ᠪᠠᠶᠠᠨᠲᠠᠯ᠎ᠠ ᠪᠠᠯᠭᠠᠰᠤ 《 5·1 》 ᠤ ᠪᠠᠶᠠᠷ ᠤᠨ ᠡᠳᠦᠷ ᠠᠴᠠ ᠡᠮᠦᠨᠡᠬᠢ ᠠᠶᠤᠯᠭᠦᠶ ᠦᠶᠯᠡᠳᠪᠦᠷᠢᠯᠡᠯ  ᠤᠨ ᠬᠡᠮ ᠰᠣᠭᠤᠭ ᠢ ᠵᠢᠭᠰᠠᠭᠠᠨ ᠪᠠᠶᠢᠴᠠᠭᠠᠵᠤ᠂ ᠠᠮᠠᠷᠠᠯᠲᠠ ᠶᠢᠨ ᠬᠤᠭᠤᠴᠠᠭᠠᠨ ᠤ ᠠᠮᠤᠷ ᠲᠦᠪᠰᠢᠨ ᠢ ᠪᠠᠲᠣᠯᠠᠨ᠎ᠠ
ᠨᠡᠶᠢᠲᠡᠯᠡᠭᠰᠡᠨ ᠴᠠᠭ᠄
2025/5/9
     ᠬᠠᠷᠢᠶ᠎ᠠ ᠣᠷᠣᠨ ᠤ 《 5·1 》 ᠤ ᠪᠠᠶᠠᠷ ᠤᠨ ᠡᠳᠦᠷ ᠠᠴᠠ ᠡᠮᠦᠨᠡᠬᠢ ᠠᠶᠤᠯᠭᠦᠶ ᠦᠶᠯᠡᠳᠪᠦᠷᠢᠯᠡᠯ ᠤᠨ ᠠᠵᠢᠯ ᠢ ᠤᠯᠠᠮ ᠨᠢᠭᠡ ᠠᠯᠬᠤᠮ ᠰᠠᠶᠢᠲᠤᠷ ᠬᠢᠵᠦ᠂ ᠡᠯ᠎ᠡ ᠲᠥᠷᠥᠯ ᠤᠨ ᠠᠶᠤᠯᠭᠦᠶ ᠦᠶᠯᠡᠳᠪᠦᠷᠢᠯᠡᠯ ᠤᠨ ᠠᠳᠡᠯ  ᠠᠴᠠ ᠪᠦᠲᠦᠮᠵᠢᠲᠡᠶ ᠵᠠᠶᠢᠯᠠᠰᠬᠢᠵᠦ᠂ ᠠᠷᠠᠳ ᠣᠯᠠᠨ ᠤ ᠲᠣᠭᠲᠠᠭᠤᠨ ᠡᠶ᠎ᠡ ᠵᠣᠬᠢᠴᠠᠩᠭᠤᠶ ᠠᠮᠠᠷᠠᠯᠲᠠ ᠶᠢᠨ ᠬᠤᠭᠤᠴᠠᠭ᠎ᠠ ᠶᠢ ᠥᠩᠭᠡᠷᠡᠭᠦᠯᠬᠦ ᠶᠢ ᠪᠠᠲᠤᠯᠠᠬᠤ ᠶᠢᠨ ᠲᠥᠯᠥᠭᠡ᠂ ᠣᠶᠢᠷ᠎ᠠ ᠳᠤ᠂ ᠪᠠᠶᠠᠨᠲᠠᠯ᠎ᠠ ᠪᠠᠯᠭᠠᠰᠤ ᠪᠠᠶᠠᠷ ᠤᠨ ᠡᠳᠦᠷ ᠠᠴᠠ ᠡᠮᠦᠨᠡᠬᠢ ᠠᠶᠤᠯᠭᠦᠶ ᠦᠶᠯᠡᠳᠪᠦᠷᠢᠯᠡᠯ ᠤᠨ ᠬᠡᠮ ᠰᠣᠭᠤᠭ ᠢ ᠵᠢᠭᠰᠠᠭᠠᠨ ᠪᠠᠶᠢᠴᠠᠭᠠᠵᠤ᠂ ᠠᠶᠤᠯᠭᠦᠶ ᠦᠶᠯᠡᠳᠪᠦᠷᠢᠯᠡᠯ ᠤᠨ ᠠᠳᠡᠯ ᠭᠠᠷᠬᠤ ᠶᠢ ᠪᠥᠬᠦ ᠬᠦᠴᠦᠨ ᠢᠶᠠᠷ ᠢᠶᠠᠨ ᠰᠡᠷᠭᠡᠶᠢᠯᠡᠵᠦ ᠪᠠᠶᠢᠨ᠎ᠠ᠃      ᠪᠠᠶᠢᠴᠠᠭᠠᠬᠤ ᠳᠤᠭᠤᠶᠢᠯᠠᠩ ᠤᠨ ᠬᠢᠨ ᠬᠠᠷᠢᠶ᠎ᠠ ᠣᠷᠣᠨ ᠤ ᠪᠠᠨ ᠳᠣᠲᠣᠷᠠᠬᠢ ᠠᠭᠤᠷᠬᠠᠢ ᠶᠢᠨ ᠠᠵᠤ ᠠᠬᠤᠶᠢᠯᠠᠯ᠂ ᠴᠢᠯᠠᠭᠤᠨ ᠲᠤᠰᠤᠨ ᠤ ᠠᠵᠤ ᠠᠬᠤᠶᠢᠯᠠᠯ᠂ ᠬᠤᠭᠤᠯᠠᠨ ᠭᠡᠷ ᠬᠤᠳᠠᠯᠳᠤᠭ᠎ᠠ ᠳᠡᠯᠭᠡᠭᠦᠷ᠂ ᠲᠤᠰᠤ ᠨᠡᠮᠡᠬᠦ ᠦᠷᠳᠡᠭᠡ ᠵᠡᠷᠭᠡ ᠭᠤᠣᠯᠳᠠᠯᠭ᠎ᠠ ᠲᠠᠢ ᠲᠠᠯᠠᠪᠤᠷ ᠲᠤ ᠭᠦᠨᠵᠡᠭᠡᠶᠢᠷᠡᠵᠦ᠂ ᠠᠶᠤᠯᠭᠦᠢ ᠦᠢᠯᠡᠳᠪᠦᠷᠢᠯᠡᠯ ᠤᠨ ᠲᠦᠷᠢᠮ ᠢ ᠨᠠᠶᠢᠳᠠᠪᠤᠷᠢᠵᠢᠭᠤᠯᠤᠭᠰᠠᠨ ᠡᠰᠡᠬᠦ᠂ ᠭᠠᠯ ᠤᠨᠲᠠᠷᠠᠭᠠᠬᠤ ᠲᠤᠨᠤᠭ ᠲᠥᠬᠦᠭᠡᠷᠦᠮᠵᠢ ᠪᠦᠷᠢᠨ ᠭᠦᠢᠴᠡᠳ ᠪᠠᠶᠢᠬᠤ ᠡᠰᠡᠬᠦ᠂ ᠭᠠᠯ ᠤᠨᠲᠠᠷᠠᠭᠠᠭᠤᠷ ᠤᠨ ᠬᠡᠷᠡᠭᠯᠡᠭᠡᠨ ᠤ ᠴᠢᠳᠠᠪᠬᠢ ᠰᠠᠶᠢᠨ ᠪᠠᠶᠢᠬᠤ ᠡᠰᠡᠬᠦ᠂ ᠠᠮᠤᠷ ᠲᠦᠪᠰᠢᠨ ᠨᠡᠪᠲᠡᠷᠡᠬᠦ ᠵᠠᠮ ᠰᠠᠭᠠᠳ ᠦᠭᠡᠢ ᠪᠠᠶᠢᠬᠤ ᠡᠰᠡᠬᠦ᠂ ᠢᠳᠡᠭᠡᠨ ᠤ ᠶᠠᠰᠤ ᠴᠢᠨᠠᠷ᠂ ᠡᠷᠡᠭᠦᠯ ᠬᠠᠮᠠᠭᠠᠯᠠᠯ ᠪᠠᠷᠢᠮᠵᠢᠶ᠎ᠠ ᠳᠤ ᠬᠦᠷᠦᠭᠰᠡᠨ ᠡᠰᠡᠬᠦ᠂ ᠨᠣᠴᠣᠮᠠᠲᠠᠭᠠᠢ ᠳᠡᠯᠪᠡᠷᠡᠮᠡᠲᠡᠭᠡᠢ ᠪᠣᠳᠠᠰ ᠢ ᠬᠠᠳᠠᠭᠠᠯᠠᠵᠤ ᠲᠠᠯᠪᠢᠭᠰᠠᠨ ᠡᠰᠡᠬᠦ ᠵᠢᠴᠢ ᠠᠶᠤᠯᠭᠦᠢ ᠪᠠᠷ ᠴᠠᠬᠢᠯᠭᠠᠨ ᠬᠡᠷᠡᠭᠯᠡᠭᠰᠡᠨ ᠡᠰᠡᠬᠦ᠂ ᠰᠢᠲᠠᠮᠠᠬᠠᠢ ᠬᠡᠢ ᠬᠡᠷᠡᠭᠯᠡᠭᠰᠡᠨ ᠡᠰᠡᠬᠦ ᠶᠢ ᠪᠦᠬᠦ ᠲᠠᠯ᠎ᠠ ᠪᠠᠷ ᠪᠠᠶᠢᠴᠠᠭᠠᠪᠠ᠃ ᠪᠠᠶᠢᠴᠠᠭᠠᠯᠲᠠ ᠶᠢᠨ ᠳᠤᠮᠳᠠ ᠢᠯᠡᠷᠡᠭᠦᠯᠦᠭᠰᠡᠨ ᠠᠰᠠᠭᠤᠳᠠᠯ ᠳᠤ ᠴᠢᠭᠯᠡᠭᠦᠯᠦᠨ᠂ 《 ᠪᠠᠶᠢᠴᠠᠭᠠᠬᠤ ᠶᠢᠨ ᠳᠠᠭᠠᠤ ᠵᠢᠯᠣᠭᠤᠳᠴᠤ᠂ ᠴᠡᠭᠴᠡᠯᠡᠨ ᠰᠠᠶᠢᠵᠢᠷᠠᠭᠤᠯᠬᠤ 》 ᠠᠷᠭ᠎ᠠ ᠮᠠᠶ᠋ᠢᠭ ᠢ ᠠᠪᠴᠤ᠂ ᠢᠯᠡᠷᠡᠭᠦᠯᠦᠭᠰᠡᠨ ᠠᠰᠠᠭᠤᠳᠠᠯ ᠢ ᠴᠠᠭ ᠲᠤᠬᠠᠶ ᠳᠤᠨᠢ ᠡᠮᠬᠢᠯᠡᠨ ᠳᠢᠭᠯᠡᠵᠦ᠂ ᠲᠤᠬᠠᠶ ᠶᠢᠨ ᠦᠶ᠎ᠡ ᠳᠤ ᠴᠡᠭᠴᠡᠯᠡᠨ ᠰᠠᠶᠢᠵᠢᠷᠠᠭᠤᠯᠵᠤ ᠳᠡᠶᠢᠯᠬᠦ ᠶᠢ ᠨᠢ ᠳᠠᠷᠤᠶ ᠲᠦᠷᠭᠡᠨ ᠴᠡᠭᠴᠡᠯᠡᠨ ᠰᠠᠶᠢᠵᠢᠷᠠᠭᠤᠯᠵᠤ᠂ ᠲᠡᠷᠡ ᠳᠠᠷᠤᠶ ᠳᠤᠨᠢ ᠴᠡᠭᠴᠡᠯᠡᠨ ᠰᠠᠶᠢᠵᠢᠷᠠᠭᠤᠯᠵᠤ ᠳᠡᠶᠢᠯᠬᠦ ᠥᠬᠡᠶ  ᠶᠢ ᠨᠢ᠂ ᠡᠵᠡᠩᠨᠡᠯᠲᠡ ᠶᠢᠨ ᠭᠤᠤᠯ ᠴᠣᠭᠴᠠ ᠶᠢᠨ ᠬᠠᠷᠢᠭᠤᠴᠠᠯᠭᠠᠲᠠᠨ ᠢᠶᠠᠷ ᠳᠣᠰᠬᠠᠶᠢᠯᠠᠨ ᠬᠠᠷᠢᠭᠤᠴᠠᠭᠤᠯᠵᠤ᠂ ᠴᠠᠭ ᠲᠣᠭᠲᠠᠭᠠᠨ ᠴᠡᠭᠴᠡᠯᠡᠨ ᠰᠠᠶᠢᠵᠢᠷᠠᠭᠤᠯᠬᠤ ᠶᠢ ᠲᠣᠳᠣᠷᠬᠠᠶᠢᠯᠠᠬᠤ ᠶᠢᠨ ᠬᠠᠮᠲᠤ ᠬᠠᠷᠢᠭᠤᠴᠠᠯᠭᠠᠲᠠᠨ ᠳᠤ ᠠᠮᠤᠷ ᠲᠦᠪᠰᠢᠨ ᠤ ᠤᠬᠠᠭᠤᠯᠭ᠎ᠠ ᠬᠥᠮᠦᠵᠢᠯ ᠬᠢᠵᠦ᠂ ᠳᠠᠯᠳᠠ ᠬᠡᠮ ᠢ ᠡᠬᠢ ᠡᠭᠦᠰᠦᠯ ᠠᠴᠠ ᠨᠢ ᠠᠷᠢᠯᠭᠠᠵᠤ᠂     ᠠᠶᠤᠯᠭᠦᠶ ᠦᠶᠯᠡᠳᠪᠦᠷᠢᠯᠡᠯ ᠤᠨ ᠡᠨᠡ ᠬᠦ ᠬᠥᠪᠴᠢ ᠶᠢ ᠴᠠᠭ ᠢᠮᠠᠭᠲᠠ ᠴᠢᠩᠭᠠᠯᠠᠪᠠ ᠃ ᠪᠠᠶᠠᠨᠲᠠᠯ᠎ᠠ ᠪᠠᠯᠭᠠᠰᠤᠨ ᠤ ᠬᠠᠷᠢᠭᠤᠴᠠᠯᠭᠠᠲᠠᠨ ᠬᠡᠯᠡᠬᠦ ᠳᠡᠭᠡᠨ᠂ ᠠᠶᠤᠯᠭᠦᠶ ᠦᠶᠯᠡᠳᠪᠦᠷᠢᠯᠡᠯ ᠤᠨ ᠬᠠᠷᠢᠭᠤᠴᠠᠯᠭ᠎ᠠ ᠲᠠᠶᠢᠱᠠᠨ ᠠᠭᠤᠯᠠ ᠠᠴᠠ ᠬᠦᠨᠳᠦ ᠪᠠᠶᠢᠳᠠᠭ᠂ ᠲᠠᠪᠤᠨ ᠰᠠᠷ᠎ᠠ ᠶᠢᠨ ᠨᠢᠭᠡᠨ ᠤ ᠠᠮᠠᠷᠠᠯᠲᠠ ᠶᠢᠨ ᠬᠤᠭᠤᠴᠠᠭᠠᠨ ᠳᠤ᠂ ᠮᠠᠨ ᠤ ᠪᠠᠯᠭᠠᠰᠤ ᠵᠢᠵᠢᠭᠦᠷᠯᠡᠬᠦ ᠪᠠᠨ ᠤᠯᠠᠮ ᠨᠢᠭᠡ ᠠᠯᠬᠤᠮ ᠴᠢᠩᠭᠠᠳᠬᠠᠵᠤ᠂ 24 ᠴᠠᠭ ᠤᠨ ᠤᠳᠤᠷᠢᠳᠤᠯᠭ᠎ᠠ ᠵᠢᠵᠢᠭᠦᠷᠯᠡᠬᠦ ᠲᠦᠷᠢᠮ ᠢ ᠴᠢᠩᠭ᠎ᠠ ᠬᠡᠷᠡᠭᠵᠢᠭᠦᠯᠵᠦ᠂ ᠮᠡᠳᠡᠭᠡ ᠵᠠᠩᠭᠢ ᠶᠢᠨ ᠰᠠᠭᠠᠳ ᠥᠬᠡᠶ ᠨᠡᠪᠲᠡᠷᠡᠬᠦ᠂ ᠲᠦᠷᠭᠡᠨ ᠲᠤᠰᠬᠠᠯ ᠭᠠᠷᠭᠠᠬᠤ᠂ ᠴᠠᠭ ᠲᠤᠬᠠᠶ ᠳᠤᠨᠢ ᠰᠢᠶᠳᠪᠦᠷᠢᠯᠡᠬᠦ ᠶᠢ ᠦᠨᠡᠨ ᠬᠦ ᠪᠠᠲᠤᠯᠠᠨ᠎ᠠ᠃      ᠲᠣᠰ ᠤᠳᠠᠭᠠᠨ ᠤ ᠠᠶᠤᠯᠭᠦᠶ ᠦᠶᠯᠡᠳᠪᠦᠷᠢᠯᠡᠯ ᠤᠨ ᠬᠡᠮ ᠰᠣᠭᠤᠭ ᠢ ᠵᠢᠭᠰᠠᠭᠠᠨ ᠪᠠᠶᠢᠴᠠᠭᠠᠬᠤ ᠪᠠᠷ ᠳᠠᠮᠵᠢᠭᠤᠯᠤᠨ᠂ ᠪᠠᠶᠠᠷ ᠤᠨ ᠡᠳᠦᠷ ᠤᠨ ᠬᠤᠭᠤᠴᠠᠭᠠᠨ ᠳᠠᠬᠢ ᠡᠯ᠎ᠡ ᠭᠤᠤᠯᠳᠠᠯᠭ᠎ᠠ ᠲᠠᠢ ᠠᠵᠢᠯ ᠲᠥᠷᠥᠯ ᠤᠨ ᠬᠦᠷᠢᠶᠡᠨ ᠳᠠᠬᠢ《 ᠠᠮᠤᠷ ᠲᠦᠪᠰᠢᠨ ᠳᠤ ᠪᠠᠭ᠎ᠠ ᠶᠠᠪᠤᠳᠠᠯ ᠥᠬᠡᠶ 》ᠭᠡᠬᠦ ᠣᠨᠣᠯᠵᠢᠬᠤᠨ ᠢ ᠤᠯᠠᠮ ᠨᠢᠭᠡ ᠠᠯᠬᠤᠮ ᠴᠢᠩᠭᠠᠷᠠᠭᠤᠯᠵᠤ᠂ ᠡᠵᠡᠩᠨᠡᠯᠲᠡ ᠶᠢᠨ ᠭᠤᠤᠯ ᠴᠣᠭᠴᠠ ᠶᠢᠨ ᠠᠮᠤᠷ ᠲᠦᠪᠰᠢᠨ ᠤ ᠤᠬᠠᠮᠰᠠᠷ ᠪᠠ ᠠᠳᠡᠯ ᠢ ᠰᠡᠷᠭᠡᠶᠢᠯᠡᠬᠦ ᠴᠢᠳᠠᠪᠤᠷᠢ ᠶᠢ ᠴᠢᠩᠭᠠᠷᠠᠭᠤᠯᠵᠤ᠂ ᠬᠠᠷᠢᠶᠠᠲᠤ ᠣᠷᠣᠨ ᠤ ᠥᠷᠭᠡᠨ ᠣᠯᠠᠨ ᠠᠷᠠᠳ ᠲᠦᠮᠡᠨ ᠳᠤ ᠠᠮᠤᠷ ᠲᠦᠪᠰᠢᠨ ᠲᠣᠭᠲᠠᠭᠤᠨ ᠦᠶᠯᠡᠳᠪᠦᠷᠢᠯᠡᠯ ᠠᠮᠢᠳᠤᠷᠠᠯ ᠤᠨ ᠣᠷᠴᠢᠨ ᠲᠣᠭᠤᠷᠢᠨ ᠪᠠ ᠪᠠᠶᠠᠷ ᠤᠨ ᠡᠳᠦᠷ ᠤᠨ ᠠᠭᠤᠷ ᠠᠮᠢᠰᠬᠤᠯ ᠢ ᠪᠣᠶ ᠪᠣᠯᠭᠠᠵᠤ ᠥᠭᠪᠡ᠃ ᠲᠠᠷᠠᠭᠠᠴᠢ ᠶᠢᠨ ᠠᠯᠬᠤᠮ ᠳᠤ᠂ ᠠᠶᠤᠯᠭᠦᠶ ᠦᠶᠯᠡᠳᠪᠦᠷᠢᠯᠡᠯ ᠤᠨ ᠤᠬᠠᠭᠤᠯᠭ᠎ᠠ ᠪᠠ ᠪᠠᠶᠢᠴᠠᠭᠠᠯᠲᠠ ᠶᠢᠨ ᠡᠷᠴᠢᠮ ᠢᠶᠠᠨ ᠦᠷᠭᠦᠯᠵᠢᠯᠡᠨ ᠴᠢᠩᠭᠠᠳᠬᠠᠵᠤ᠂ ᠠᠮᠤᠷ ᠲᠦᠪᠰᠢᠨ ᠤ ᠤᠬᠠᠭᠤᠯᠭ᠎ᠠ ᠵᠢᠴᠢ ᠬᠡᠮ ᠰᠣᠭᠤᠭ ᠢ ᠵᠢᠭᠰᠠᠭᠠᠨ ᠪᠠᠶᠢᠴᠠᠭᠠᠬᠤ ᠶᠢ ᠪᠠᠶᠢᠩᠭᠤᠵᠢᠭᠤᠯᠬᠤ ᠶᠢ ᠬᠦᠴᠦᠯᠡᠨ ᠠᠬᠢᠭᠤᠯᠣᠨ᠂ ᠣᠯᠠᠨ ᠵᠦᠶᠯ ᠤᠨ ᠠᠷᠭ᠎ᠠ ᠬᠡᠮᠵᠢᠶ᠎ᠡ ᠶᠢ ᠵᠡᠷᠭᠡ ᠪᠠᠷ ᠬᠡᠷᠡᠭᠯᠡᠨ ᠬᠠᠷᠢᠶ᠎ᠠ ᠣᠷᠣᠨ ᠤ ᠳᠣᠲᠣᠷᠠᠬᠢ ᠠᠮᠤᠷ ᠲᠦᠪᠰᠢᠨ ᠤ ᠬᠠᠯᠬᠠᠪᠴᠢ ᠶᠢ ᠪᠠᠲᠤ ᠴᠣᠭᠴᠠᠯᠠᠵᠤ᠂ ᠠᠷᠠᠳ ᠣᠯᠠᠨ ᠤ ᠠᠮᠢ ᠨᠠᠰᠤ ᠡᠳ᠋ ᠬᠥᠷᠥᠩᠭᠡ ᠶᠢᠨ ᠠᠮᠤᠷ ᠲᠦᠪᠰᠢᠨ ᠢ ᠡᠷᠡᠰ ᠰᠠᠬᠢᠨ ᠬᠠᠮᠠᠭᠠᠯᠠᠨ᠎ᠠ᠃ 
 
ᠢᠷᠡᠯᠲᠡ᠄ ᠪᠠᠶᠠᠨᠲᠠᠯ᠎ᠠ ᠪᠠᠯᠭᠠᠰᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号