ᠬᠦᠪᠡᠬᠡᠳᠣ ᠰᠢᠷ᠎ᠡ ᠬᠤᠰᠢᠭᠤᠨ ᠤ ︽ᠨᠠᠷᠠᠨ᠎ᠠ︾ ᠬᠤᠷᠣᠳ ᠤᠨ ᠲᠡᠯᠬᠡᠬᠦᠷ ᠤᠨ ᠡᠵᠡᠩᠨᠡᠭᠴᠢ ᠰᠠᠷᠭᠠᠢ ᠪᠣᠯ ᠶᠡᠭᠡ | ᠰᠣᠷᠭᠠᠭᠤᠯᠢ ᠪᠠᠨ ᠲᠡᠬᠦᠰᠦᠭᠡᠳ ᠨᠣᠳᠤᠭ ᠲᠤ ᠪᠠᠨ ᠪᠣᠴᠠᠵᠤ ᠴᠠᠭᠠᠨ ᠢᠳᠡᠭᠡᠨ ᠤ ᠠᠵᠤ ᠦᠢᠯᠡᠰ ᠡᠷᠬᠢᠯᠡᠨ᠂ ᠠᠳᠠᠯ | ᠠᠮᠢᠳᠣᠷᠠᠯ ᠢᠶᠠᠨ ᠦᠬᠡᠳᠠ ᠲᠠᠢ ᠦᠩᠬᠡ ᠲᠠᠢ ᠠᠪᠴᠣ ᠶᠠᠪᠣᠭ᠎ᠠ ᠦᠢᠯᠡᠰᠴᠢ ᠪᠦᠰᠡᠬᠦᠢ ᠪᠣᠯᠣᠨ᠎ᠠ᠃ ᠲᠡᠬᠦᠨ ᠤ | ᠣᠯᠠᠮᠵᠢᠯᠠᠯᠳᠣ ᠴᠠᠭᠠᠨ ᠢᠳᠡᠬᠡᠨ ᠪᠠ ᠰᠢᠨ᠎ᠡ ᠮᠠᠶ᠋ᠢᠭ ᠤᠨ ᠴᠠᠭᠠᠨ ᠢᠳᠡᠬᠡᠨ ᠤ ᠪᠦᠲᠦᠭᠡᠭᠳᠡᠬᠦᠨ ᠨᠢ ᠦᠷᠬᠡᠨ ᠣᠯᠠᠨ | ᠬᠡᠷᠡᠭᠯᠡᠭᠴᠢᠳ ᠤᠨ ᠲᠠᠭᠠᠰᠢᠶᠠᠯ ᠳᠤ ᠬᠦᠷᠴᠦ᠂ ︽ᠨᠠᠷᠠᠨ᠎ᠠ︾ ᠬᠤᠷᠣᠳ ᠤᠨ ᠲᠡᠯᠬᠡᠬᠦᠷ ᠨᠢ ᠴᠤ ᠵᠠᠬ᠎ᠠ ᠳᠡᠯᠭᠡᠬᠦᠷ ᠲᠤ | ᠦᠪᠡᠷ ᠤᠨ ᠤᠷᠤᠨ ᠵᠠᠢ ᠪᠠᠨ ᠤᠯᠵᠤ ᠪᠠᠶᠢᠨ᠎ᠠ᠃ | ︽ᠰᠢᠯᠢ ᠶᠢᠨ ᠭᠤᠤᠯ ᠴᠠᠭᠠᠨ ᠢᠳᠡᠬᠡᠨ︾ ᠤ ᠣᠷᠣᠨ ᠪᠦᠰᠡ ᠶᠢᠨ ᠨᠡᠶᠢᠲᠡ ᠶᠢᠨ ᠬᠡᠷᠡᠭᠯᠡᠭᠡᠨ ᠤ ᠲᠦᠷᠣᠯ ᠲᠡᠮᠳᠡᠭ | ᠤᠨ ᠡᠷᠬᠡ ᠶᠢ ᠣᠯᠣᠬᠰᠠᠨ ︽ᠨᠠᠷᠠᠨ᠎ᠠ︾ ᠬᠤᠷᠣᠳ ᠡᠳ᠋ᠰᠢᠭᠦᠯᠬᠦ ᠦᠢᠯᠡᠳᠬᠡᠯ ᠤᠨ ᠭᠠᠵᠠᠷ ᠲᠤ ᠬᠦᠷᠬᠦ ᠳᠤ ᠴᠠᠭᠠᠨ ᠢᠳᠡᠭᠡᠨ | ᠬᠢᠬᠦ ᠰᠢᠨ᠎ᠡ ᠮᠠᠶ᠋ᠢᠭ ᠤᠨ ᠮᠠᠰᠢᠨ ᠲᠥᠬᠦᠭᠡᠷᠦᠮᠵᠢ ᠬᠦᠷᠴᠢᠬᠢᠨᠡᠨ ᠠᠵᠢᠯᠯᠠᠵᠤ᠂ ᠡᠵᠡᠩᠨᠡᠭᠴᠢ ᠰᠠᠷᠭᠠᠢ ᠠᠵᠢᠯᠴᠢᠨ ᠲᠠᠢ ᠪᠠᠨ | ᠬᠠᠮᠳᠣ ᠪᠠᠷ ᠴᠠᠭᠠᠨ ᠢᠳᠡᠭᠡᠨ ᠢᠶᠠᠨ ᠪᠤᠯᠪᠠᠰᠤᠷᠠᠭᠤᠯᠵᠤ ᠡᠳ᠋ᠰᠢᠬᠦᠯᠦᠭᠡᠳ ᠶᠠᠭᠠᠷᠠᠯᠳᠤᠨ᠎ᠠ᠃ ︽ᠮᠠᠨ ᠤ ᠴᠠᠭᠠᠨ ᠢᠳᠡᠬᠡᠨ ᠤ | ᠲᠡᠯᠬᠡᠬᠦᠷ ᠨᠢ ᠡᠪᠣᠯ ᠤᠨ ᠣᠯᠠᠷᠢᠯ ᠳᠤ 6 ᠴᠠᠭ᠂ ᠵᠣᠨ ᠤ ᠣᠯᠠᠷᠢᠯ ᠳᠤ 4 ᠴᠠᠭ ᠠᠴᠠ ᠠᠵᠢᠯ ᠢᠶᠠᠨ ᠡᠬᠢᠯᠡᠬᠡᠳ | ᠬᠢᠴᠢᠬᠡᠳᠡᠭ᠂ ᠮᠠᠨ ᠤ ᠲᠡᠯᠬᠡᠬᠦᠷ ᠤᠨ ᠴᠠᠭᠠᠨ ᠢᠳᠡᠬᠡᠨ ᠤ ᠪᠦᠳᠣᠬᠡᠭᠳᠡᠬᠦᠨ ᠨᠢ ᠣᠯᠠᠨ ᠪᠣᠯᠬᠤᠷ ᠪᠦᠬᠦᠯᠢ ᠡᠳᠣᠷ ᠢᠶᠠᠷ ᠢᠶᠠᠨ | ᠪᠦᠷ ᠠᠵᠢᠯᠯᠠᠵᠣ ᠶᠠᠭᠠᠷᠠᠯᠲᠠᠢ ᠦᠩᠬᠡᠷᠡᠳᠡᠭ︔ ᠵᠠᠷᠢᠮ ᠳᠤ ᠪᠠᠨ ᠦᠳᠠ ᠶᠢᠨ ᠠᠮᠠᠷᠠᠯᠳᠠ ᠪᠠᠰᠠ ᠪᠠᠶᠢᠬᠤ ᠦᠬᠡᠢ︔ | ᠲᠡᠭᠡᠬᠦᠯᠡᠷ ᠵᠢᠭᠠᠬᠠᠨ ᠵᠦᠳᠡᠷᠡᠨᠠ︔ ᠣᠯᠠᠮᠵᠢᠯᠠᠯᠳᠣ ᠴᠠᠭᠠᠨ ᠢᠳᠡᠭᠡ ᠠᠴᠠ ᠬᠡᠪ ᠤᠨ ᠬᠤᠷᠣᠳ᠂ ᠰᠢᠨ᠎ᠠ ᠪᠦᠳᠣᠬᠡᠭᠳᠡᠬᠦᠨ | ᠠᠴᠠ ᠰᠦᠨ ᠤ ᠰᠢᠬᠢᠷ᠂ ᠡᠬᠡᠷᠡ ᠶᠢ ᠲᠣᠬᠳᠠᠬᠰᠠᠨ ᠬᠡᠷᠡᠭᠯᠡᠭᠴᠢ ᠳᠤ ᠪᠠᠨ ᠬᠠᠩᠭᠠᠨ᠎ᠠ︔ ᠰᠠᠷ᠎ᠡ ᠰᠠᠷ᠎ᠡ ᠳᠤ ᠪᠠᠨ | ᠲᠣᠬᠳᠠᠬᠰᠠᠨ ᠵᠠᠬᠢᠶᠠᠯᠠᠭ᠎ᠠ ᠲᠠᠢ᠂ ᠪᠠᠷᠠᠭ᠎ᠠ ᠲᠠᠷᠣᠬᠳᠠᠬᠤ ᠦᠬᠡᠢ᠂ ᠣᠷᠣᠯᠭ᠎ᠠ ᠨᠠᠯᠢᠶᠠᠳ ᠰᠠᠶᠢᠨ︾ ᠭᠡᠵᠤ ᠰᠠᠷᠭᠠᠢ ᠶᠠᠷᠢᠯ᠎ᠠ᠃ | | ᠰᠠᠷᠭᠠᠢ ᠶᠢᠨ ᠡᠵᠢ ᠨᠠᠷᠠᠨ᠎ᠠ ᠪᠤᠯ ᠬᠤᠰᠢᠭᠤ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ ᠦᠪᠯᠡᠨ | ᠤᠯᠠᠮᠵᠢᠯᠠᠭᠴᠢ ᠪᠠᠶᠢᠵᠤ᠂ ᠣᠯᠠᠮᠵᠢᠯᠠᠯᠳᠣ ᠴᠠᠭᠠᠨ ᠢᠳᠡᠭᠡ ᠬᠢᠬᠦ ᠣᠷ᠎ᠠ ᠲᠠᠮ ᠢ ᠰᠠᠷᠭᠠᠢ ᠳᠤ ᠪᠠᠨ ᠤᠯᠠᠮᠵᠢᠯᠠᠨ ᠵᠢᠭᠠᠵᠤ᠂ | ᠴᠢᠨᠠᠭᠰᠢᠯᠠᠨ ᠰᠠᠭᠠᠯᠢ ᠶᠢᠨ ᠦᠢᠯᠡᠰ ᠤᠨ ᠵᠠᠮ ᠳᠤ ᠬᠦᠷᠲᠡᠯ᠎ᠡ ᠬᠦᠲᠦᠯᠵᠠᠢ᠃ ︽ᠪᠢ 2010 ᠣᠨ ᠳᠤ ᠰᠣᠷᠭᠠᠭᠤᠯᠢ ᠪᠠᠨ | ᠲᠡᠬᠦᠰᠴᠦ ᠡᠵᠢ ᠪᠠᠨ ᠬᠠᠪᠰᠤᠷᠤᠨ ᠴᠠᠭᠠᠨ ᠢᠳᠡᠬᠡᠨ ᠤ ᠠᠵᠢᠯ ᠬᠢᠭᠰᠡᠨ︔ 2016 ᠣᠨ ᠠᠴᠠ ᠡᠬᠢᠯᠡᠬᠡᠳ ᠦᠪᠡᠷ ᠤᠨ | ᠪᠠᠶ᠎ᠠ ᠪᠠᠨ ᠲᠠᠭᠠᠭᠠᠵᠣ ᠣᠯᠠᠮᠵᠢᠯᠠᠯᠳᠣ ᠴᠠᠭᠠᠨ ᠢᠳᠡᠭᠡ ᠬᠢᠳᠡᠭ ᠪᠤᠯᠤᠭᠰᠠᠨ ᠪᠦᠭᠡᠳ ᠵᠢᠯ ᠪᠣᠯᠭᠠᠨ ᠴᠠᠭᠠᠨ ᠢᠳᠡᠬᠡᠨ ᠤ | ᠪᠣᠯᠪᠠᠰᠣᠷᠠᠯ ᠤᠨ ᠠᠩᠬᠢ ᠳᠤ ᠰᠤᠷᠤᠯᠴᠠᠵᠤ ᠰᠢᠨ᠎ᠠ ᠪᠦᠳᠣᠬᠡᠭᠳᠡᠬᠦᠨ ᠬᠢᠬᠦ ᠶᠢ ᠰᠣᠷᠣᠬᠰᠠᠨ︾ ᠭᠡᠵᠤ ᠰᠠᠷᠭᠠᠢ ᠶᠠᠷᠢᠯ᠎ᠠ᠃ | ᠣᠶᠢᠷ᠎ᠡ ᠶᠢᠨ ᠵᠢᠯ ᠠᠴᠠ᠂ ᠬᠥᠮᠦᠰ ᠤᠨ ᠬᠡᠷᠡᠭᠴᠡᠭᠡ ᠱᠠᠭᠠᠷᠳᠠᠯᠭ᠎ᠠ ᠡᠳᠦᠷ ᠢᠷᠡᠬᠦᠶ᠎ᠡ ᠨᠡᠮᠡᠭᠳᠡᠬᠦ ᠶᠢ ᠳᠠᠭᠠᠯᠳᠤᠨ᠂ ᠰᠠᠷᠭᠠᠢ | ᠰᠢᠨ᠎ᠡ ᠪᠦᠲᠦᠭᠡᠭᠳᠡᠬᠦᠨ ᠬᠢᠬᠦ ᠶᠢᠨ ᠲᠠᠭᠠᠤ ᠣᠷᠣᠨ ᠨᠤᠲᠤᠭ ᠤᠨ ᠣᠨᠴᠠᠯᠢᠭ ᠲᠠᠢ ᠪᠠᠨ ᠤᠶᠠᠯᠳᠤᠭᠤᠯᠤᠨ ᠦᠢᠯᠡᠳᠬᠦᠨ ᠤ | ᠲᠥᠷᠥᠯ ᠵᠦᠢᠯ ᠢᠶᠠᠨ ᠪᠠᠶᠠᠯᠢᠭᠵᠢᠭᠤᠯᠵᠤ᠂ ᠣᠳᠣᠬᠠᠨ ᠳᠤ ᠰᠢᠷ᠎ᠡ ᠣᠰᠣ ᠶᠢ ᠠᠰᠢᠭᠯᠠᠨ 10 ᠭᠠᠷᠤᠶ ᠵᠦᠢᠯ ᠤᠨ ᠰᠢᠨ᠎ᠡ | ᠦᠢᠯᠡᠳᠬᠦᠨ ᠪᠤᠯᠪᠠᠰᠤᠷᠠᠭᠤᠯᠵᠤ᠂ ᠤᠯᠠᠮᠵᠢᠯᠠᠯᠲᠤ ᠴᠠᠭᠠᠨ ᠢᠳᠡᠭᠡᠨ ᠤ ᠠᠵᠤ ᠦᠢᠯᠡᠰ ᠤᠨ ᠲᠠᠰ ᠳᠡᠪᠰᠢᠬᠦ ᠳᠤ ᠦᠪᠡᠷ ᠤᠨ | ᠬᠤᠪᠢ ᠨᠡᠮᠡᠷᠢ ᠪᠠᠨ ᠦᠵᠡᠬᠦᠯᠵᠦ ᠶᠠᠪᠤᠨ᠎ᠠ᠃ | ᠰᠠᠷᠭᠠᠢ ᠶᠢᠨ ᠴᠠᠭᠠᠨ ᠢᠳᠡᠬᠡᠨ ᠤ ᠲᠦᠷᠣᠯ ᠵᠦᠢᠯ ᠣᠯᠠᠨ᠂ ᠠᠮᠲᠠ ᠰᠢᠮᠲᠡ ᠰᠠᠶᠢᠬᠠᠨ᠂ ᠪᠦᠳᠣᠬᠡᠭᠳᠡᠬᠦᠨ ᠤ ᠴᠢᠨᠡᠷ | ᠴᠢᠨᠰᠠᠭ᠎ᠠ ᠶᠢ ᠪᠠᠳᠣᠯᠠᠳᠠᠭ ᠠᠴᠠ ᠣᠷᠣᠨ ᠤ ᠡᠯ᠎ᠡ ᠠᠶᠢᠮᠠᠭ ᠬᠤᠳᠠ ᠠᠴᠠ ᠭᠠᠳᠠᠨ᠎ᠠ᠂ ᠪᠡᠬᠡᠵᠢᠩ᠂ ᠲᠢᠶᠠᠨᠵᠢᠨ᠂ ᠰᠢᠨᠵᠢᠶᠠᠩ | ᠵᠡᠷᠬᠡ ᠭᠠᠵᠠᠷ ᠣᠷᠣᠨ ᠳᠤ ᠪᠣᠷᠣᠯᠠᠭᠤᠯᠣᠬᠳᠠᠵᠣ ᠪᠣᠢ᠃ | ︽ᠬᠦᠮᠣᠨ ᠤ ᠰᠠᠶᠢᠬᠠᠨ ᠰᠡᠳᠬᠢᠯ ᠳᠤ ᠪᠠᠨ᠂ ᠬᠦᠰᠡᠯᠡᠩ ᠤᠨ ᠰᠠᠶᠢᠬᠠᠨ ᠢᠳᠡᠬᠡᠯ ᠳᠤ ᠪᠠᠨ︾ ᠬᠡᠳᠡᠭ ᠢᠶᠠᠷ᠂ | ᠰᠠᠷᠭᠠᠢ ᠲᠦᠪ ᠬᠢᠴᠢᠶᠡᠩᠬᠦᠢ ᠠᠵᠢᠯ ᠤᠨ ᠰᠣᠷᠳᠠᠯ᠂ ᠨᠠᠶᠢᠳᠠᠪᠣᠷᠢᠲᠠᠢ ᠦᠢᠯᠡᠴᠢᠯᠡᠭᠡ ᠪᠠᠷ ᠨᠣᠳᠤᠭ ᠣᠰᠣᠨ ᠤ ᠪᠠᠨ ᠣᠯᠠᠨ | ᠲᠦᠮᠡᠨ ᠤ ᠲᠣᠮᠳᠠ ᠵᠢᠱᠢᠶᠡᠴᠢ ᠲᠠᠭᠤᠷᠢᠶᠠᠯ ᠪᠣᠯᠵᠣ᠂ ᠨᠠᠩ ᠣᠯᠠᠨ ᠬᠥᠮᠦᠰ ᠲᠤ ᠬᠥᠪᠡᠭᠡᠲᠦ ᠰᠢᠷ᠎ᠠ ᠬᠤᠰᠢᠭᠤᠨ ᠤ ᠴᠠᠭᠠᠨ | ᠢᠳᠡᠭᠡᠨ ᠢ ᠲᠠᠨᠢᠭᠤᠯᠵᠤ᠂ ︽ᠴᠠᠭᠠᠨ ᠢᠳᠡᠭᠡᠨ ᠤ ᠨᠣᠳᠤᠭ︾ ᠤᠨ ᠨᠡᠷ᠎ᠡ ᠠᠯᠳᠠᠷ ᠢ ᠠᠯᠳᠠᠷᠰᠢᠭᠤᠯᠵᠤ᠂ ᠦᠢᠯᠡᠰ ᠤᠨ | ᠬᠠᠷᠭᠤᠢ ᠳᠤ ᠪᠠᠨ ᠢᠲᠡᠭᠡᠯ ᠳᠦᠬᠦᠷᠡᠩ ᠤᠷᠤᠭᠰᠢᠯᠠᠨ᠎ᠠ᠃ |