ᠬᠡᠷᠡᠮ ᠨᠠᠭᠠᠯᠳᠤᠨ ᠵᠣᠭᠰᠣᠬᠤ ᠨᠢ ᠶᠠᠮᠠᠷ ᠶᠠᠮᠠᠷ ᠰᠠᠶᠢᠨ ᠲᠠᠯ᠎ᠠ ᠲᠠᠢ ᠪᠤᠶ︖ ᠬᠡᠷᠡᠮ ᠨᠠᠭᠠᠯᠳᠤᠨ ᠵᠣᠭᠰᠣᠬᠤ ᠶᠢ | ᠴᠢᠮᠠᠯᠠᠵᠤ ᠪᠣᠯᠬᠤ ᠦᠭᠡᠢ ᠂ ᠡᠨᠡ ᠪᠣᠯ ᠨᠢᠭᠡ ᠵᠦᠢᠯ ᠤᠨ ︽ ᠤᠷᠲᠤ ᠨᠠᠰᠤᠯᠠᠬᠤ ᠬᠥᠳᠡᠯᠭᠡᠭᠡᠨ ︾ ᠮᠥᠨ︕ | 1. ᠬᠡᠷᠡᠮ ᠨᠠᠭᠠᠯᠳᠤᠨ ᠵᠣᠭᠰᠣᠬᠤ ᠨᠢ ᠮᠠᠷᠢᠶ᠎ᠠ ᠰᠢᠭᠤᠷᠠᠭᠤᠯᠵᠤ ᠰᠢᠩᠭᠡᠭᠡᠯᠲᠡ ᠶᠢ ᠰᠠᠶᠢᠵᠢᠷᠠᠭᠤᠯᠤᠨ᠎ᠠ | ᠬᠤᠭᠤᠯᠠ ᠪᠠᠨ ᠢᠳᠡᠵᠦ ᠪᠠᠷᠠᠭᠰᠠᠨ ᠤ ᠳᠠᠷᠠᠭ᠎ᠠ ᠰᠠᠭᠤᠵᠤ ᠬᠡᠪᠲᠡᠬᠦ ᠨᠢ ᠰᠢᠩᠭᠡᠭᠡᠯᠲᠡ ᠶᠢ ᠨᠥᠯᠥᠭᠡᠯᠡᠬᠦ ᠪᠠᠷ | ᠪᠠᠷᠠᠬᠤ ᠦᠭᠡᠢ ᠪᠠᠰᠠ ᠭᠡᠳᠡᠰᠦᠨ ᠳᠤ ᠮᠠᠷᠢᠶ᠎ᠠ ᠰᠠᠭᠤᠯᠭᠠᠨ᠎ᠠ᠃ ᠬᠤᠭᠤᠯᠠᠨ ᠤ ᠳᠠᠷᠠᠭ᠎ᠠ ᠬᠡᠷᠡᠮ ᠨᠠᠭᠠᠯᠳᠤᠨ ᠵᠢᠭᠠᠬᠠᠨ | ᠵᠣᠭᠰᠣᠪᠠᠯ ᠰᠢᠩᠭᠡᠭᠡᠯᠲᠡ ᠳᠤ ᠲᠤᠰᠠᠲᠠᠢ ᠮᠥᠷᠲᠡᠭᠡᠨ ᠮᠠᠷᠢᠶ᠎ᠠ ᠰᠢᠭᠤᠷᠠᠭᠤᠯᠵᠤ ᠲᠠᠶᠢᠯᠤᠨ᠎ᠠ᠃ ᠡᠬᠢᠨ ᠳᠤ ᠪᠠᠨ 5 | ᠮᠢᠨᠦ᠋ᠲ ᠵᠣᠭᠰᠣᠵᠤ ᠂ ᠶᠠᠪᠤᠭᠠᠨ ᠳᠠᠭᠠᠨ 10 ~15 ᠮᠢᠨᠦ᠋ᠲ ᠪᠣᠯᠭᠠᠨ ᠤᠷᠲᠤᠳᠬᠠᠵᠤ ᠪᠣᠯᠣᠨ᠎ᠠ᠃ | ᠵᠣᠭᠰᠣᠬᠤ ᠳᠠᠭᠠᠨ ᠲᠡᠭᠰᠢ ᠤᠯᠠ ᠲᠠᠢ ᠱᠠᠬᠠᠢ ᠡᠮᠦᠰᠬᠦ ᠶᠢ ᠠᠩᠬᠠᠷᠬᠤ ᠬᠡᠷᠡᠭᠲᠡᠢ᠃ | ᠬᠡᠷᠡᠮ ᠨᠠᠭᠠᠯᠳᠤᠨ ᠵᠣᠭᠰᠣᠬᠤ ᠨᠢ ᠪᠦᠬᠦ ᠪᠡᠶ᠎ᠡ ᠶᠢᠨ ᠪᠤᠯᠴᠢᠩ ᠢ ᠪᠣᠯᠪᠠᠰᠤᠷᠠᠭᠤᠯᠵᠤ ᠂ ᠨᠡᠩ ᠠᠷᠪᠢᠨ ᠢᠯᠴᠢ | ᠵᠠᠷᠤᠴᠠᠭᠤᠯᠵᠤ ᠂ ᠪᠡᠶ᠎ᠡ ᠶᠢ ᠴᠢᠩᠭᠠᠷᠠᠭᠤᠯᠬᠤ ᠶᠢᠨ ᠬᠠᠮᠲᠤ ᠮᠠᠷᠢᠶ᠎ᠠ ᠰᠢᠭᠤᠷᠠᠭᠤᠯᠬᠤ ᠪᠠ ᠥᠭᠡᠬᠦ ᠶᠢ ᠪᠠᠭᠤᠷᠠᠭᠤᠯᠬᠤ | ᠦᠷ᠎ᠡ ᠳ᠋ᠦᠩ ᠳᠤ ᠬᠦᠷᠳᠡᠭ᠃ | 2. ᠬᠡᠷᠡᠮ ᠨᠠᠭᠠᠯᠳᠤᠨ ᠵᠣᠭᠰᠣᠬᠤ ᠨᠢ ᠪᠦᠰᠡᠯᠡᠭᠦᠷ ᠰᠡᠭᠡᠷ ᠪᠠ ᠬᠦᠵᠦᠭᠦᠦ ᠰᠡᠭᠡᠷ ᠢ ᠰᠤᠯᠠ ᠲᠠᠯᠪᠢᠬᠤ ᠳᠤ | ᠲᠤᠰᠠᠯᠠᠨ᠎ᠠ | ᠬᠡᠷᠡᠮ ᠨᠠᠭᠠᠯᠳᠤᠨ ᠵᠣᠭᠰᠣᠬᠤ ᠦᠶ᠎ᠡ ᠳᠤ ᠂ ᠬᠦᠵᠦᠭᠦᠦ ᠰᠡᠭᠡᠷ ᠪᠠ ᠪᠦᠰᠡᠯᠡᠭᠦᠷ ᠰᠡᠭᠡᠷ ᠬᠡᠪ ᠤᠨ | ᠮᠤᠷᠤᠶᠢᠯᠲᠠ ᠪᠠᠨ ᠪᠠᠲᠤᠯᠠᠵᠤ ᠂ ᠬᠦᠵᠦᠭᠦᠦ ᠰᠡᠭᠡᠷ ᠡᠮᠦᠨᠡᠰᠢ ᠪᠥᠬᠦᠶᠢᠬᠦ ᠪᠠ ᠪᠦᠰᠡᠯᠡᠭᠦᠷ ᠰᠡᠭᠡᠷ ᠡᠮᠦᠨᠡᠰᠢ | ᠪᠥᠬᠦᠶᠢᠬᠦ ᠠᠴᠠ ᠪᠣᠯᠣᠭᠰᠠᠨ ᠳᠠᠷᠤᠯᠲᠠ ᠶᠢ ᠡᠭᠦᠰᠬᠡᠬᠦ ᠠᠴᠠ ᠵᠠᠶᠢᠯᠠᠰᠬᠢᠵᠤ ᠴᠢᠳᠠᠨ᠎ᠠ᠃ | 3. ᠬᠡᠷᠡᠮ ᠨᠠᠭᠠᠯᠳᠤᠨ ᠵᠣᠭᠰᠣᠬᠤ ᠨᠢ ᠪᠠᠭᠠᠨ᠎ᠠ ᠨᠢᠷᠤᠭᠤ ᠶᠢ ᠵᠠᠰᠠᠨ᠎ᠠ | ᠬᠡᠷᠡᠮ ᠨᠠᠭᠠᠯᠳᠤᠨ ᠵᠣᠭᠰᠣᠬᠤ ᠪᠠᠷ ᠳᠠᠮᠵᠢᠵᠤ ᠂ ᠪᠠᠭᠠᠨ᠎ᠠ ᠨᠢᠷᠤᠭᠤ ᠶᠢ ᠵᠣᠬᠢᠬᠤ ᠬᠡᠮᠵᠢᠶ᠎ᠡ ᠪᠠᠷ ᠲᠡᠭᠰᠢᠯᠡᠬᠦ ᠪᠠ | ᠵᠠᠯᠠᠷᠠᠭᠤᠯᠬᠤ ᠦᠢᠯᠡᠳᠦᠯ ᠲᠠᠢ᠃ | 4. ᠬᠡᠷᠡᠮ ᠨᠠᠭᠠᠯᠳᠤᠨ ᠵᠣᠭᠰᠣᠬᠤ ᠨᠢ ᠪᠥᠭᠲᠥᠷ ᠢ ᠵᠠᠯᠠᠷᠠᠭᠤᠯᠤᠨ᠎ᠠ | ᠬᠡᠷᠡᠮ ᠨᠠᠭᠠᠯᠳᠤᠨ ᠵᠣᠭᠰᠣᠬᠤ ᠨᠢ ᠪᠦᠭᠲᠦᠷ ᠢ ᠵᠠᠰᠠᠬᠤ ᠦᠢᠯᠡᠳᠦᠯ ᠲᠠᠢ ᠪᠠᠶᠢᠳᠠᠭ᠃ | 5. ᠬᠡᠷᠡᠮ ᠨᠠᠭᠠᠯᠳᠤᠨ ᠵᠣᠭᠰᠣᠬᠤ ᠨᠢ ᠠᠯᠬᠤᠬᠤ ᠬᠡᠯᠪᠡᠷᠢ ᠶᠢ ᠵᠠᠯᠠᠷᠠᠭᠤᠯᠤᠨ᠎ᠠ | ᠲᠣᠯᠣᠭᠠᠢ ᠪᠠᠨ ᠡᠷᠭᠦᠨ ᠴᠡᠭᠡᠵᠢ ᠪᠠᠨ ᠲᠡᠨᠢᠢᠯᠭᠡᠨ ᠂ ᠵᠥᠪ ᠣᠨᠣᠪᠴᠢᠲᠠᠶ ᠬᠡᠯᠪᠡᠷᠢ ᠪᠠᠷ ᠠᠯᠬᠤᠪᠠᠯ ᠰᠠᠶ᠋ᠢ ᠬᠥᠮᠥᠨ ᠤ | ᠪᠡᠶ᠎ᠡ ᠶᠢᠨ 13 ᠲᠣᠮᠣ ᠪᠤᠯᠴᠢᠩ ᠤᠨ ᠰᠦᠷᠦᠭ ᠢ ᠳᠠᠶᠢᠴᠢᠯᠠᠨ ᠬᠠᠮᠲᠤ ᠳᠤᠨᠢ ᠬᠥᠳᠡᠯᠭᠡᠭᠡᠨ ᠬᠢᠯᠭᠡᠵᠦ ᠂ ᠪᠡᠶ᠎ᠡ | ᠮᠠᠬᠠᠪᠤᠳ ᠢ ᠴᠢᠭᠢᠷᠠᠭᠵᠢᠭᠤᠯᠤᠨ ᠂ ᠡᠭᠡᠯᠢᠯᠡᠬᠦ ᠴᠢᠳᠠᠯ ᠢ ᠳᠡᠭᠡᠭᠰᠢᠯᠡᠭᠦᠯᠵᠦ ᠴᠢᠳᠠᠨ᠎ᠠ᠃ ᠣᠳᠣᠬᠠᠨ ᠳᠤ ᠮᠠᠰᠢ ᠣᠯᠠᠨ | ᠬᠥᠮᠥᠨ ᠵᠥᠪ ᠠᠯᠬᠤᠵᠤ ᠴᠢᠳᠠᠬᠤ ᠦᠭᠡᠢ ᠂ ᠦᠷᠭᠦᠯᠵᠢ ᠬᠡᠷᠡᠮ ᠨᠠᠭᠠᠯᠳᠤᠨ ᠵᠣᠭᠰᠣᠬᠤ ᠪᠣᠯ ᠨᠢᠭᠡᠨ ᠮᠠᠰᠢ ᠰᠠᠶᠢᠨ | ᠪᠣᠯᠪᠠᠰᠤᠷᠠᠬᠤ ᠠᠷᠭ᠎ᠠ ᠪᠣᠯᠣᠨ᠎ᠠ᠃ | 6. ᠬᠡᠷᠡᠮ ᠨᠠᠭᠠᠯᠳᠤᠨ ᠵᠣᠭᠰᠣᠬᠤ ᠨᠢ ᠶᠠᠰᠤᠨ ᠤ ᠡᠳ᠋ ᠰᠡᠶᠢᠷᠡᠭᠵᠢᠬᠦ ᠶᠢ ᠰᠡᠷᠭᠡᠶᠢᠯᠡᠬᠦ ᠳᠤ ᠲᠤᠰᠠᠲᠠᠢ | ᠨᠠᠰᠤᠲᠠᠨ ᠦᠷᠭᠦᠯᠵᠢ ᠬᠡᠷᠡᠮ ᠲᠦᠰᠢᠨ ᠵᠣᠭᠰᠣᠪᠠᠯ ᠪᠠᠭᠠᠨ᠎ᠠ ᠨᠢᠷᠤᠭᠤ ᠶᠢ ᠬᠠᠮᠠᠭᠠᠯᠠᠵᠤ ᠂ ᠶᠠᠰᠤᠨ ᠤ ᠪᠡᠷᠲᠡᠯ ᠢ | ᠪᠠᠭᠠᠰᠬᠠᠨ᠎ᠠ᠃ ᠵᠣᠭᠰᠣᠬᠤ ᠳᠠᠭᠠᠨ ᠡᠷᠬᠡᠪᠰᠢ ᠬᠤᠶᠠᠷ ᠮᠥᠷᠥ ᠪᠠᠨ ᠰᠤᠯᠠ ᠲᠠᠯᠪᠢᠵᠤ ᠂ ᠴᠡᠭᠡᠵᠢ ᠲᠡᠨᠢᠢᠨ | ᠭᠡᠳᠡᠰᠦ ᠪᠠᠨ ᠬᠤᠮᠢᠬᠤ ᠬᠡᠷᠡᠭᠲᠡᠢ᠃ | | | ᠬᠡᠷᠡᠮ ᠨᠠᠭᠠᠯᠳᠤᠨ ᠵᠣᠭᠰᠣᠬᠤ ᠳᠤ ᠶᠠᠭᠤ ᠶᠢ ᠠᠩᠬᠠᠷᠬᠤ ᠴᠢᠬᠤᠯᠠᠲᠠᠢ ᠪᠤᠢ︖ | ᠬᠡᠷᠡᠮ ᠨᠠᠭᠠᠯᠳᠤᠨ ᠵᠣᠭᠰᠣᠬᠤ ᠳᠤ ᠪᠣᠷᠪᠢ ᠂ ᠭᠡᠳᠡᠰᠦ ᠂ ᠥᠭᠡᠵᠡᠭ ᠂ ᠨᠢᠷᠤᠭᠤ ᠂ ᠲᠣᠬᠤ ᠵᠡᠷᠭᠡ ᠲᠠᠪᠤᠨ | ᠬᠡᠰᠡᠭ ᠢ ᠬᠡᠷᠡᠮ ᠲᠠᠢ ᠨᠢᠭᠲᠠ ᠨᠠᠭᠠᠯᠳᠤᠭᠤᠯᠤᠨ᠎ᠠ ᠂ ᠵᠣᠭᠰᠣᠬᠤ ᠳᠠᠭᠠᠨ ᠵᠠᠪᠠᠯ ᠬᠥᠳᠡᠯᠭᠡᠭᠡᠨ ᠤ ᠪᠠᠷᠢᠮᠵᠢᠶ᠎ᠠ ᠶᠢ | ᠠᠩᠬᠠᠷᠬᠤ ᠬᠡᠷᠡᠭᠲᠡᠢ ᠂ ᠢᠩᠭᠢᠪᠡᠯ ᠰᠠᠶ᠋ᠢ ᠨᠡᠩ ᠰᠠᠶᠢᠨ ᠦᠢᠯᠡᠳᠦᠯ ᠭᠠᠷᠭᠠᠵᠤ ᠴᠢᠳᠠᠨ᠎ᠠ᠃ | ᠰᠠᠨᠠᠭᠤᠯᠬᠤ ᠨᠢ᠄ ᠡᠳᠦᠷ ᠪᠦᠷᠢ 5~10 ᠮᠢᠨᠦ᠋ᠲ ᠵᠣᠭᠰᠣᠵᠤ ᠪᠣᠯᠣᠨ᠎ᠠ ᠂ ᠬᠠᠭᠠᠰ ᠴᠠᠭ ᠠᠴᠠ ᠬᠡᠲᠦᠷᠡᠵᠦ | ᠪᠣᠯᠬᠤ ᠦᠭᠡᠢ᠃ ᠤᠷᠳᠦ ᠬᠤᠭᠤᠴᠠᠭ᠎ᠠ ᠪᠠᠷ ᠪᠠᠷᠢᠮᠲᠠᠯᠠᠪᠠᠯ ᠦᠷ᠎ᠡ ᠪᠦᠲᠦᠮᠵᠢ ᠲᠠᠢ ᠪᠣᠯᠵᠤ ᠴᠢᠳᠠᠨ᠎ᠠ᠃ | ᠬᠡᠷᠡᠮ ᠨᠠᠭᠠᠯᠳᠤᠨ ᠵᠣᠭᠰᠣᠭᠰᠠᠨ ᠤ ᠳᠠᠷᠠᠭ᠎ᠠ ᠬᠠᠮᠤᠭ ᠰᠠᠶᠢᠨ ᠨᠢ 5 ᠮᠢᠨᠦ᠋ᠲ ᠠᠭᠠᠵᠢᠮᠬᠠᠨ ᠠᠯᠬᠤᠬᠤ ᠬᠡᠷᠡᠭᠲᠡᠢ ᠂ | ᠤᠴᠢᠷ ᠨᠢ ᠵᠣᠭᠰᠣᠬᠤ ᠦᠶ᠎ᠡ ᠳᠤ ᠰᠢᠯᠪᠢ ᠶᠢᠨ ᠪᠤᠯᠴᠢᠩ ᠨᠢ ᠮᠠᠰᠢ ᠬᠦᠴᠦ ᠠᠪᠴᠤ ᠂ ᠠᠮᠠᠷᠬᠠᠨ ᠪᠤᠯᠴᠢᠩ | ᠱᠠᠷᠬᠢᠷᠠᠨ ᠡᠪᠡᠳᠬᠦ ᠦᠵᠡᠭᠳᠡᠯ ᠭᠠᠷᠳᠠᠭ ᠂ ᠰᠤᠯᠠ ᠠᠯᠬᠤᠪᠠᠯ ᠡᠨᠡ ᠬᠦ ᠦᠵᠡᠭᠳᠡᠯ ᠢ ᠨᠠᠮᠳᠠᠭᠠᠨ᠎ᠠ᠃ | |