ᠮᠣᠩᠭᠤᠯ ᠳ᠋ᠣᠺᠲ᠋ᠣᠷ ᠰᠠᠷᠠᠨ᠎ᠠ ᠶᠢᠨ ᠮᠡᠳᠡᠯᠭᠡ ᠬᠥᠭᠡᠭᠡᠴᠡᠯᠳᠦᠭᠰᠡᠨ ᠠᠶᠠᠨ
ᠨᠡᠶᠢᠲᠡᠯᠡᠭᠰᠡᠨ ᠴᠠᠭ᠄
2017/2/14
     ᠮᠣᠩᠭᠤᠯ ᠳ᠋ᠣᠺᠲ᠋ᠣᠷ ᠰᠠᠷᠠᠨ᠎ᠠ ᠶᠢᠨ ᠮᠡᠳᠡᠯᠭᠡ ᠬᠥᠭᠡᠭᠡᠴᠡᠯᠳᠦᠭᠰᠡᠨ ᠠᠶᠠᠨ
     ᠰᠠᠷᠠᠨ᠎ᠠ 1984 ᠤᠨ ᠳᠤ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠪᠠᠯᠭᠠᠰᠤᠨ ᠳᠤ ᠲᠦᠷᠦᠵᠦ᠂1999 ᠤᠨ ᠳᠤ ᠳ᠋ᠠᠪᠠᠨ ᠤ ᠨᠢᠭᠡᠳᠤᠭᠡᠷ ᠲᠤᠮᠳᠠᠳᠤ ᠰᠤᠷᠭᠠᠭᠤᠯᠢ ᠶᠢᠨ ᠠᠴᠠ ᠲᠡᠬᠦᠰᠴᠤ᠂  ᠤᠳᠤ  ᠠᠦ᠋ᠰᠲᠷᠠᠯᠢᠶ᠎ᠠ  ᠎ ᠶᠢᠨ  ᠺᠦᠢᠨᠰᠯᠠᠨᠳ᠋ ᠤᠨ  ᠰᠢᠨᠵᠢᠯᠠᠬᠦ  ᠤᠬᠠᠭᠠᠨ ᠲᠧᠭᠨᠢᠭ ᠮᠡᠷᠭᠡᠵᠢᠯ ᠤᠨ ᠶᠡᠭᠡ ᠰᠤᠷᠭᠠᠭᠤᠯᠢ(Queensland  University  of  Technology)  ᠎ ᠳᠤ  ᠠᠵᠢᠯ  ᠎ ᠤᠨ ᠭᠠᠷᠤᠭ᠎ᠠ ᠠᠪᠴᠠᠢ᠂ ᠠᠬᠠᠯᠠᠭᠴᠢ ᠳ᠋ᠤᠺᠲ᠋ᠤᠷ᠂ ᠭᠡᠷᠡᠯ ᠲᠦᠷᠭᠡᠳᠭᠡᠬᠦᠷ ᠪᠠ ᠤᠯᠠᠨ ᠴᠢᠳᠠᠪᠬᠢᠳᠤ  ᠨᠠᠨᠦ᠋  ᠮᠡᠲ᠋ᠧᠷᠢᠶᠠᠯ  ᠎ ᠤᠨ  ᠰᠤᠳᠤᠯᠭᠠᠳᠠᠨ᠂ ᠬᠤᠨᠭ᠌ ᠪᠤᠤ ᠰᠠᠭᠤᠷᠢ ᠮᠦᠡᠭᠬᠦ ᠶᠢᠨ ᠱᠠᠩᠨᠠᠯ ᠢ ᠬᠦᠷᠳᠡᠭᠴᠢ ᠪᠤᠯᠤᠨ᠎ᠠ᠃              ᠲᠡᠷᠡ 2006 ᠤᠨ ᠪᠠ 2009  ᠤᠨ  ᠎ ᠳᠤ  ᠦᠪᠤᠷ  ᠮᠤᠩᠭᠤᠯ  ᠶᠡᠭᠡ  ᠰᠤᠷᠭᠠᠭᠤᠯᠢ  ᠎ ᠶᠢᠨ  ᠬᠢᠮᠢ ᠎ ᠶᠢᠨ ᠰᠠᠯᠪᠦᠷᠢ ᠳᠤ ᠰᠤᠷᠤᠯᠴᠠᠨ᠂ ᠮᠠᠭᠢᠰᠲ᠋ᠧᠷ ᠴᠤᠯᠠ ᠬᠠᠮᠠᠭᠠᠯᠠᠵᠠᠢ᠂ ᠡᠭᠦᠨ ᠳᠤ 2008  ᠤᠨ  ᠎ ᠳᠤ  ᠺᠦᠢᠨᠰᠯᠠᠨᠳ᠋ ᠤᠨ  ᠰᠢᠨᠵᠢᠯᠠᠬᠦ  ᠤᠬᠠᠭᠠᠨ  ᠲᠧᠭᠨᠢᠭ ᠮᠡᠷᠭᠡᠵᠢᠯ ᠤᠨ ᠶᠡᠭᠡ ᠰᠤᠷᠭᠠᠭᠤᠯᠢ ᠶᠢᠨ ᠤᠷᠢᠯᠭ᠎ᠠ ᠪᠠᠷ ᠵᠤ᠋ ᠬᠤᠸᠡᠢ ᠶᠦᠡᠭ ᠫᠷᠤᠹᠧᠰᠰᠤᠷ ᠢ ᠪᠠᠭᠰᠢ ᠪᠠᠷᠢᠵᠤ᠂ ᠠᠦ᠋ᠰᠲᠷᠠᠯᠢᠶ᠎ᠠ ᠳᠤ ᠨᠢᠭᠡ ᠵᠢᠯ ᠤᠨ ᠬᠤᠭᠤᠴᠠᠭ᠎ᠠ ᠲᠠᠢ ᠠᠶᠢᠯᠴᠢᠯᠠᠨ ᠰᠤᠷᠤᠯᠴᠠᠭᠰᠠᠨ ᠪᠠᠶᠢᠨ᠎ᠠ᠃ ᠡᠨᠡᠬᠦ ᠬᠤᠪᠤᠷ ᠨᠠᠨᠳᠢᠨ ᠠᠵᠠ ᠲᠤᠬᠢᠶᠠᠯ ᠨᠢ ᠲᠡᠬᠦᠨ ᠳᠤ  ᠭᠡᠭᠡᠷ᠎ᠠ  ᠎ ᠶᠢᠨ ᠭᠠᠯᠠᠭᠤ ᠨᠢᠰᠦᠭᠡᠳ ᠬᠦᠷᠬᠦ ᠦᠭᠡᠢ ᠭᠠᠵᠠᠷ ᠠᠴᠠ ᠬᠦᠮᠦᠨ ᠤ ᠦᠷ᠎ᠠ ᠡᠷᠳᠡᠨᠢ ᠡᠪᠤᠷᠯᠠᠵᠤ  ᠬᠠᠷᠢᠬᠤ  ᠬᠦᠰᠡᠯ  ᠎ ᠤᠨ  ᠵᠢᠬᠦᠷ  ᠤᠷᠭᠤᠯᠵᠤ᠂ ᠡᠷᠳᠡᠮ ᠰᠢᠨᠵᠢᠯᠡᠭᠡᠨ ᠤ ᠦᠨᠳᠤᠷ ᠠᠮᠵᠢᠯᠳᠠ ᠳᠤ ᠬᠦᠷᠬᠦ ᠠᠩᠬᠠᠨ ᠤ ᠵᠠᠮ ᠢᠶᠠᠨ ᠡᠯᠭᠦᠵᠦ᠂ ᠦᠪᠡᠷ ᠤᠨ ᠰᠤᠳᠤᠯᠭᠠᠨ ᠤ  ᠦᠢᠯᠠᠰ  ᠎ ᠢᠶᠠᠨ ᠡᠬᠢᠯᠡᠬᠦᠯᠦᠭᠰᠠᠨ ᠶᠤᠮ᠃                2010 ᠤᠨ ᠳᠤ ᠲᠡᠷᠠ ᠺᠦᠢᠨᠰᠯᠠᠨᠳ᠋ ᠤᠨ ᠰᠢᠨᠵᠢᠯᠠᠬᠦ ᠤᠬᠠᠭᠠᠨ ᠲᠧᠭᠨᠢᠭ ᠮᠡᠷᠭᠡᠵᠢᠯ ᠤᠨ  ᠶᠡᠭᠡ  ᠰᠤᠷᠭᠠᠭᠤᠯᠢ  ᠎ ᠶᠢᠨ  ᠬᠠᠮᠤᠭ ᠦᠨᠳᠤᠷ ᠱᠠᠩᠨᠠᠯ ᠤᠨ ᠮᠦᠡᠭᠬᠦ ᠢ ᠬᠦᠷᠳᠡᠵᠤ᠂ ᠬᠢᠮᠢ ᠶᠢᠨ ᠳ᠋ᠤᠺᠲ᠋ᠤᠷ ᠴᠤᠯᠠ  ᠬᠠᠮᠠᠭᠠᠯᠠᠬᠤ  ᠰᠤᠳᠤᠯᠭᠠᠨ  ᠎ ᠢᠶᠠᠨ  ᠡᠬᠢᠯᠠᠬᠦᠯᠵᠠᠢ᠃  ᠡᠨᠡᠬᠦ ᠬᠤᠭᠤᠴᠠᠭᠠᠨ ᠳᠤ ᠲᠡᠬᠦᠨ ᠤ ᠠᠩᠭ᠍ᠯᠢ ᠬᠡᠯᠡ ᠪᠠᠷ ᠪᠢᠴᠢᠭᠳᠡᠭᠰᠡᠨ20 ᠭᠠᠷᠤᠢ  ᠰᠤᠳᠤᠯᠭᠠᠨ  ᠎ ᠤ  ᠦᠷ᠎ᠠ  ᠪᠦᠲᠦᠭᠡᠯ ᠤᠨ  ᠦᠬᠦᠯᠠᠯ  ᠎ ᠨᠢ ︽ᠠᠮᠧᠷᠢᠺᠠ ᠶᠢᠨ ᠬᠢᠮᠢ ᠶᠢᠨ ᠨᠠᠶᠢᠭᠡᠮᠯᠢᠭ︾᠂ ︽ᠭᠧᠷᠮᠠᠨ ᠤ ᠭᠡᠷᠡᠭᠯᠡᠭᠡᠨ ᠤ ᠬᠢᠮᠢ︾᠂ ︽ᠮᠠᠲ᠋ᠧᠷᠢᠶᠠᠯ ᠤᠨ ᠬᠢᠮᠢ︾ ᠵᠢᠴᠢ ᠠᠩᠭ᠍ᠯᠢ ᠶᠢᠨ ᠬᠠᠭᠠᠨ ᠤ ᠤᠭᠰᠠᠭᠠᠳᠠᠨ ᠤ ᠰᠢᠨᠵᠢᠯᠠᠬᠦ ᠤᠬᠠᠭᠠᠨ ᠤ ᠬᠦᠷᠢᠶᠠᠯᠠᠩ ᠤᠨ ︽ᠬᠢᠮᠢ ᠶᠢᠨ ᠰᠢᠨᠵᠢᠯᠠᠬᠦ ᠤᠬᠠᠭᠠᠨ︾ ᠵᠡᠷᠭᠡ ᠲᠠᠯᠠᠭᠡᠢ ᠎ ᠶᠢᠨ ᠬᠢᠷᠢ  ᠲᠦᠪᠰᠢᠨ ᠪᠦᠬᠦᠢ ᠰᠡᠳᠬᠦᠯ ᠳᠤ ᠵᠠᠯᠭᠠᠪᠡᠷ ᠨᠡᠶᠢᠲᠡᠯᠡᠭᠳᠡᠵᠦ᠂ ᠲᠤᠰ ᠰᠤᠳᠤᠯᠭᠠᠨ ᠤ ᠬᠡᠪᠴᠢᠶᠠᠨ ᠳᠤ ᠮᠠᠰᠢ ᠤᠯᠠᠨ ᠡᠷᠳᠡᠮᠳᠠᠨ  ᠰᠤᠳᠤᠯᠭᠠᠳᠠᠳ  ᠎ ᠤᠨ ᠠᠩᠬᠠᠷᠤᠯ ᠢ ᠲᠠᠳᠠᠭᠰᠠᠨ ᠶᠤᠮ᠃              ᠲᠡᠷᠠ ᠭᠧᠷᠮᠠᠨ᠂ ᠹᠷᠠᠨᠽᠢ ᠪᠠ ᠶᠠᠫᠤᠨ ᠵᠡᠷᠭᠡ ᠤᠯᠤᠰ ᠲᠤ ᠪᠤᠯᠤᠬᠰᠠᠨ‌ᠤᠯᠠᠨ ᠤᠯᠤᠰ ᠤᠨ ᠡᠷᠳᠡᠮ ᠰᠢᠨᠵᠢᠯᠡᠭᠡᠨ ᠎ ᠤ ᠬᠤᠷᠠᠯ ᠳᠡᠭᠡᠷ᠎ᠡ ᠡᠷᠳᠡᠮ ᠰᠢᠨᠵᠢᠯᠡᠭᠡᠨ ᠤ ᠶᠠᠷᠢᠶ᠎ᠠ ᠢᠯᠡᠳᠭᠡᠯ ᠬᠢᠵᠤ᠂ ᠤᠷᠢᠳ ᠬᠤᠵᠢᠳ  ᠠᠦ᠋ᠰᠲᠷᠯᠢᠶ᠎ᠠ  ᠎ ᠶᠢᠨ  ᠴᠦᠮ᠎ᠠ  ᠎ ᠶᠢᠨ  ᠡᠨᠧᠷᠺᠢ  ᠎ ᠶᠢᠨ  ᠰᠢᠨᠵᠢᠯᠠᠬᠦ ᠤᠬᠠᠭᠠᠨ ᠮᠡᠷᠭᠡᠵᠢᠯ ᠤᠨ ᠲᠦᠪ ᠪᠠ ᠪᠧᠯᠲ ᠶᠢᠨ ᠴᠦᠮ᠎ᠠ ᠶᠢᠨ ᠡᠨᠧᠷᠺᠢ ᠶᠢᠨ ᠰᠤᠳᠤᠯᠭᠠᠨ ᠤ ᠲᠦᠪ ᠳᠤ ᠬᠠᠮᠳᠤᠷᠠᠨ ᠰᠤᠳᠤᠯᠠᠬᠤ ᠲᠦᠷᠦᠯ ᠵᠦᠢᠯ ᠢᠶᠠᠨ ᠠᠮᠵᠢᠯᠳᠠᠢ ᠪᠠᠶᠠᠯᠠᠬᠦᠯᠦᠭᠰᠠᠨ ᠪᠠᠶᠢᠨ᠎ᠠ᠃              ᠴᠢᠷᠮᠠᠶᠢᠯᠭ᠎ᠠ ᠬᠦᠮᠦᠨ ᠢ ᠭᠤᠮᠤᠲᠠᠭᠠᠲᠠᠭ ᠦᠭᠡᠢ ᠭᠡᠲᠡᠭᠴᠢᠯᠡᠨ ᠲᠡᠷᠠ 2012 ᠤᠨ ᠳᠤ ᠰᠢᠯᠢᠳᠡᠭ ᠳ᠋ᠤᠺᠲ᠋ᠤᠷ  ᠎ ᠤᠨ  ᠱᠠᠩᠨᠠᠯ᠂ 2013 ᠤᠨ ᠳᠤ ᠳ᠋ᠤᠺᠲ᠋ᠤᠷ ᠤᠨ ᠰᠤᠳᠤᠨ ᠦᠬᠦᠯᠠᠯ ᠤᠨ ᠱᠠᠩᠨᠠᠯ ᠢᠶᠠᠷ ᠡᠩᠭᠡᠷ ᠢᠶᠠᠨ ᠮᠢᠯᠢᠶᠠᠯᠭᠠᠭᠰᠠᠨ ᠪᠠᠶᠢᠨ᠎ᠠ᠃              2014 ᠤᠨ ᠤ 7 ᠰᠠᠷ᠎ᠠ ᠳᠤ ᠰᠠᠷᠠᠨ᠎ᠠ ᠭᠧᠷᠮᠠᠨ ᠤ ᠠᠯᠧᠺᠰᠠᠨᠳ᠋ᠷᠢᠶ᠎ᠠ᠂ ᠹᠸᠡᠭ᠂ ᠬᠤᠨᠭ᠌ ᠪᠤᠤ ᠰᠠᠭᠤᠷᠢ ᠮᠦᠡᠭᠬᠦᠨ ᠤ ᠨᠠᠶᠢᠭᠡᠮᠯᠢᠭ ᠤᠨ ᠰᠤᠳᠤᠯᠭᠠᠨ ᠤ ᠲᠡᠮᠵᠢᠯᠭᠡ ᠶᠢ ᠬᠦᠷᠳᠡᠵᠤ᠂ ᠭᠧᠷᠮᠠᠨ ᠤ ᠮᠡᠷᠺᠰ—ᠪᠤᠯᠠᠩᠺ ᠰᠤᠳᠤᠯᠭᠠᠨ ᠎ ᠤ ᠲᠦᠪ ᠳᠤ ᠨᠢᠭᠡ ᠵᠢᠯ  ᠎ ᠤᠨ  ᠬᠤᠭᠤᠴᠠᠭ᠎ᠠ ᠲᠠᠢ ᠠᠬᠠᠯᠠᠭᠴᠢ ᠳ᠋ᠤᠺᠲ᠋ᠤᠷ ᠤᠨ ᠰᠤᠳᠤᠯᠭᠠᠨ ᠬᠢᠪᠠ᠃ 2015 ᠤᠨ ᠎ ᠤ 6 ᠰᠠᠷ᠎ᠠ ᠳᠤ ᠬᠤᠨᠭ᠌ ᠪᠤᠤ ᠰᠠᠭᠤᠷᠢ ᠮᠦᠡᠭᠬᠦᠨ ᠤ  ᠨᠠᠶᠢᠭᠡᠮᠯᠢᠭ ᠤᠨ ᠵᠢᠯ ᠤᠨ ᠡᠭᠡᠯᠵᠢᠳᠤ ᠬᠤᠷᠠᠯ ᠤᠨ ᠬᠤᠭᠤᠴᠠᠭᠠᠨ ᠳᠤ ᠠᠦ᠋ᠰᠲᠷᠠᠯᠢᠶ᠎ᠠ ᠠᠴᠠ ᠭᠧᠷᠮᠠᠨ ᠳᠤ ᠢᠷᠡᠭᠰᠠᠨ 14 ᠬᠤᠨᠭ᠌ ᠪᠤᠤ ᠰᠤᠳᠤᠯᠭᠠᠳᠠᠨ ᠤ ᠨᠢᠭᠡ ᠪᠤᠯᠤᠭᠰᠠᠨ ᠤ ᠬᠤᠪᠢ ᠳᠤ᠂ ᠲᠤᠬᠠᠢ ᠶᠢᠨ ᠦᠶ᠎ᠡ ᠵᠢᠨ‌‍ᠭᠧᠷᠮᠠᠨ ᠤ ᠶᠠᠷᠤᠩᠬᠡᠶᠢᠯᠡᠭᠴᠢ ᠭᠤᠣᠺᠧ ᠪᠠ ᠠᠦ᠋ᠰᠲᠷᠠᠯᠢᠶ᠎ᠠ ᠎ ᠠᠴᠠ ᠭᠧᠷᠮᠠᠨ  ᠎ ᠳᠤ ᠰᠠᠭᠤᠭ᠎ᠠ ᠡᠯᠴᠢᠨ ᠰᠠᠶᠢᠳ ᠳ᠋ᠠᠢ ᠸᠧᠢ᠂ ᠯᠢᠴᠢ᠂ ᠶᠢᠨ ᠨᠠᠷ ᠤᠨ ᠬᠦᠯᠢᠶᠠᠨ ᠠᠪᠬᠤ ᠠᠭᠤᠯᠵᠠᠯᠲᠠ ᠎ ᠳᠤ ᠤᠷᠤᠯᠴᠠᠪᠠ᠃              2015 ᠤᠨ ᠤ 7 ᠰᠠᠷ᠎ᠠ ᠳᠤ ᠬᠤᠨᠭ᠌ ᠪᠤᠤ ᠰᠠᠭᠤᠷᠢ ᠮᠦᠡᠭᠬᠦᠨ ᠤ ᠨᠠᠶᠢᠭᠡᠮᠯᠢᠭ ᠪᠠ ᠯᠢᠨ ᠳ᠋ᠤᠤ ᠶᠢᠨ ᠨᠤᠫᠧᠯ ᠤᠨ ᠱᠠᠩᠨᠠᠯ ᠤᠨ ᠶᠡᠭᠡ ᠬᠤᠷᠠᠯ ᠤᠨ ᠵᠦᠪᠯᠠᠯ ᠤᠨ ᠴᠢᠩᠭ᠎ᠠ ᠨᠢᠮᠪᠠᠢ ᠰᠢᠯᠭᠠᠷᠠᠭᠤᠯᠤᠯᠳᠠ ᠪᠠᠷ ᠲᠠᠮᠵᠢᠨ᠂ ᠬᠤᠨᠭ᠌ ᠪᠤᠤ ᠰᠠᠭᠤᠷᠢ ᠮᠦᠡᠭᠬᠦᠨ ᠤ ᠨᠠᠶᠢᠭᠡᠮᠯᠢᠭ  ᠎ ᠤᠨ 8 ᠲᠦᠯᠦᠭᠡᠯᠡᠭᠴᠢ ᠶᠢᠨ ᠨᠢᠭᠡ ᠪᠠᠷ ᠰᠤᠩᠭᠤᠭᠳᠠᠨ᠂ 2015 ᠤᠨ ᠤ 65 ᠳ᠋ᠤᠭᠠᠷ ᠬᠤᠭᠤᠴᠠᠭᠠᠨ ᠤ  ᠯᠢᠨ  ᠳ᠋ᠤᠤ  ᠎ ᠶᠢᠨ  ᠨᠤᠫᠧᠯ  ᠎ ᠤᠨ ᠱᠠᠩᠨᠠᠯ ᠤᠨ ᠶᠡᠭᠡ ᠬᠤᠷᠠᠯ ᠳᠤ ᠤᠷᠤᠯᠴᠠᠵᠤ᠂ ᠨᠤᠫᠧᠯ ᠤᠨ ᠱᠠᠩᠨᠠᠯ ᠬᠦᠷᠳᠡᠭᠰᠡᠳ  ᠎ ᠤᠨ  ᠦᠪᠡᠷᠮᠢᠴᠠ  ᠭᠤᠴᠤ  ᠶᠠᠷᠢᠶ᠎ᠠ  ᠢᠯᠡᠳᠭᠡᠯ  ᠎ ᠢ ᠨᠢᠭᠤᠷᠳᠠᠨ ᠰᠤᠨᠤᠰᠴᠤ᠂ ᠲᠠᠳᠡᠨᠡᠷ ᠤᠨ ᠠᠭᠤᠤ ᠶᠡᠭᠡ ᠤᠶᠤᠨ ᠤᠬᠠᠭᠠᠨ᠂ ᠠᠯᠳᠠᠷ ᠬᠦᠨᠳᠤ᠂ ᠭᠠᠪᠢᠶ᠎ᠠ ᠵᠢᠳᠬᠦᠯ ᠢ ᠪᠢᠰᠢᠷᠡᠨ ᠪᠠᠭ᠋ᠠᠷᠬᠠᠵᠤ᠂ ᠵᠠᠯᠠᠭᠤ ᠨᠢᠭᠡ ᠦᠶ᠎ᠠ ᠶᠢᠨ ᠰᠢᠨᠵᠢᠯᠠᠬᠦ ᠤᠬᠠᠭᠠᠳᠡᠳ ᠳᠤ ᠲᠠᠯᠪᠢᠵᠤ ᠪᠠᠶᠢᠭ᠎ᠠ  ᠬᠦᠰᠡᠯ  ᠨᠠᠶᠢᠳᠠᠯᠭ᠎ᠠ ᠶᠢ  ᠬᠦᠨ  ᠬᠦᠨᠵᠡᠬᠡᠢ  ᠣᠶᠢᠯᠭᠠᠭᠰᠠᠨ ᠪᠢᠯᠠ᠃              ᠰᠠᠷᠠᠨ᠎ᠠ ᠬᠠᠷᠢ ᠬᠦᠷᠦᠨ ᠢᠶᠠᠷ ᠨᠠᠢᠮᠠᠨ ᠵᠢᠯ ᠠᠵᠢᠯᠯᠠᠵᠤ ᠰᠤᠷᠤᠯᠴᠠᠨ ᠰᠤᠳᠤᠯᠭᠠᠨ ᠬᠢᠭᠰᠡᠨ ᠴᠦᠭᠡᠨ ᠲᠤᠭᠠᠨ ᠎ ᠤ ᠮᠤᠩᠭᠤᠯ  ᠵᠠᠯᠠᠭᠤ ᠳ᠋ᠤᠺᠲ᠋ᠤᠷ ᠪᠤᠯᠤᠭᠰᠠᠨ ᠤ ᠬᠤᠪᠢ ᠳᠤ᠂ ᠨᠠᠩ ᠤᠯᠠᠨ ᠮᠤᠩᠭᠤᠯ ᠤᠶᠤᠳᠡᠳ᠂ ᠰᠤᠳᠤᠯᠭᠠᠨ ᠤ ᠪᠠᠭ᠋ᠠᠳᠠᠢ ᠵᠠᠯᠠᠭᠤᠴᠤᠳ  ᠎ ᠢ  ᠪᠠᠶᠢᠭᠠᠯᠢ  ᠎ ᠶᠢᠨ ᠰᠢᠨᠵᠢᠯᠠᠬᠦ ᠤᠬᠠᠭᠠᠨ  ᠎ ᠳᠤ  ᠢᠳᠡᠪᠬᠢᠳᠠᠢ  ᠤᠷᠤᠯᠴᠠᠨ᠂  ᠦᠨᠳᠤᠷ  ᠠᠮᠵᠢᠯᠳᠠ  ᠡᠬᠦᠳᠬᠦ  ᠎ ᠢ  ᠬᠦᠰᠡᠨ᠂  ᠰᠢᠨᠵᠢᠯᠠᠬᠦ  ᠤᠬᠠᠭᠠᠨ  ᠎ ᠢᠶᠠᠷ ᠦᠨᠳᠤᠰᠤᠳᠠᠨ ᠢᠶᠠᠨ ᠮᠠᠨᠳᠤᠭᠤᠯᠬᠤ ᠪᠠᠷ ᠬᠠᠮᠳᠤ ᠎ ᠪᠠᠷ ᠴᠢᠷᠮᠠᠶᠢᠬᠤ ᠶᠢ ᠰᠠᠨᠠᠭᠠᠴᠢᠯᠠᠵᠤ᠂ ᠤᠳᠤ ᠭᠧᠷᠮᠠᠨ ᠤᠯᠤᠰ  ᠎ ᠲᠠᠬᠢ  ᠰᠤᠳᠤᠯᠭᠠᠨ  ᠎ ᠤ ᠠᠵᠢᠯ ᠢᠶᠠᠨ ᠠᠮᠵᠢᠯᠳᠠ ᠲᠠᠢ ᠪᠠᠶᠠᠯᠠᠬᠦᠯᠵᠤ᠂ ᠠᠦ᠋ᠰᠲᠷᠠᠯᠢᠶ᠎ᠠ ᠶᠢᠨ ᠺᠦᠢᠨᠰᠯᠠᠨᠳ᠋ ᠤᠨ ᠰᠢᠨᠵᠢᠯᠠᠬᠦ ᠤᠬᠠᠭᠠᠨ ᠲᠧᠭᠨᠢᠭ  ᠮᠡᠷᠭᠡᠵᠢᠯ  ᠎ ᠤᠨ ᠶᠡᠭᠡ ᠰᠤᠷᠭᠠᠭᠤᠯᠢ ᠳᠠᠭᠠᠨ ᠭᠠᠨᠵᠤᠭ᠎ᠠ ᠲᠦᠬᠦᠷᠡᠩ ᠪᠤᠴᠠᠨ ᠢᠷᠠᠵᠤ᠂ ᠰᠤᠳᠤᠯᠭᠠᠨ ᠤ  ᠠᠵᠢᠯ  ᠎ ᠢᠶᠠᠨ  ᠦᠷᠬᠦᠯᠵᠢᠯᠠᠬᠦᠯᠵᠤ  ᠪᠠᠶᠢᠬᠤ  ᠪᠦᠭᠡᠳ 2018 ᠤᠨ ᠳᠤ ᠡᠬᠡ ᠤᠷᠤᠨ ᠳᠤ ᠪᠠᠨ ᠪᠤᠴᠠᠨ ᠢᠷᠡᠵᠦ ᠠᠵᠢᠯᠯᠠᠬᠤ ᠪᠠᠷ ᠨᠢᠭᠡᠨᠲᠡ‌‍ᠲ᠋ᠣᠭᠲᠠᠭᠠᠳ ᠪᠠᠶᠢᠨᠠᠮ᠃ (ᠳᠣᠷᠣᠨ᠎ᠠ︶  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号