ᠬᠡᠥᠬᠡᠳ ᠪᠠᠭᠠᠴᠣᠳ ᠢᠶᠠᠨ ᠬᠠᠯᠠᠮᠵᠢᠯᠠᠬᠤ ᠠᠵᠢᠯᠯᠠᠭ᠎ᠠ ᠶᠠᠪᠤᠭᠳᠠᠪᠠ
ᠨᠡᠶᠢᠲᠡᠯᠡᠭᠰᠡᠨ ᠴᠠᠭ᠄
2025/4/25
     4 ᠰᠠᠷ᠎ᠠ ᠶᠢᠨ 12 ᠤᠨ ᠡᠳᠦᠷ᠂ ᠬᠥᠪᠡᠭᠡᠲᠦ ᠰᠢᠷ᠎ᠠ ᠬᠤᠰᠢᠭᠤᠨ ᠤ ᠡᠮᠡᠭᠲᠡᠶᠢᠴᠦᠳ ᠤᠨ ᠬᠤᠯᠪᠣᠭᠠᠲᠤ ᠬᠤᠷᠠᠯ᠂ ᠡᠮᠡᠭᠲᠡᠶᠢᠴᠦᠳ ᠬᠡᠤᠬᠡᠳ ᠢ ᠬᠠᠯᠠᠮᠵᠢᠯᠠᠨ ᠬᠠᠶᠢᠷᠠᠯᠠᠬᠤ ᠨᠡᠶᠢᠭᠡᠮᠯᠢᠭ ᠠᠴᠠ ᠬᠤᠰᠢᠭᠤᠨ ᠤ ᠨᠣᠮ ᠤᠨ ᠰᠠᠩ ᠳᠤ ᠬᠡᠥᠬᠡᠳ ᠪᠠᠭᠠᠴᠣᠳ ᠢ ᠬᠠᠯᠠᠮᠵᠢᠯᠠᠬᠤ ᠠᠵᠢᠯᠯᠠᠭ᠎ᠠ ᠦᠷᠨᠢᠭᠦᠯᠵᠡᠢ᠃     ᠠᠵᠢᠯᠯᠠᠭ᠎ᠠ ᠨᠢ ᠬᠠᠯᠠᠭᠤᠨ ᠰᠡᠳᠬᠢᠯᠲᠦ ᠠᠨᠢᠶ᠎ᠠ ᠨᠠᠷ ᠤᠨ ︽ᠪᠢ ᠡᠬᠡ ᠤᠯᠤᠰ ᠲᠠᠢ ᠪᠠᠨ︾ ᠭᠡᠬᠦ ᠬᠠᠮᠲᠤ ᠶᠢᠨ ᠳᠠᠭᠤᠤ ᠶᠢᠨ ᠳᠤᠮᠳᠠ ᠡᠬᠢᠯᠡᠵᠥ᠂ ᠨᠡᠶᠢᠭᠡᠮᠯᠢᠭ ᠤᠨ ᠠᠵᠢᠯᠲᠠᠳ ᠠᠴᠠ ᠬᠡᠤᠬᠡᠳ ᠪᠠᠭᠠᠴᠤᠳ ᠢ ᠳᠠᠭᠠᠭᠤᠯᠤᠨ ᠬᠤᠰᠢᠭᠤᠨ ᠤ ᠨᠠᠷᠠᠲᠤ ᠬᠥᠮᠦᠰ ᠤᠨ ᠦᠢᠯᠡ ᠠᠵᠢᠯᠯᠠᠭ᠎ᠠ ᠶᠢ ᠰᠤᠨᠤᠰᠴᠤ᠂ ᠭᠡᠷ ᠤᠨ ᠠᠬᠠᠮᠠᠳ᠂ ᠬᠡᠦᠬᠡᠳ ᠤᠨ ᠲᠦᠯᠦᠭᠡᠯᠡᠭᠴᠢ ᠲᠠᠶᠢᠰᠠᠨ ᠳᠤ ᠭᠠᠷᠴᠤ ᠣᠯᠠᠨ ᠲᠠᠢ ᠨᠣᠮ ᠤᠩᠰᠢᠭᠰᠠᠨ ᠲᠥᠷᠥᠭᠳᠡᠯ ᠢᠶᠠᠨ ᠬᠤᠪᠢᠶᠠᠯᠴᠠᠵᠤ᠂ ᠳᠠᠷᠠᠭ᠎ᠠ ᠪᠠᠷ ᠨᠢ ᠱᠠᠭ᠎ᠠ ᠲᠣᠭᠯᠠᠭᠠᠮ᠂ ᠰᠠᠨᠳᠠᠯᠢ ᠪᠤᠯᠢᠶᠠᠯᠳᠤᠬᠤ ᠵᠡᠷᠭᠡ ᠰᠣᠨᠢᠷᠬᠠᠯᠲᠠᠢ ᠲᠣᠭᠯᠠᠭᠠᠮ ᠲᠣᠭᠯᠠᠵᠠᠢ᠃ ︽ᠲᠣᠰ ᠤᠳᠠᠭ᠎ᠠ ᠪᠣᠯ 2025 ᠣᠨ ᠳᠤ ᠠᠩᠬ᠎ᠠ ᠤᠳᠠᠭ᠎ᠠ ᠥᠷᠨᠢᠭᠦᠯᠦᠭᠰᠡᠨ ᠬᠠᠯᠠᠭᠤᠨ ᠰᠡᠳᠬᠢᠯᠲᠦ ᠠᠨᠢᠶ᠎ᠠ ᠨᠠᠷ ᠤᠨ ᠠᠵᠢᠯᠯᠠᠭ᠎ᠠ ᠪᠤᠯᠤᠨ᠎ᠠ︔ ᠡᠨᠡ ᠵᠢᠯ ᠪᠢᠳᠡ ᠬᠡᠳᠦᠨ ᠲᠠᠯᠠᠪᠤᠷ ᠬᠦᠳᠡᠯᠭᠡᠭᠡᠨ ᠢ ᠪᠠᠶᠢᠷᠢᠯᠠᠭᠤᠯᠤᠭᠠᠳ ᠪᠠᠶᠢᠨ᠎ᠠ︔ ᠵᠣᠨ ᠬᠡᠥᠬᠡᠳ ᠤᠳ ᠢ ᠳᠠᠭᠠᠭᠤᠯᠤᠨ ᠬᠦᠳᠡᠭᠡ ᠣᠴᠢᠨ᠎ᠠ᠃ ᠵᠢᠱᠢᠶᠡᠯᠡᠪᠡᠯ ᠰᠤᠷᠤᠨ᠎ᠠ ᠵᠤᠰᠠᠯᠠᠩ᠂ ᠡᠷᠬᠢᠨ ᠲᠣᠭᠤᠷᠢᠨ ᠤ ᠬᠤᠪᠢᠰᠬᠠᠯ ᠤᠨ ᠬᠥᠮᠦᠵᠢᠯ ᠤᠨ ᠰᠠᠭᠤᠷᠢᠨ ᠭᠠᠵᠠᠷ ᠵᠡᠷᠭᠡ ᠁ ᠡᠭᠦᠨ ᠢᠶᠠᠷ ᠳᠠᠮᠵᠢᠭᠤᠯᠵᠤ ᠬᠡᠦᠬᠡᠳ ᠤᠨ ᠪᠡᠶ᠎ᠡ ᠮᠠᠬᠠᠪᠣᠳ ᠢ ᠪᠣᠯᠪᠠᠰᠤᠷᠠᠭᠤᠯᠬᠤ ᠶᠢᠨ ᠬᠠᠮᠲᠤ ᠬᠠᠯᠠᠭᠤᠨ ᠰᠡᠳᠬᠢᠯᠲᠦ ᠠᠨᠢᠶ᠎ᠠ ᠪᠣᠯᠤᠨ ᠬᠡᠦᠬᠡᠳ ᠤᠨ ᠬᠤᠭᠤᠷᠣᠨᠳᠣᠬᠢ ᠰᠡᠳᠬᠢᠯᠭᠡ ᠶᠢ ᠨᠡᠮᠡᠭᠳᠡᠭᠦᠯᠦᠨ᠎ᠡ︾ ᠭᠡᠵᠤ ᠬᠠᠯᠠᠭᠤᠨ ᠰᠡᠳᠬᠢᠯᠲᠦ ᠠᠨᠢᠶ᠎ᠠ ᠴᠢᠮᠡᠭ ᠶᠠᠷᠢᠯ᠎ᠠ᠃     ᠠᠵᠢᠯᠯᠠᠭ᠎ᠠ ᠶᠢᠨ ᠳᠤᠮᠳᠠ ᠥᠪᠥᠷ ᠮᠣᠩᠭᠤᠯ ᠤᠨ ᠶᠢᠨ ᠴᠧᠩ ᠴᠢᠯᠠᠭᠤᠨ ᠲᠤᠰᠤᠨ ᠤ ᠬᠢᠮᠢ ᠶᠢᠨ ᠠᠵᠤ ᠦᠢᠯᠡᠳᠪᠦᠷᠢ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠂ ᠬᠤᠰᠢᠭᠤᠨ ᠤ ᠰᠢᠨᠬᠤᠸᠠ ᠨᠣᠮ ᠤᠨ ᠳᠡᠯᠭᠡᠭᠦᠷ᠂ ᠬᠤᠰᠢᠭᠤᠨ ᠤ ᠣᠴᠢ ᠪᠠᠭᠠᠴᠤᠳ ᠤᠨ ᠪᠡᠶ᠎ᠡ ᠶᠢᠨ ᠲᠠᠮᠢᠷ ᠤᠨ ᠪᠣᠯᠪᠠᠰᠤᠷᠠᠯ ᠤᠨ ᠠᠩᠭᠢ ᠵᠡᠷᠭᠡ ᠬᠠᠶᠢᠷ᠎ᠠ ᠬᠠᠯᠠᠮᠵᠢ ᠶᠢᠨ ᠠᠵᠤ ᠠᠬᠤᠶᠢᠯᠠᠯ ᠠᠴᠠ ᠬᠡᠦᠬᠡᠳ ᠤᠳ ᠲᠤ ᠲᠣᠰᠠᠯᠠᠮᠵᠢ ᠶᠢᠨ ᠮᠥᠩᠭᠦ᠂ ᠨᠣᠮ ᠪᠢᠴᠢᠭ ᠪᠣᠯᠤᠨ ᠡᠳ᠋ ᠪᠣᠳᠠᠰ ᠬᠠᠨᠳᠢᠪᠯᠠᠵᠠᠢ᠃     ᠣᠶᠢᠯᠠᠭᠠᠭᠰᠠᠨ ᠢᠶᠠᠷ᠂ ᠬᠦᠪᠡᠭᠡᠲᠦ ᠰᠢᠷ᠎ᠠ ᠬᠤᠰᠢᠭᠤᠨ ᠤ ᠬᠠᠯᠠᠭᠤᠨ ᠰᠡᠳᠬᠢᠯᠲᠦ ᠠᠨᠢᠶ᠎ᠠ ᠶᠢᠨ ᠬᠠᠯᠠᠮᠵᠢᠯᠠᠨ ᠬᠠᠶᠢᠷᠠᠯᠠᠬᠤ  ᠦᠢᠯᠡᠴᠢᠯᠡᠭᠡᠨ ᠤ ᠠᠵᠢᠯ ᠢ ᠡᠬᠢᠯᠡᠵᠤ ᠥᠷᠨᠢᠭᠦᠯᠦᠭᠰᠡᠨ ᠠᠴᠠ ᠨᠠᠰᠢ᠂ ᠬᠠᠷᠢᠯᠴᠠᠨ ᠬᠠᠪᠰᠤᠷᠤᠯᠴᠠᠬᠤ᠂ ᠬᠡᠤᠬᠡᠳ ᠪᠠᠭᠠᠴᠤᠳ ᠢ ᠬᠠᠯᠠᠮᠵᠢᠯᠠᠬᠤ ᠰᠠᠶᠢᠨ ᠰᠠᠶᠢᠬᠠᠨ ᠨᠡᠶᠢᠭᠡᠮ ᠤᠨ ᠠᠭᠤᠷ ᠠᠮᠢᠰᠬᠤᠯ ᠢ ᠪᠤᠢ ᠪᠤᠯᠭᠠᠵᠠᠢ᠃ ᠣᠲᠣ ᠪᠣᠯᠲᠠᠯ᠎ᠠ᠂ ᠬᠦᠪᠡᠭᠡᠲᠦ ᠰᠢᠷ᠎ᠠ ᠬᠤᠰᠢᠭᠤᠨ ᠳᠤ 60 ᠭᠠᠷᠤᠶ ᠬᠠᠯᠠᠭᠤᠨ ᠰᠡᠳᠬᠢᠯᠲᠦ ᠠᠨᠢᠶ᠎ᠠ ᠲᠠᠢ ᠪᠣᠯᠵᠣ᠂ ᠦᠢᠯᠡᠴᠢᠯᠡᠭᠡᠨ ᠤ ᠠᠵᠢᠯᠯᠠᠭ᠎ᠠ ᠶᠢ 30 ᠭᠠᠷᠤᠶ ᠤᠳᠠᠭ᠎ᠠ ᠦᠷᠨᠢᠭᠦᠯᠵᠡᠢ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠬᠠᠮ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号