ᠣᠶᠢᠷ᠎ᠠ ᠳᠤ ᠠᠮᠧᠷᠢᠺᠠ ᠳᠤ 2011 ᠣᠨ ᠠᠴᠠ ᠨᠠᠭᠠᠰᠢᠬᠢ ᠬᠠᠮᠤᠭ ᠤᠨ ᠲᠣᠮᠣ ᠯᠢᠰᠲ᠋ᠢ ᠪᠠᠺᠲ᠋ᠧᠷᠢ ᠶᠢᠨ | ᠬᠢᠵᠢᠭ ᠡᠭᠦᠰᠴᠦ 9 ᠬᠥᠮᠦᠨ ᠦᠬᠦᠵᠡᠢ᠃ ᠵᠧᠵᠢᠶᠠᠩ ᠤᠨ ᠣᠯᠠᠨ ᠭᠠᠵᠠᠷ ᠲᠤ ᠪᠠᠰᠠ ᠯᠢᠰᠲ ᠪᠠᠺᠲ᠋ᠧᠷᠢ | ᠬᠠᠯᠳᠠᠪᠤᠷᠢᠯᠠᠭᠰᠠᠨ ᠡᠪᠡᠳᠴᠢᠨ ᠤ ᠵᠢᠱᠢᠶ᠎ᠡ ᠭᠠᠷᠴᠠᠢ ᠂ ᠲᠡᠷᠡ ᠨᠢ ᠢᠳᠡᠭᠡᠨ ᠢᠶᠠᠷ ᠬᠠᠯᠳᠠᠪᠤᠷᠢᠯᠠᠵᠤ ᠂ - 20 ℃ ᠤᠨ | ᠬᠦᠢᠲᠡᠨ ᠣᠷᠴᠢᠨ ᠳᠤ ᠨᠢᠭᠡ ᠵᠢᠯ ᠠᠮᠢᠳᠤᠷᠠᠵᠤ ᠴᠢᠳᠠᠳᠠᠭ᠃ | ᠣᠶᠢᠷ᠎ᠠ ᠳᠤ ᠂ ᠬᠠᠩᠵᠧᠦ ᠶᠢᠨ 60 ᠭᠠᠷᠤᠬᠰᠠᠨ ᠨᠢᠭᠡᠨ ᠨᠠᠰᠤᠳᠠᠨ ᠼᠧᠨ ᠠᠪᠠᠭ᠋ᠠᠶ ᠶᠡᠭᠡ ᠪᠠᠷ ᠬᠠᠯᠠᠭᠤᠷᠠᠵᠦ | ᠬᠠᠯᠠᠭᠤᠨ ᠨᠢ ᠪᠠᠭᠤᠷᠠᠬᠤ ᠥᠬᠡᠶ ᠪᠠᠶᠢᠬᠰᠠᠨ ᠢᠶᠠᠨ ᠬᠡᠨᠡᠳᠳᠡ ᠮᠠᠨᠠᠷᠠᠬᠰᠠᠨ ᠠᠴᠠ ᠪᠠᠴᠢᠮ ᠲᠦᠷᠭᠡᠨ ᠠᠪᠣᠷᠠᠯᠳᠠ ᠶᠢᠨ | ᠦᠷᠤᠬᠡᠨ ᠳᠤ ᠬᠦᠷᠭᠡᠨ ᠡᠮᠨᠡᠭᠦᠯᠪᠡ᠃ ᠡᠮᠴᠢ ᠲᠡᠭᠦᠨ ᠤ ᠡᠪᠡᠳᠴᠢᠨ ᠤ ᠬᠢᠨᠢ ᠪᠠᠶᠢᠳᠠᠯ ᠢ ᠠᠰᠠᠭᠤᠵᠤ ᠪᠠᠶᠢᠴᠠᠭᠠᠬᠤ | ᠪᠠᠷ ᠲᠠᠮᠵᠢᠭᠠᠳ ᠤᠳᠠᠭᠠᠨ ᠡᠳᠦᠷ ᠲᠠᠯᠪᠢᠭᠰᠠᠨ ᠲᠠᠷᠪᠤᠰ ᠢᠳᠡᠭᠰᠡᠨ ᠢᠶᠠᠷ ᠠᠵᠠ ᠪᠤᠰᠤ ᠪᠠᠷ ᠯᠢᠰᠲ ᠪᠠᠺᠲ᠋ᠧᠷᠢ ᠳᠤ | ᠬᠠᠯᠳᠠᠪᠤᠷᠢᠯᠠᠭᠳᠠᠵᠤ ᠲᠠᠷᠢᠬᠢᠨ ᠤ ᠢᠳᠡᠭᠡᠲᠦ ᠬᠠᠪᠤᠳᠠᠷ ᠪᠤᠯᠤᠬᠰᠠᠨ ᠢ ᠮᠡᠳᠡᠵᠡᠢ᠃ | 6 ᠰᠠᠷ᠎ᠠ ᠳᠤ ᠂ ᠸᠧᠨᠵᠧᠦ ᠶᠢᠨ ᠨᠢᠭᠡᠨ ᠵᠢᠷᠮᠦᠰᠦᠨ ᠪᠦᠰᠡᠭᠦᠢ ᠬᠥᠷᠥᠭᠡᠭᠦᠷ ᠲᠤᠳᠤᠷ᠎ᠠ ᠪᠠᠨ ᠲᠠᠯᠪᠢᠵᠦ ᠪᠠᠶᠢᠬᠰᠠᠨ | ᠠᠮᠰᠠᠷ ᠢ ᠨᠢ ᠨᠡᠭᠡᠭᠡᠭᠰᠡᠨ ᠰᠢᠨ᠎ᠡ ᠦᠨᠢᠶᠡᠨ ᠰᠦ ᠶᠢ ᠤᠤᠭᠤᠭᠠᠳ ᠴᠢᠰᠤ ᠦᠵᠢᠷᠡᠬᠦ ᠡᠪᠡᠳᠴᠢᠨ ᠡᠭᠦᠰᠭᠡᠵᠦ ᠂ | ᠬᠡᠪᠡᠯᠢ ᠳᠠᠬᠢ ᠬᠡᠦᠬᠡᠳ ᠢ ᠡᠷᠲᠡ ᠬᠥᠩᠭᠡᠵᠢᠭᠦᠯᠵᠦ ᠂ ᠬᠠᠯᠳᠠᠪᠤᠷᠢᠯᠠᠯ ᠤᠨ ᠴᠢᠨᠠᠷᠲᠠᠢ ᠱᠣᠺ ᠪᠣᠯᠪᠠ᠃ ᠲᠡᠭᠡᠭᠡᠳ ᠲᠤᠰ | ᠡᠪᠡᠳᠴᠢᠲᠡᠨ ᠢ ᠯᠢᠰᠲ ᠪᠠᠺᠲ᠋ᠧᠷᠢ ᠳᠤ ᠬᠠᠯᠳᠠᠪᠤᠷᠢᠯᠠᠭᠳᠠᠪᠠ ᠭᠡᠵᠦ ᠣᠨᠣᠰᠢᠯᠠᠨ ᠲᠤᠳᠤᠯᠠᠬᠰᠠᠨ ᠪᠠᠶᠢᠨ᠎ᠠ᠃ | ᠯᠢᠰᠲ ᠪᠠᠺᠲ᠋ᠧᠷᠢ ᠪᠣᠯ ᠪᠠᠶᠢᠭᠠᠯᠢ ᠶᠢᠷᠲᠢᠨᠴᠦ ᠳᠤ ᠥᠷᠭᠡᠨ ᠢᠶᠠᠷ ᠣᠷᠣᠰᠢᠵᠤ ᠪᠠᠶᠢᠳᠠᠭ ᠨᠢᠭᠡ ᠵᠦᠢᠯ ᠤᠨ | ᠪᠠᠺᠲ᠋ᠧᠷᠢ ᠮᠥᠨ ᠂ ᠲᠡᠷᠡ ᠨᠢ ᠢᠳᠡᠭᠡᠨ ᠠᠴᠠ ᠰᠢᠯᠲᠠᠭᠠᠯᠠᠭᠰᠠᠨ ᠡᠪᠡᠳᠴᠢᠨ ᠢ ᠬᠡᠨᠡᠳᠳᠡ ᠡᠭᠦᠰᠭᠡᠳᠡᠭ ᠭᠤᠣᠯ | ᠡᠪᠡᠳᠴᠢᠨ ᠡᠭᠦᠰᠭᠡᠭᠴᠢ ᠮᠥᠨ ᠂ ᠪᠠᠰᠠ ᠴᠤ ᠠᠮᠢᠨ ᠳᠤ ᠬᠦᠷᠭᠡᠬᠦ ᠢᠳᠡᠭᠡᠨ ᠠᠴᠠ ᠰᠢᠯᠲᠠᠭᠠᠯᠠᠭᠰᠠᠨ ᠡᠪᠡᠳᠴᠢᠨ | ᠡᠭᠦᠰᠭᠡᠭᠴᠢ ᠶᠢᠨ ᠨᠢᠭᠡ ᠮᠥᠨ ᠂ ᠲᠡᠭᠦᠨ ᠤ ᠬᠦᠮᠦᠨ ᠢ ᠦᠬᠦᠬᠦᠯᠬᠦ ᠨᠤᠷᠮ᠎ᠠ ᠨᠢ 20 % ᠠᠴᠠ 50% ᠬᠦᠷᠴᠦ | ᠪᠤᠢ᠃ ᠯᠢᠰᠲ ᠪᠠᠺᠲ᠋ᠧᠷᠢ ᠨᠢ 0 ᠠᠴᠠ 4 ℃ ᠤᠨ ᠬᠦᠢᠲᠡᠨ ᠣᠷᠴᠢᠨ ᠳᠤ ᠮᠥᠨ ᠯᠡ ᠦᠷᠡᠵᠢᠵᠦ ᠂ - 20 | ℃ ᠤᠨ ᠬᠦᠢᠲᠡᠨ ᠣᠷᠴᠢᠨ ᠳᠤ ᠴᠤ 1 ᠵᠢᠯ ᠠᠮᠢᠳᠤᠷᠠᠵᠤ ᠴᠢᠳᠠᠳᠠᠭ︕ ᠲᠦᠭᠦᠬᠡᠶ ᠰᠦ ᠵᠢᠴᠢ ᠲᠡᠭᠦᠨ ᠤ | ᠪᠦᠲᠦᠭᠡᠭᠳᠡᠬᠦᠨ ᠂ ᠵᠠᠶᠢᠷᠮᠠᠭ ᠂ ᠲᠦᠭᠦᠬᠡᠶ ᠢᠳᠡᠭᠡᠨ ᠂ ᠵᠢᠮᠢᠰ ᠢᠳᠡᠰᠢᠨ ᠨᠣᠭᠤᠭ᠎ᠠ ᠂ ᠮᠢᠬ᠎ᠠ ᠵᠢᠴᠢ ᠮᠢᠬᠠᠨ ᠢᠳᠡᠭᠡᠨ ᠂ | ᠬᠦᠢᠳᠡᠨ ᠪᠣᠯᠭᠤᠭᠰᠠᠨ ᠢᠳᠡᠭᠡᠨ ᠲᠦᠭᠦᠭᠡᠢ ᠢᠳᠡᠭᠡᠨ ᠂ ᠣᠳᠣᠭᠰᠠᠨ ᠢᠳᠡᠭᠡᠨ ᠵᠡᠷᠭᠡ ᠨᠢ ᠪᠦᠷ ᠯᠢᠰᠲ | ᠪᠠᠺᠲ᠋ᠧᠷᠢ ᠳᠤ ᠠᠮᠠᠷᠬᠠᠨ ᠪᠣᠬᠢᠷᠲᠤᠭᠳᠠᠬᠤ ᠢᠳᠡᠭᠡᠨ ᠪᠣᠯᠤᠨ᠎ᠠ᠃ | |