣᠷᠵᠢᠨ ᠬᠡᠳᠣᠨ ᠵᠠᠭᠤᠨ ᠲᠦᠬᠦᠷᠢᠭ ᠤᠨ ᠣᠷᠣᠯᠭ᠎ᠠ ᠣᠯᠴᠢᠬᠠᠨ᠎ᠠ︔  ᠬᠤᠶᠢᠰᠢᠳᠠ ᠪᠠᠨ ᠠᠯᠠᠭ ᠦᠨᠢᠶ᠎ᠠ ᠪᠠᠨ ᠮᠠᠯᠵᠢᠨ᠂ ᠴᠠᠭᠠᠨ ᠢᠳᠡᠭᠡ ᠪᠠᠨ ᠰᠠᠶᠢᠨ ᠬᠢᠵᠣ᠂ ᠴᠠᠬᠠᠷ ᠬᠤᠨᠢ ᠪᠠᠨ ᠮᠠᠯᠵᠢᠨ᠂ ᠣᠷᠣᠯᠭ᠎ᠠ ᠪᠠᠨ ᠦᠷᠬᠦᠯᠵᠢᠯᠡᠨ ᠨᠡᠮᠡᠭᠳᠡᠬᠦᠯᠦᠶ᠎ᠡ ᠬᠡᠵᠣ ᠪᠣᠳᠣᠵᠣ ᠪᠠᠶᠢᠨ᠎ᠠ︾ ᠭᠡᠵᠤ ᠮᠠᠯᠴᠢᠨ ᠲᠠᠨ᠎ᠠ ᠶᠠᠷᠢᠯ᠎ᠠ᠃     ᠣᠶᠢᠷ᠎ᠠ ᠶᠢᠨ ᠵᠢᠯ ᠳᠤ᠂ ᠬᠦᠪᠡᠬᠡᠳᠣ ᠰᠢᠷ᠎ᠡ ᠬᠤᠰᠢᠭᠤᠨ ᠤ ᠤᠩᠭᠤᠨ ᠠᠭᠤᠯᠠ ᠰᠤᠮᠤ ᠨᠢ ᠠᠮᠢ ᠠᠬᠤᠶ ᠶᠢ ᠲᠡᠷᠢᠭᠦᠨ ᠳᠤ ᠲᠠᠯᠪᠢᠨ᠂ ᠪᠣᠬᠢᠷᠲᠤᠯ ᠥᠬᠡᠶ ᠬᠦᠭᠵᠢᠯᠳᠠ ᠶᠢᠨ ᠣᠶᠢᠯᠠᠭᠠᠭᠳᠠᠬᠤᠨ ᠢ ᠢᠮᠠᠭᠲᠠ ᠪᠠᠷᠢᠮᠲᠠᠯᠠᠵᠤ᠂ ᠮᠠᠯᠴᠢᠨ ᠲᠦᠮᠡᠨ ᠢ ᠬᠦᠲᠦᠯᠦᠨ ᠵᠢᠯᠣᠭᠤᠳᠴᠣ ᠮᠠᠯ ᠠᠵᠣ ᠠᠬᠤᠢ ᠶᠢᠨ ᠶᠡᠷᠦᠩᠬᠡᠶᠢᠯᠡᠭᠰᠡᠨ ᠦᠷ᠎ᠡ ᠠᠰᠢᠭ ᠢ ᠲᠡᠭᠡᠭᠰᠢᠯᠡᠭᠦᠯᠵᠦ᠂ ᠦᠢᠯᠡᠳᠪᠦᠷᠢᠯᠡᠯ ᠤᠨ ᠬᠢᠷᠢ ᠲᠦᠪᠰᠢᠨ ᠢᠶᠠᠨ ᠣᠯᠡᠨ ᠨᠢᠭᠡ ᠠᠯᠬᠤᠮ ᠲᠡᠭᠦᠯᠲᠡᠷᠵᠢᠭᠦᠯᠬᠦ ᠲᠠᠯ᠎ᠠ ᠪᠠᠷ ᠲᠠᠭᠠᠭᠤᠯᠬᠤ ᠦᠢᠯᠡᠳᠦᠯ ᠎ ᠢᠶᠠᠨ ᠪᠠᠳᠠᠷᠠᠭᠤᠯᠵᠣ᠂ ᠴᠠᠬᠠᠷ ᠬᠤᠨᠢᠨ ᠤ ᠭᠤᠣᠯᠳᠠᠯᠭᠠᠲᠤ ᠰᠦᠷᠦᠭ 31᠂ ᠬᠤᠸᠠᠰᠢ ᠦᠬᠡᠷ ᠤᠨ ᠭᠤᠤᠯᠳᠠᠯᠭᠠᠲᠤ ᠰᠦᠷᠦᠭ 2᠂ ᠭᠡᠷ ᠪᠦᠯᠢ ᠶᠢᠨ ᠮᠠᠯᠵᠢᠯ ᠤᠨ ᠲᠠᠯᠠᠪᠠᠢ 56᠎ ᠳᠤ ᠬᠦᠷᠴᠦ᠂ ᠬᠡᠷ ᠪᠦᠯᠢ ᠶᠢᠨ ᠮᠠᠯᠵᠢᠯ ᠤᠨ ᠲᠠᠯᠠᠪᠠᠢ ᠪᠠᠷ ᠭᠤᠤᠯᠳᠠᠯᠭ᠎ᠠ ᠪᠣᠯᠭᠠᠵᠤ᠂ ᠳᠤᠮᠳᠠ ᠵᠢᠵᠢᠭ ᠴᠠᠭᠠᠨ ᠢᠳᠡᠬᠡᠨ ᠤ ᠦᠢᠯᠡᠳᠬᠡᠯ ᠤᠨ ᠴᠡᠭ ︵ᠮᠠᠯᠵᠢᠬᠤ ᠡᠷᠦᠬᠡ︶ 8 ᠪᠠᠶᠢᠭᠤᠯᠵᠣ᠂ ᠡᠭᠦᠨ ᠤ ᠬᠠᠮᠲᠤ᠂ ︽ᠲᠠᠷᠢᠶᠠᠯᠠᠩ ᠮᠠᠯ ᠠᠵᠤ ᠠᠬᠤᠶ ᠶᠢᠨ ᠪᠤᠰᠤ ᠦᠢᠯᠡᠳᠪᠣᠷᠢᠯᠡᠯ ᠤᠨ ᠣᠷᠣᠯᠭ᠎ᠠ︾᠎ ᠶᠢᠨ ᠵᠠᠭᠪᠤᠷ ᠢ ᠢᠳᠡᠪᠬᠢᠲᠡᠶ ᠰᠦᠪᠡᠭᠴᠢᠯᠡᠨ ᠬᠥᠭᠵᠢᠭᠦᠯᠵᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠲᠥᠷᠥᠯ ᠵᠦᠢᠯ ᠢᠶᠠᠷ ᠲᠦᠰᠢᠭ ᠪᠣᠯᠭᠠᠨ᠂ ᠣᠯᠠᠨ ᠶᠠᠩᠵᠤ ᠶᠢᠨ ᠬᠥᠭᠵᠢᠯᠲᠡ ᠶᠢᠨ ᠵᠠᠮ ᠢ ᠬᠠᠶᠢᠨ ᠰᠦᠪᠡᠭᠴᠢᠯᠡᠵᠣ ᠪᠣᠢ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号