ᠮᠤᠩᠭᠤᠯ ᠤᠨ ᠲᠤᠮᠤᠭᠲᠦ ᠬᠠᠳᠣᠳ
ᠨᠡᠶᠢᠲᠡᠯᠡᠭᠰᠡᠨ ᠴᠠᠭ᠄
2017/2/14
     ᠨᠢᠭᠡ᠂ ᠮᠣᠩᠭᠤᠯ ᠢ ᠲᠦᠷᠦᠭᠦᠯᠦᠭᠰᠡᠨ ᠭᠤᠸ᠎ᠠ ᠮᠠᠷᠠᠯ              ᠮᠠᠷᠠᠯ ᠭᠤᠸ᠎ᠠ ᠪᠣᠯ ᠮᠣᠩᠭᠤᠯᠴᠣᠳ ᠢ ᠲᠦᠷᠦᠭᠦᠯᠦᠭᠰᠡᠨ ᠪᠤᠭᠳᠠ ᠡᠮᠡᠭᠡ ᠪᠤᠯᠤᠨ᠎ᠠ᠃ ᠮᠠᠷᠠᠯ ᠭᠤᠸ᠎ᠠ ᠪᠤᠯ ᠮᠣᠩᠭᠤᠯᠴᠣᠳ ᠤᠨ ᠢᠵᠠᠭᠤᠷ ᠡᠪᠦᠭᠡ ᠪᠦᠷᠳᠡ ᠴᠢᠨᠸ᠎ᠠ ᠶᠢᠨ ᠬᠠᠳᠣᠨ᠃ ᠠᠶᠢᠮᠠᠭ ᠣᠭᠰᠠᠭ᠎ᠠ ᠮᠦᠬᠦᠵᠤ ᠰᠦᠨᠦᠬᠦ ᠶᠡᠷᠦ ᠪᠤᠰᠤ ᠶᠢᠨ ᠴᠠᠭᠦᠶ᠎ᠡ ᠳᠤ ᠲᠡᠷᠡ ᠪᠦᠷᠳᠡ ᠴᠢᠨ᠋ᠸ᠎ᠠ ᠲᠠᠢ ᠬᠤᠷᠢᠮᠯᠠᠵᠤ᠂ ᠲᠠᠯ᠎ᠠ ᠨᠤᠳᠤᠭ ᠲᠡᠭᠡᠷ᠎ᠡ ᠮᠣᠩᠭᠤᠯ ᠭᠦᠬᠦ ᠲᠤᠭ ᠢ ᠡᠷᠭᠦᠨ ᠡᠪᠦᠭᠡ ᠲᠡᠭᠡᠳᠣᠰ ᠤᠨ ᠢᠶᠠᠨ ᠠᠯᠳᠠᠭᠰᠠᠨ ᠲᠦᠷᠦ ᠭᠦᠷᠦᠨ ᠢ ᠪᠣᠴᠠᠭᠠᠨ ᠪᠠᠶᠢᠭᠤᠯᠬᠤ ᠳᠤ ᠭᠤᠸ᠎ᠠ ᠮᠠᠷᠠᠯ ᠬᠠᠳᠣᠨ ᠲᠣᠶᠢᠯ ᠤᠨ ᠶᠡᠭᠡ ᠦᠢᠯᠡᠳᠦᠯ ᠦᠵᠡᠭᠦᠯᠦᠭᠰᠡᠨ ᠶᠤᠮ᠃            ᠬᠤᠶᠠᠷ᠂ ᠰᠢᠳᠦᠭᠡᠨ ᠡᠬᠡ ᠠᠯᠤᠨ ᠭᠤᠸ᠎ᠠ              ᠠᠯᠤᠨ ᠭᠤᠸ᠎ᠠ ᠡᠬᠡ ᠪᠤᠯ ᠮᠣᠩᠭᠤᠯᠴᠣᠳ ᠤᠨ ᠲᠡᠭᠡᠳᠤ ︿︿ᠰᠢᠳᠦᠭᠡᠨ ᠡᠬᠡ﹀﹀ ᠪᠤᠯᠤᠨ᠎ᠠ᠃ ᠲᠡᠭᠦᠨ ᠤ ︿︿ᠲᠠᠪᠤᠨ ᠮᠦᠰᠦ ᠶᠢᠨ ᠰᠣᠷᠭᠠᠯ﹀﹀᠎ ᠨᠢ ᠮᠢᠩᠭ᠎ᠠ ᠭᠠᠷᠦᠢ ᠵᠢᠯ ᠤᠨ ᠲᠣᠷᠰᠢ ᠮᠣᠩᠭᠤᠯᠴᠣᠳ ᠢ ᠨᠦᠯᠦᠭᠡᠯᠡᠨ᠂ ᠣᠬᠠᠭᠠᠨ ᠤ ᠨᠠᠷᠠ᠂ ᠡᠪ ᠤᠨ ᠬᠦᠴᠦᠨ ᠪᠤᠯᠵᠤ ᠰᠢᠳᠦᠭᠳᠡᠨ ᠲᠡᠭᠡᠳᠦᠯᠡᠭᠳᠡᠭᠰᠡᠭᠡᠷ ᠢᠷᠡᠭᠰᠡᠨ ᠲᠡᠳᠦᠢ ᠦᠭᠡᠢ ᠣᠳᠣᠬᠢ ᠮᠣᠩᠭᠤᠯᠴᠣᠳ ᠤᠨ ᠲᠣᠳᠣᠷ᠎ᠠ ᠦᠷᠭᠡᠨ ᠵᠠᠢ ᠠᠪᠴᠤ᠂ ᠬᠡᠤᠬᠡᠳ ᠪᠠᠭᠠᠴᠣᠳ ᠤᠨ ᠬᠦᠮᠦᠵᠢᠯ ᠤᠨ ᠴᠢᠬᠤᠯᠠ ᠰᠣᠷᠭᠠᠨ ᠪᠤᠯᠤᠨ ᠭᠡᠭᠡᠷᠡᠭᠦᠯᠵᠤ ᠪᠤᠢ᠃ ᠠᠯᠤᠨ ᠭᠤᠸ᠎ᠠ ᠪᠤᠯ ᠬᠤᠷᠢ ᠲᠦᠮᠡᠳ ᠤᠨ ᠠᠷᠢᠭ ᠤᠰᠣᠨ ᠭᠡᠮᠡᠬᠦ ᠭᠠᠵᠠᠷ ᠮᠡᠨᠳᠦᠯᠡᠵᠣ᠂ ᠪᠠᠷᠤᠭ ᠤᠨ ᠲᠤᠭᠠᠯᠠᠯ ᠠᠴᠠ ᠡᠮᠦᠨ᠎ᠡ220 ᠤᠨ ᠤ ᠣᠷᠴᠢᠮ ᠠᠮᠢᠳᠣᠷᠠᠵᠤ ᠪᠠᠶᠢᠪᠠ᠃           ᠭᠤᠷᠪᠠ᠂ ᠨᠤᠮᠤᠯᠤᠨ ᠲᠠᠷᠬᠠᠨ ᠬᠠᠳᠣᠨ               ᠨᠤᠮᠤᠯᠤᠨ ᠲᠠᠷᠬᠠᠨ ᠬᠠᠳᠣᠨ ᠪᠣᠯ ᠮᠣᠩᠭᠤᠯ ᠤᠨ ᠡᠷᠳᠡᠨ ᠤ ᠲᠡᠤᠬᠡᠨ ᠳᠤ ᠠᠯᠤᠨ ᠭᠤᠸ᠎ᠠ ᠡᠬᠡ ᠶᠢᠨ ᠲᠠᠷᠠᠭᠠᠪᠠᠷ ᠨᠡᠷ᠎ᠡ ᠮᠠᠨᠳᠣᠭᠰᠡᠨ ᠪᠠᠰᠠ ᠨᠢᠭᠡ ᠠᠯᠳᠠᠷᠳᠠᠢ ᠡᠬᠡ ᠪᠤᠯᠤᠨ᠎ᠠ᠂᠃ ᠨᠤᠮᠤᠯᠤᠨ ᠬᠠᠳᠣᠨ ᠪᠤᠯ ᠴᠢᠩᠭᠢᠰ ᠤᠨ ᠬᠠᠭᠠᠨ ᠠᠴᠠ ᠲᠡᠭᠡᠭᠰᠢᠬᠢ ᠲᠤᠯᠤᠳᠣᠭᠠᠷ ᠦᠶ᠎ᠡ ᠡᠯᠦᠨᠴᠡ ᠬᠠᠴᠢᠭᠦ᠋ᠯᠦᠭ ᠤᠨ ᠬᠠᠳᠣᠨ᠂ ᠬᠠᠶᠢᠳᠣ ᠬᠠᠭᠠᠨ ᠤ ᠡᠬᠡ ᠪᠣᠯᠤᠨ᠎ᠠ᠃ ᠲᠡᠷᠡ ᠪᠠᠷ ︿︿ᠦᠡᠭᠡᠨ ᠬᠡᠰᠢᠭ ᠲᠠᠢ᠂ ᠠᠭᠤᠵᠢᠭᠤ ᠰᠡᠳᠬᠢᠯ ᠲᠠᠢ᠂ ᠰᠠᠶᠢᠬᠠᠨ ᠠᠭᠠᠯᠢ ᠲᠠᠢ᠂ ᠭᠦᠨ ᠤᠬᠠᠭᠠᠨ ᠲᠠᠢ᠂ ᠲᠠᠶᠢᠪᠤᠩ ᠲᠡᠰᠪᠤᠷᠢ ᠲᠠᠢ᠂ ᠴᠢᠳᠠᠪᠣᠷᠢᠯᠢᠭ ᠡᠮᠡᠭᠳᠡᠢ ᠡᠮᠡᠭᠳᠡᠢ ᠪᠠᠶᠢᠵᠤ᠂ ᠲᠦᠪ ᠭᠤᠣᠯᠴᠢ ᠪᠠᠷ ᠲᠦᠮᠡᠨ ᠲᠦᠪᠯᠡᠵᠤ᠂ ᠮᠣᠩᠭᠤᠯ ᠣᠭᠰᠠᠭᠠᠳᠠᠨ ᠳᠠᠭᠠᠨ ᠬᠠᠭᠠᠨ ᠰᠠᠭᠤᠵᠤ﹀﹀ ᠪᠠᠶᠢᠭᠰᠠᠨ ᠶᠤᠮ᠃          ᠲᠦᠷᠪᠡ᠂ ᠨᠠᠷᠠᠨ ᠬᠠᠭᠠᠨ ᠦᠭᠡᠯᠦᠨ ᠦᠵᠢᠨ                ᠦᠭᠡᠯᠦᠨ ᠦᠵᠢᠨ ᠪᠤᠯ ᠡᠷᠳᠡᠨ ᠤ ᠮᠣᠩᠭᠤᠯ ᠤᠨ ᠲᠡᠤᠬᠡᠨ ᠳᠠᠬᠢ ︿︿ᠭᠤᠷᠪᠠᠨ ᠠᠭᠤᠤ ᠡᠬᠡ﹀﹀᠎ ᠶᠢᠨ ᠨᠢᠭᠡ ᠪᠤᠯᠤᠨ᠎ᠠ᠃ ᠠᠯᠤᠨ ᠭᠤᠸ᠎ᠠ ᠡᠬᠡ ︿︿ᠲᠠᠪᠤᠨ ᠮᠦᠰᠦ ᠶᠢᠨ ᠰᠣᠷᠭᠠᠯ﹀﹀᠎ ᠢᠶᠠᠷ ᠡᠪ ᠤᠨ ᠬᠦᠴᠦᠨ ᠢ ᠢᠪᠡᠭᠡᠭᠰᠡᠨ ᠪᠤᠯ᠂ ᠮᠠᠨᠳᠣᠬᠠᠢ ᠰᠡᠴᠡᠨ ᠬᠠᠳᠣᠨ ᠪᠣᠳᠠᠷᠠᠭᠰᠠᠨ ᠣᠯᠠᠨ ᠠᠶᠢᠮᠠᠭ ᠤᠳ ᠢ ᠨᠢᠭᠡᠨ ᠵᠢᠯᠣᠭᠤᠨ ᠳᠤ ᠬᠤᠷᠢᠶᠠᠨ ᠮᠣᠩᠭᠤᠯ ᠤᠨ ᠨᠡᠶᠢᠭᠡᠮ ᠤᠨ ᠪᠠᠰᠠ ᠨᠢᠭᠡ ᠣᠳᠠᠭᠠᠨ ᠤ ᠶᠡᠭᠡ ᠨᠢᠭᠡᠳᠦᠯ ᠢ ᠪᠡᠶᠡᠯᠡᠭᠦᠯᠦᠭᠰᠡᠨ ᠢᠶᠠᠷ ᠮᠣᠩᠭᠤᠯᠴᠣᠳ ᠲᠤ ᠰᠢᠳᠦᠭᠳᠡᠨ ᠠᠯᠳᠠᠷᠰᠢᠪᠠ᠃ ᠦᠭᠡᠯᠦᠨ ᠦᠵᠢᠨ ᠡᠬᠡ ᠡᠶᠢᠮᠦᠷᠬᠦ ᠣᠨᠴᠠᠯᠢᠭ ᠢ ᠪᠡᠶ᠎ᠡ ᠳᠤ ᠪᠠᠨ ᠠᠭᠤᠰᠬᠠᠨ ᠪᠦᠷᠢᠯᠳᠦᠭᠦᠯᠵᠤ᠂ ᠬᠠᠳᠠᠭᠤ ᠰᠣᠷᠭᠠᠯ᠂ ᠮᠡᠷᠭᠡᠨ ᠣᠬᠠᠭᠠᠨ᠂ ᠡᠷᠡᠮᠡᠬᠡᠢ ᠵᠤᠷᠢᠭ ᠢᠶᠠᠷ ᠦᠨᠦᠴᠢᠨ ᠬᠡᠤᠬᠡᠳ ᠢᠶᠠᠨ ᠦᠰᠭᠡᠨ᠂ ᠡᠷ᠎ᠡ ᠶᠢᠨ ᠵᠡᠷᠭᠡ ᠳᠤ ᠬᠦᠷᠭᠡᠵᠤ᠂ ᠶᠢᠷᠳᠢᠨᠴᠤ ᠶᠢᠨ ᠮᠠᠩᠯᠠᠢ ᠪᠤᠯᠭᠠᠭᠰᠠᠨ ᠠᠭᠤᠤ ᠡᠬᠡ ᠪᠣᠯᠬᠤ ᠶᠤᠮ᠃ ᠲᠠᠷᠦᠢ ᠨᠢᠭᠡᠨ ᠦᠶ᠎ᠡ ᠶᠢᠨ ᠲᠡᠭᠷᠢᠯᠢᠭ ᠬᠦᠪᠡᠭᠦᠨ᠂ ᠮᠢᠩᠭᠠᠨ ᠣᠨ ᠤ ᠠᠯᠳᠠᠷᠳᠣ ᠬᠦᠮᠦᠨ — ᠬᠦᠮᠦᠨ ᠲᠦᠷᠦᠯᠬᠢᠳᠡᠨ ᠤ ᠴᠠᠭ ᠦᠶ᠎ᠡ ᠶᠢ ᠵᠠᠭᠠᠭᠯᠠᠭᠰᠠᠨ ᠠᠯᠳᠠᠨ ᠤᠷᠭᠢᠯ ᠢ ᠡᠭᠦᠳᠦᠨ᠂ ᠦᠩᠭᠡᠷᠡᠭᠰᠡᠨ ᠤ ᠬᠦᠮᠦᠰ ᠎ ᠤᠨ ᠪᠡᠶᠡᠯᠡᠭᠦᠯᠵᠤ ᠲᠡᠶᠢᠯᠦᠭᠰᠡᠨ ᠦᠭᠡᠢ ᠪᠤᠶᠤ ᠢᠷᠡᠭᠡᠳᠦᠢ ᠶᠢᠨ ᠬᠦᠮᠦᠰ ᠤᠨ ᠪᠡᠶᠡᠯᠡᠭᠦᠯᠵᠤ ᠲᠡᠶᠢᠯᠦᠰᠢ ᠦᠭᠡᠢ ᠠᠭᠤᠤ ᠦᠢᠯᠡᠰ ᠢ ᠪᠦᠲᠦᠭᠡᠭᠰᠡᠨ ᠠᠭᠤᠣ ᠶᠡᠭᠡ ᠤᠯᠤᠰ ᠲᠦᠷᠦᠴᠢᠨ᠂ ᠠᠭᠤᠤ ᠶᠡᠭᠡ ᠴᠡᠷᠢᠭ ᠲᠠᠶᠢᠨ ᠤ ᠪᠤᠳᠤᠯᠭᠠᠳᠠᠨ᠂ ᠠᠭᠤᠤ ᠶᠡᠭᠡ ᠨᠡᠶᠢᠭᠡᠮ ᠵᠢᠳᠬᠦᠯᠳᠡᠨ᠂ ᠲᠡᠯᠡᠬᠡᠢ ᠶᠢᠨ ᠲᠡᠤᠬᠡ ᠶᠢ ᠰᠢᠨ᠎ᠡ ᠪᠠᠷ ᠡᠮᠬᠢᠯᠡᠨ ᠲᠤᠭᠳᠠᠭᠠᠭᠰᠠᠨ ᠲᠠᠯᠠᠢ ᠶᠡᠭᠡ ᠴᠢᠩᠭᠢᠰ ᠶᠢ ᠪᠤᠭᠳᠠ ᠲᠦᠷᠦᠭᠦᠯᠦᠨ ᠦᠰᠭᠡᠭᠰᠡᠨ ᠨᠠᠷᠠᠨ ᠬᠠᠭᠠᠨ ᠡᠬᠡ ᠪᠤᠯᠤᠨ᠎ᠠ᠃ ᠦᠭᠡᠯᠦᠨ ᠦᠵᠢᠨ ᠪᠤᠯ ᠶᠢᠰᠦᠬᠡᠢ ᠪᠠᠭᠠᠳᠣᠷ ᠤᠨ ᠬᠠᠳᠣᠨ ᠶᠤᠮ᠃ ᠲᠡᠷᠡ ᠪᠤᠯ ᠬᠤᠩᠭᠢᠷᠠᠳ ᠠᠶᠢᠮᠠᠭ ᠤᠨ ᠰᠠᠯᠪᠤᠷᠢ ᠪᠤᠯᠬᠤ ᠤᠯᠬᠤᠨᠤᠳ ᠤᠪᠤᠭᠳᠠᠨ ᠤ ᠬᠦᠮᠦᠨ ᠪᠤᠯᠬᠤ ᠶᠤᠮ᠃      ᠲᠠᠪᠤ᠂ ᠡᠰᠢ ᠬᠠᠳᠣᠨ ᠪᠦᠷᠳᠡ         ᠪᠦᠷᠳᠡ ︵ᠪᠦᠷᠳᠡᠭᠡᠯᠵᠢᠨ︶ ᠬᠠᠳᠣᠨ ᠪᠤᠯ ᠴᠢᠩᠭᠢᠰ ᠬᠠᠭᠠᠨ ᠤ ᠭᠤᠣᠯ ᠬᠠᠳᠣᠨ᠂ ᠮᠣᠩᠭᠤᠯ ᠬᠠᠭᠠᠨᠳᠣ ᠣᠯᠤᠰ ᠎ ᠤᠨ ᠲᠦᠷᠦ ᠶᠢᠨ ᠨᠢᠭᠡᠳᠦᠭᠡᠷ ᠬᠠᠳᠣᠨ ᠪᠤᠯᠤᠨ᠎ᠠ᠃ ᠲᠡᠷᠡ ᠲᠡᠮᠦᠵᠢᠨ ᠤ ᠬᠠᠮᠤᠭ ᠤᠨ ᠭᠠᠴᠢᠭ ᠵᠦᠳᠡᠭᠦᠷᠢ ᠲᠠᠢ ᠦᠶ᠎ᠡ ᠳᠤ ᠬᠠᠶᠢᠷ᠎ᠠ ᠪᠠᠨ ᠦᠭᠴᠤ ᠲᠡᠭᠦᠨ ᠲᠠᠢ ᠬᠤᠷᠢᠮᠯᠠᠨ᠂ ᠴᠢᠩᠭᠢᠰ ᠬᠠᠭᠠᠨ ᠤ ᠰᠠᠶᠢᠨ ᠬᠠᠨᠢ᠂ ᠮᠡᠷᠭᠡᠨ ᠵᠦᠪᠯᠡᠭᠴᠢ᠂ ᠲᠦᠷᠦ ᠤᠯᠤᠰ ᠤᠨ ᠬᠢᠨᠢ ᠨᠠᠶᠢᠳᠠᠪᠤᠷᠢᠳᠠᠢ ᠲᠦᠰᠢᠭ᠂ ᠲᠦᠷᠪᠡᠨ ᠬᠠᠭᠠᠨ ᠬᠦᠪᠡᠭᠦᠨ ᠤ ᠬᠢᠨᠢ ᠠᠭᠤᠤ ᠰᠣᠳᠤᠨ ᠡᠬᠡ ᠪᠤᠯᠤᠭᠰᠠᠨ ᠶᠤᠮ᠃ ᠲᠡᠷᠡ ᠵᠢᠰᠣ ᠭᠠᠯᠪᠢᠷ ᠭᠡᠭᠡᠨᠴᠢᠷ ᠦᠵᠡᠰᠭᠦᠯᠡᠩ᠂ ᠮᠦᠷᠳᠡᠭᠡᠨ ᠤᠬᠠᠭᠠᠨ ᠪᠤᠳᠤᠯ ᠂ ᠵᠤᠷᠢᠭ ᠰᠠᠮᠪᠠᠭ᠎ᠠ᠂ ᠦᠷᠦᠰᠢᠶᠡᠯ[ ᠪᠠᠭᠳᠠᠭᠠᠮᠵᠢ ᠵᠡᠷᠭᠡ ᠪᠦᠬᠦ ᠲᠠᠯ᠎ᠠ ᠪᠠᠷ ᠮᠣᠩᠭᠤᠯ ᠡᠮᠡᠭᠳᠡᠶᠢᠴᠣᠳ ᠤᠨ ᠮᠠᠩᠯᠠᠢ ᠪᠤᠯᠵᠤ ᠴᠤᠯᠭᠤᠷᠠᠭᠰᠠᠨ ᠲᠤᠯᠠ ᠲᠦᠷᠦ ᠲᠦᠮᠡᠨ ᠳᠤ ᠪᠠᠨ ᠠᠰᠠᠷᠤ ᠶᠡᠭᠡ ᠬᠦᠨᠳᠣᠳᠬᠡᠯ ᠲᠠᠢ ᠪᠠᠶᠢᠵᠤ᠂ ᠲᠡᠯᠡᠬᠡᠢ ᠎ ᠶᠢᠨ ᠲᠡᠤᠬᠡᠨ ᠳᠤ ᠴᠦ ᠠᠯᠳᠠᠷ ᠢᠶᠠᠨ ᠮᠦᠩᠬᠡᠯᠡᠭᠰᠡᠨ ᠰᠣᠳᠣᠨ ᠡᠮᠡᠭᠳᠡᠢ ᠶᠤᠮ᠃         ᠪᠦᠷᠳᠡ ᠬᠠᠳᠣᠨ ᠠᠴᠠ ᠵᠦᠴᠢ᠂ ᠴᠠᠭᠠᠳᠠᠢ᠂ ᠦᠭᠡᠳᠡᠢ᠂ ᠲᠤᠯᠢ ᠭᠡᠬᠦ ᠲᠦᠷᠪᠡᠨ ᠬᠠᠭᠠᠨ ᠬᠦᠪᠡᠭᠦᠨ ᠪᠠ ᠬᠤᠵᠢᠨ ᠪᠠᠬᠢ᠂ ᠴᠡᠴᠡᠶᠢᠬᠡᠨ ᠪᠠᠬᠢ᠂ ᠠᠯᠠᠭ᠎ᠠ ᠪᠠᠬᠢ᠂ ᠲᠡᠮᠡᠤᠯᠤᠨ ︵ᠲᠦᠮᠡᠯᠤᠨ︶ ᠠᠯᠳᠣᠯᠣᠬᠠᠨ ᠭᠡᠬᠦ ᠲᠠᠪᠤᠨ ᠦᠬᠢᠨ ᠵᠠᠶᠠᠭᠠᠵᠡᠢ᠃ ᠲᠦᠷᠪᠡᠨ ᠬᠦᠪᠡᠭᠦᠨ ᠨᠢ ᠲᠦᠷᠪᠡᠨ ᠬᠠᠭᠠᠨᠳᠣ ᠤᠯᠤᠰ ᠤᠨ ᠡᠵᠡᠨ ᠪᠤᠯᠵᠤ᠂ ᠬᠡᠳᠣᠨ ᠵᠠᠭᠤᠨ ᠵᠢᠯ ᠤᠨ ᠲᠣᠷᠰᠢ ᠲᠡᠯᠡᠬᠡᠢ ᠳ᠋ᠠᠬᠢᠨ ᠢ ᠭᠠᠶᠢᠬᠠᠭᠤᠯᠵᠤ ᠪᠠᠶᠢᠭᠰᠡᠨ ᠶᠤᠮ᠃ ᠲᠡᠭᠦᠨ ᠤ ᠦᠬᠢᠳ ᠨᠢ ᠴᠦ ᠰᠡᠴᠡᠨ ᠰᠡᠷᠭᠦᠯᠡᠩ ᠮᠦᠷᠳᠡᠭᠡᠨ ᠣᠯᠤᠰ ᠲᠦᠷᠦ ᠶᠢᠨ ᠠᠯᠣᠰ ᠤᠨ ᠬᠠᠷᠠᠴᠠ ᠲᠠᠢ ᠪᠠᠶᠢᠵᠤ᠂ ︿︿ᠠᠯᠠᠭ᠎ᠠ ᠪᠠᠬᠢ﹀﹀᠎ ᠨᠢ ︿︿ᠲᠦᠷᠦ ᠬᠠᠮᠢᠶᠠᠷᠣᠭᠴᠢ ᠭᠦᠩᠵᠤ﹀﹀ ᠬᠡᠮᠡᠨ ᠲᠡᠤᠬᠡᠨ ᠳᠤ ᠠᠯᠳᠠᠷᠰᠢᠭᠰᠠᠨ ᠶᠤᠮ᠃           ᠵᠢᠷᠭᠤᠭ᠎ᠠ᠂ ᠬᠡᠷᠡᠶᠢᠳ ᠤᠨ ᠨᠠᠢᠮᠠᠯᠵᠢᠨ ᠡᠮᠡᠭᠡᠨ                ᠨᠠᠢᠮᠠᠯᠵᠢᠨ ᠡᠮᠡᠭᠡᠨ ᠡᠷᠬᠢᠮ ᠲᠡᠭᠡᠳᠣ ᠣᠬᠠᠭᠠᠨ ᠪᠣᠳᠣᠯ ᠲᠠᠢ  ᠰᠣᠳᠣᠨ ᠡᠮᠡᠭᠳᠡᠢ ᠪᠤᠯᠤᠨ᠎ᠠ᠃ ᠲᠡᠷᠡ ᠪᠠᠷ ᠮᠣᠩᠭᠤᠯᠴᠣᠳ ‍ᠤᠨ‌ᠬᠤᠭᠤᠷᠤᠨᠳᠣ ᠪᠠᠨ ᠲᠡᠮᠡᠴᠡᠯᠳᠦᠬᠦ ᠠᠷᠬᠠᠭ ᠭᠡᠮ ᠵᠤᠷᠢᠭᠳᠠᠢ ᠢᠯᠡᠴᠢᠯᠡᠵᠤ᠂ ᠡᠪ ᠨᠢᠭᠡᠳᠦᠯ᠂ ᠨᠢᠭᠳᠠᠷᠠᠯ ᠪᠦᠯᠬᠦᠮᠳᠡᠯ  ᠎ ᠢ ᠤᠷᠢᠶᠠᠯᠠᠨ᠂ ᠡᠩᠬᠡ ᠲᠠᠶᠢᠪᠤᠩ ᠢ ᠬᠦᠰᠡᠨ ᠡᠷᠡᠮᠡᠯᠵᠢᠯᠡᠭᠰᠡᠨ ᠶᠤᠮ᠃ ᠡᠨᠡᠬᠦ ᠠᠯᠤᠰ ᠬᠡᠳᠤ ᠎ ᠶᠢᠨ ᠠᠴᠢ ᠬᠤᠯᠪᠤᠭᠳᠠᠯ ᠲᠠᠢ ᠣᠬᠠᠭᠠᠯᠢᠭ ᠢᠳᠬᠠᠯ ᠨᠢ ᠮᠣᠩᠭᠤᠯᠴᠣᠳ ᠲᠤ ᠦᠶ᠎ᠡ ᠲᠠᠮᠵᠢᠨ ᠣᠯᠠᠮᠵᠢᠯᠠᠭᠳᠠᠵᠤ᠂ ᠡᠭᠦᠷᠢᠳᠡ ᠲᠡᠭᠡᠳᠦᠯᠡᠵᠤ ᠶᠠᠪᠤᠬᠤ ᠡᠪ ᠪᠦᠯᠬᠦᠮᠳᠡᠯ ᠤᠨ ᠬᠦᠴᠦᠨ ᠪᠤᠯᠵᠤ ᠪᠤᠢ᠃           ᠲᠤᠯᠤᠭ᠎ᠠ᠂ ᠬᠤᠯᠠᠨ ᠴᠠᠭᠠᠨ ᠬᠠᠳᠣᠨ      ᠬᠤᠯᠠᠨ ᠬᠠᠳᠣᠨ ᠪᠤᠯ ᠴᠢᠩᠭᠢᠰ ᠬᠠᠭᠠᠨ ᠤ ᠬᠤᠶᠠᠳᠣᠭᠠᠷ ᠬᠠᠳᠣᠨ ᠪᠤᠯᠤᠨ᠎ᠠ᠂ ᠲᠡᠷᠡ ᠭᠤᠪᠠᠢ ᠭᠡᠭᠡᠨᠴᠢᠷ᠂ ᠰᠡᠴᠡᠨ ᠮᠡᠷᠭᠡᠨ ᠮᠦᠷᠳᠡᠭᠡᠨ ᠡᠷᠡᠰ ᠰᠢᠭᠤᠷᠬᠠᠢ ᠪᠠᠶᠢᠳᠠᠭ ᠠᠴᠠ ᠴᠢᠩᠭᠢᠰ ᠬᠠᠭᠠᠨ ᠤ ᠭᠦᠨ ᠢᠳᠡᠭᠡᠯ ᠢ ᠤᠯᠤᠭᠰᠠᠨ ᠪᠠᠶᠢᠳᠠᠭ᠃ ᠬᠤᠯᠠᠨ ᠪᠤᠯ ᠣᠪᠰᠣ ᠮᠡᠷᠭᠡᠳ ᠤᠨ ᠲᠦᠷᠦᠭᠦᠤ ᠲᠠᠶᠢᠷ — ᠣᠰᠣᠨ ᠤ ᠦᠬᠢᠨ᠃ ᠬᠤᠯᠠᠨ ᠬᠠᠳᠣᠨ ᠨᠢ ᠮᠣᠩᠭᠤᠯ ᠦᠨᠳᠦᠰᠦᠳᠡᠨ ᠳᠡᠭᠡᠨ ᠨᠡᠷ᠎ᠡ ᠬᠦᠨᠳᠦᠳᠡᠢ ᠴᠢᠩᠭᠢᠰ ᠤᠨ ᠰᠢᠳᠣᠷᠭᠤ ᠵᠢᠷᠤᠮᠳᠣ ᠬᠠᠳᠣᠨ ᠨᠢ ᠶᠤᠮ᠂ ᠴᠢᠩᠭᠢᠰ ᠬᠠᠭᠠᠨ ᠲᠠᠢ ᠬᠠᠮᠤᠭ ᠤᠨ ᠬᠤᠯᠠ ᠠᠶᠠᠨ ᠲᠠᠶᠢᠨ ᠎ ᠳᠤ ᠬᠠᠮᠳᠣ ᠶᠠᠪᠤᠵᠤ ᠪᠠᠶᠢᠭᠰᠠᠨ ᠢᠳᠡᠭᠡᠯᠳᠡᠢ ᠬᠠᠨᠢ ᠨᠦᠬᠦᠷ ᠶᠤᠮ᠃          ᠨᠠᠢᠮᠠ᠂ ᠶᠢᠰᠦᠢ ᠮᠡᠷᠭᠡᠨ ᠬᠠᠳᠣᠨ     ᠶᠢᠰᠦᠢ ᠬᠠᠳᠣᠨ ᠪᠣᠯ ᠮᠣᠩᠭᠤᠯ ᠤᠨ ᠲᠡᠤᠬᠡᠨ ᠳᠤ ᠠᠯᠳᠠᠷᠰᠢᠭᠰᠡᠨ ᠦᠵᠡᠰᠭᠦᠯᠡᠩ ᠭᠤᠸ᠎ᠠ ᠮᠦᠷᠳᠡᠭᠡᠨ ᠭᠡᠭᠡᠨ ᠮᠡᠷᠭᠡᠨ ᠬᠠᠳᠣᠨ ᠪᠣᠯᠤᠨ᠎ᠠ᠃ ᠲᠡᠷᠡ ᠨᠢ ᠴᠢᠩᠭᠢᠰ ᠬᠠᠭᠠᠨ ᠤ ᠲᠦᠷᠦ ᠎ ᠶᠢᠨ ᠲᠦᠷᠪᠡᠨ ᠬᠠᠳᠣᠨ ᠤ ᠭᠤᠷᠪᠠᠳᠣᠭᠠᠷ ᠬᠠᠳᠣᠨ ᠮᠥᠨ᠃ ᠶᠢᠰᠦᠢ ᠬᠠᠳᠣᠨ ᠲᠦᠷᠦᠯᠬᠢ ᠶᠢᠨ ᠴᠡᠴᠡᠨ ᠣᠬᠠᠭᠠᠯᠢᠭ ᠪᠠᠶᠢᠵᠤ᠂ ᠴᠢᠩᠭᠢᠰ ᠬᠠᠭᠠᠨ ᠤ ᠨᠠᠰᠣᠨ ᠲᠣᠷᠰᠢ ᠤᠨ ᠰᠠᠶᠢᠨ ᠬᠠᠨᠢ᠂ ᠦᠨᠡᠨᠴᠢ ᠵᠦᠪᠯᠡᠭᠴᠢ ᠨᠢ ᠪᠣᠯᠤᠨ᠎ᠠ᠃ ᠲᠡᠷᠡ ᠶᠡᠭᠡ ᠮᠣᠩᠭᠤᠯ ᠬᠠᠭᠠᠨᠳᠣ ᠲᠦᠷᠦ ᠶᠢᠨ ᠦᠨᠢ ᠮᠦᠩᠬᠡ ᠶᠢᠨ ᠠᠮᠤᠷ ᠲᠦᠪᠰᠢᠨ ᠤ ᠲᠦᠯᠦᠭᠡ  ᠪᠤᠳᠣᠯᠬᠢᠯᠠᠵᠤ᠂ ᠴᠢᠩᠭᠢᠰ ᠬᠠᠭᠠᠨ ᠳᠤ ᠵᠠᠯᠭᠠᠮᠵᠢᠯᠠᠭᠴᠢ ᠪᠠᠨ ᠡᠷᠳᠡ ᠡᠳᠦᠷ ᠰᠣᠩᠭᠤᠨ ᠲᠣᠭᠳᠠᠭᠠᠬᠤ ᠲᠤᠬᠠᠢ ᠦᠪᠡᠷ ᠤᠨ ᠪᠤᠳᠤᠯ ᠪᠠᠨ ᠵᠤᠷᠢᠭᠳᠠᠢ ᠠᠶᠢᠯᠠᠳᠬᠠᠭᠰᠠᠨ ᠠᠴᠠ ᠬᠠᠭᠠᠨ ᠡᠵᠡᠨ ᠤ ᠢᠳᠡᠭᠡᠯ ᠬᠠᠶᠢᠷ᠎ᠠ ᠶᠢ ᠣᠯᠤᠭᠰᠠᠨ ᠮᠦᠷᠳᠡᠭᠡᠨ ᠠᠯᠳᠠᠨ ᠣᠷᠤᠭ ᠤᠨ ᠬᠢᠨ᠂ ᠵᠢᠴᠢ ᠲᠦᠷᠦ ᠶᠢᠨ ᠤᠯᠠᠨ ᠨᠣᠶᠠᠳ ᠲᠦᠰᠢᠮᠡᠳ ᠤᠨ ᠬᠦᠨᠳᠦᠳᠬᠡᠯ ᠪᠠᠰᠢᠷᠡᠯ ᠢ ᠣᠯᠵᠤ᠂ ᠤᠯᠠᠨ ᠦᠶ᠎ᠡ ᠶᠢᠨ ᠬᠠᠳᠣᠳ ᠤᠨ ᠲᠠᠭᠤᠷᠢᠶᠠᠯ ᠪᠤᠯᠤᠭᠰᠠᠨ ᠢᠶᠠᠷ ᠪᠠᠷᠠᠬᠤ ᠦᠭᠡᠢ ᠪᠦᠬᠦᠶᠢᠯᠡ ᠮᠣᠩᠭᠤᠯᠴᠣᠳ ᠤᠨ ᠲᠣᠷᠠᠳᠬᠠᠯ ᠳᠤ ᠮᠦᠩᠬᠡᠷᠡᠭᠰᠡᠨ ᠠᠭᠤᠤ ᠰᠣᠳᠤᠨ ᠡᠮᠡᠭᠳᠡᠢ ᠪᠤᠯᠤᠨ᠎ᠠ᠃ ᠶᠢᠰᠦᠢ ᠬᠠᠳᠣᠨ ᠪᠤᠯ ᠣᠣᠯ ᠨᠢ ᠲᠠᠲ᠋ᠠᠷ ᠠᠶᠢᠮᠠᠭ ᠤᠨ ᠬᠦᠮᠦᠨ ᠪᠤᠯᠤᠨ᠎ᠠ᠃           ᠶᠢᠰᠣ᠂ ᠰᠦᠯᠳᠣᠰᠣᠨ ᠤ ᠬᠠᠳᠠᠭᠠᠨ       ᠬᠠᠳᠠᠭᠠᠨ ᠪᠤᠯ ᠴᠢᠩᠭᠢᠰ ᠬᠠᠭᠠᠨ ᠤ ᠬᠠᠶᠢᠷ᠎ᠠ ᠶᠢ ᠤᠯᠤᠭᠰᠠᠨ ᠬᠡᠳᠣᠨ ᠡᠮᠡᠭᠳᠡᠶᠢᠴᠣᠳ ᠤᠨ ᠨᠢᠭᠡ ᠪᠤᠯᠤᠨ᠎ᠠ᠃ ᠲᠡᠷᠡ ᠪᠠᠷ ᠲᠡᠮᠣᠵᠢᠨ ᠤ ᠣᠷᠤᠭᠤᠳᠠᠨ ᠭᠠᠴᠢᠭᠳᠠᠵᠤ ᠪᠠᠶᠢᠭᠰᠠᠨ ᠠᠵᠠ ᠦᠭᠡᠢ ᠦᠶ᠎ᠡ ᠳᠤ᠂ ᠨᠢ ᠲᠠᠨᠢᠯᠴᠠᠵᠤ᠂ ᠲᠡᠭᠦᠨ ᠢ ᠲᠣᠰᠠᠯᠠᠵᠤ ᠶᠠᠪᠤᠭᠰᠠᠨ ᠶᠤᠮ᠃ ᠬᠠᠳᠠᠭᠠᠨ ᠭᠤᠸ᠎ᠠ ᠦᠵᠡᠰᠭᠦᠯᠡᠩ ᠮᠦᠷᠳᠡᠭᠡᠨ ᠤᠬᠠᠭᠠᠯᠢᠭ ᠪᠠᠭᠳᠠᠭᠠᠮᠵᠢᠳᠠᠢ᠂ ᠡᠷᠡᠰ ᠰᠢᠭᠤᠷᠬᠠᠢ ᠰᠦᠰᠣ ᠵᠤᠷᠢᠭᠳᠡᠢ᠂ ᠦᠨᠡᠨᠴᠢ ᠰᠢᠳᠣᠷᠭᠤ ᠡᠮᠡᠭᠳᠡᠢ ᠶᠤᠮ᠃ ᠲᠡᠮᠦᠵᠢᠨ ᠠᠮᠢ ᠨᠠᠰᠣᠨ ᠤ ᠠᠶᠤᠯ ᠲᠤᠯᠭᠠᠷᠠᠭᠰᠠᠨ ᠦᠶ᠎ᠡ ᠳᠤ᠂ ᠲᠡᠷᠡ ᠡᠴᠢᠭᠡ ᠪᠤᠯᠤᠨ ᠠᠬ᠎ᠠ ᠲᠠᠢ ᠪᠠᠨ ᠠᠶᠣᠯ ᠰᠦᠷᠦᠨ ᠲᠡᠮᠡᠴᠡᠵᠤ᠂ ᠤᠷᠠᠨ ᠣᠬᠠᠭᠠᠨ ᠢᠶᠠᠷ ᠢᠶᠠᠨ ᠲᠡᠮᠦᠵᠢᠨ ᠤ ᠠᠮᠢ ᠶᠢ ᠠᠪᠤᠷᠠᠭᠰᠠᠨ ᠠᠴᠢᠳᠠᠨ  ᠎ ᠢᠶᠠᠷ ᠵᠤᠭᠰᠣᠬᠤ ᠪᠢᠰᠢ ᠶᠡᠭᠡ ᠮᠣᠩᠭᠤᠯ ᠤᠨ ᠲᠦᠷᠦ ᠶᠢᠨ ᠨᠢᠭᠡᠳᠦᠯ ᠦᠯᠡᠮᠵᠢᠬᠡᠨ ᠭᠠᠪᠢᠶ᠎ᠠ ᠵᠢᠳᠬᠦᠯ ᠦᠵᠡᠭᠦᠯᠦᠭᠰᠡᠨ ᠶᠤᠮ᠃          ᠬᠠᠳᠠᠭᠠᠨ ᠪᠤᠯ ᠲᠠᠶᠢᠴᠢᠭᠤᠳ ᠤᠨ ᠬᠠᠷᠢᠶᠠᠨ ᠳᠤ ᠪᠠᠶᠢᠭᠰᠡᠨ ᠰᠦᠯᠳᠦᠰᠦᠨ ᠤᠪᠤᠭ ᠤᠨ ᠰᠣᠷᠬᠠᠨ ᠰᠢᠷ᠎ᠠ ᠶᠢᠨ ᠭᠠᠭᠴᠠ ᠦᠬᠢᠨ ᠨᠢ ᠪᠤᠯᠤᠨ᠎ᠠ᠃ ᠬᠠᠳᠠᠭᠠᠨ ᠴᠢᠩᠭᠢᠰ ᠬᠠᠭᠠᠨ ᠤ ᠰᠣᠯᠠ ᠬᠠᠳᠣᠨ ᠪᠤᠯᠤᠭᠰᠠᠨ ᠤ ᠲᠠᠷᠠᠭ᠎ᠠ ᠬᠠᠭᠠᠨ ᠳᠤ ᠮᠠᠰᠢ ᠬᠠᠶᠢᠷᠠᠯᠠᠭᠳᠠᠵᠤ᠂ ᠲᠠᠲ᠋ᠠᠷ ᠢ ᠲᠠᠶᠢᠯᠠᠬᠤ ᠲᠠᠶᠢᠨ ᠳᠤ ᠲᠠᠭᠠᠵᠤ ᠮᠣᠷᠳᠠᠭᠰᠠᠨ ᠶᠤᠮ᠃          ᠠᠷᠪᠠ᠂ ᠲᠡᠮᠤᠯᠣᠨ ᠭᠤᠸ᠎ᠠ        ᠲᠡᠮᠦᠯᠤᠨ ᠭᠤᠸ᠎ᠠ ᠪᠣᠯ ᠦᠭᠡᠯᠦᠨ ᠡᠬᠡ ᠶᠢᠨ ᠭᠠᠭᠴᠠ ᠦᠬᠢᠨ᠂ ᠴᠢᠩᠭᠢᠰ ᠬᠠᠭᠠᠨ ᠤ ᠦᠬᠢᠨ ᠲᠡᠭᠦᠤ ᠪᠤᠯᠤᠨ᠎ᠠ᠃ ᠲᠡᠷᠡ ᠣᠬᠠᠭᠠᠨ ᠰᠡᠷᠭᠦᠯᠡᠩ ᠵᠤᠷᠢᠭ ᠬᠠᠳᠠᠭᠤ ᠮᠦᠷᠳᠡᠭᠡᠨ ᠠᠭᠠᠳᠠᠮ ᠪᠠᠭᠳᠠᠭᠠᠮᠵᠢᠳᠠᠢ  ᠃ ᠬᠡᠳᠦᠶᠢᠪᠠᠷ ᠭᠠᠯ ᠵᠠᠯᠠᠭᠤ ᠨᠠᠰᠣᠨ ᠳᠤ ᠪᠠᠨ ᠠᠵᠠ ᠪᠤᠰᠤ ᠪᠠᠷ ᠪᠡᠶ᠎ᠡ ᠦᠷᠡᠭᠳᠡᠭᠰᠡᠨ ᠪᠤᠯᠪᠠᠴᠣ᠂ ᠲᠡᠷᠡ ᠲᠤᠭ᠎ᠠ ᠲᠠᠢ ᠤᠬᠤᠷᠬᠠᠨ ᠨᠠᠰᠣᠨ ᠳᠤ ᠪᠠᠨ ᠮᠣᠩᠭᠤᠯ ᠦᠨᠳᠦᠰᠦᠳᠡᠨ ᠤ ᠨᠢᠭᠡᠳᠦᠨ ᠬᠦᠴᠦᠷᠬᠡᠭᠵᠢᠬᠦ ᠶᠡᠭᠡ ᠦᠢᠯᠡᠰ ᠲᠤ ᠭᠠᠷᠮᠠᠭᠠᠶᠢᠯᠠᠨ ᠵᠢᠳᠬᠦᠵᠤ ᠶᠠᠪᠤᠭᠰᠠᠨ ᠪᠦᠭᠡᠳ ᠠᠯᠳᠠᠨ ᠣᠷᠤᠭ ᠤᠨ ᠲᠣᠳᠣᠭᠠᠳᠣ ᠶᠢᠨ ᠨᠢᠭᠳᠠᠷᠠᠯ ᠪᠦᠯᠬᠦᠮᠳᠡᠯ ᠶᠢᠨ ᠲᠦᠯᠦᠭᠡ ᠬᠠᠯᠠᠭᠤᠨ ᠠᠮᠢ ᠪᠠᠨ ᠦᠷᠡᠭᠳᠡᠬᠦᠯᠦᠭᠰᠡᠨ ᠠᠯᠳᠠᠷᠳᠣ ᠡᠮᠡᠭᠳᠡᠢ ᠪᠤᠯᠤᠨ᠎ᠠ᠃ ᠲᠡᠭᠦᠨ ᠤ ᠭᠠᠪᠢᠶ᠎ᠠ ᠵᠢᠳᠬᠦᠯ ᠪᠤᠯᠤᠨ ᠦᠢᠯᠡ ᠠᠵᠢᠯᠯᠠᠭ᠎ᠠ ᠪᠠᠷ ᠪᠦᠬᠦᠶᠢᠯᠡ ᠮᠣᠩᠭᠤᠯᠴᠣᠳ ᠎ ᠤᠨ ᠬᠠᠶᠢᠷ᠎ᠠ ᠬᠦᠨᠳᠦᠳᠬᠡᠯ ᠢ ᠤᠯᠵᠤ᠂ ᠮᠣᠩᠭᠤᠯ ᠤᠨ ᠬᠦᠬᠡ ᠰᠣᠳᠣᠷ ᠲᠤ ᠠᠯᠳᠠᠷ ᠢᠶᠠᠨ ᠲᠡᠮᠳᠡᠭᠯᠡᠭᠦᠯᠦᠭᠰᠡᠨ ᠶᠤᠮ ᠃               ᠠᠷᠪᠠᠨ ᠨᠢᠭᠡ᠂ ᠪᠤᠷᠤᠬᠤᠯ ᠤᠨ ᠬᠠᠳᠣᠨ ᠠᠯᠳᠠᠨᠢ         ᠠᠯᠳᠠᠨᠢ ᠬᠠᠳᠣᠨ ᠪᠤᠯ ᠮᠣᠩᠭᠤᠯ ᠤᠨ ᠲᠡᠤᠬᠡᠨ ᠭᠠᠷᠮᠠᠭᠠᠢ ᠵᠢᠳᠬᠦᠯ ᠦᠵᠡᠭᠦᠯᠦᠭᠰᠡᠨ ᠪᠠᠭᠠᠳᠣᠷ ᠴᠢᠭᠴᠢ ᠡᠮᠡᠭᠳᠡᠢ ᠪᠣᠯᠤᠨ᠎ᠠ᠃ ᠲᠡᠷᠡ ᠪᠠᠷ ᠰᠡᠴᠡᠨ ᠰᠡᠷᠭᠦᠯᠡᠩ ᠤᠬᠠᠭᠠᠨ ᠪᠢᠯᠢᠭ ᠲᠠᠢ ᠪᠦᠭᠡᠳ ᠪᠠᠭᠠᠳᠣᠷ ᠵᠤᠷᠢᠭ ᠲᠠᠢ ᠪᠠᠶᠢᠵᠤ᠂ ᠠᠮᠢ ᠪᠠᠨ ᠴᠦᠯᠡᠬᠦ ᠰᠢᠳᠣᠷᠭᠤ ᠡᠷᠡᠮᠡᠬᠡᠢ ᠦᠢᠯᠡ ᠠᠵᠢᠯᠯᠠᠭ᠎ᠠ ᠪᠠᠷ ᠢᠶᠠᠨ ᠮᠣᠩᠭᠤᠯ ᠤᠨ ᠲᠡᠤᠬᠡᠨ ᠳᠤ ᠠᠯᠳᠠᠷᠰᠢᠵᠤ᠂ ᠦᠶ᠎ᠡ ᠦᠶ᠎ᠡ ᠶᠢᠨ ᠬᠦᠮᠦᠰ ᠤᠨ ᠬᠦᠨᠳᠦᠳᠬᠡᠯ ᠢ ᠤᠯᠵᠤ ᠢᠷᠡᠪᠡ᠃              ᠠᠯᠳᠠᠨᠢ ᠬᠠᠳᠣᠨ ᠪᠤᠯ ᠦᠭᠡᠯᠦᠨ ᠡᠬᠡ ᠶᠢᠨ ᠡᠷᠭᠦᠭᠰᠡᠨ ᠬᠦᠤ᠂ ᠴᠢᠩᠭᠢᠰ ᠬᠠᠭᠠᠨ ᠤ ᠲᠦᠷᠪᠡᠨ ᠬᠦᠯᠦᠭ᠂ ᠶᠢᠰᠦᠨ ᠦᠷᠯᠦᠭ ᠤᠨ ᠨᠢᠭᠡ ᠪᠤᠯᠬᠤ ᠪᠤᠷᠤᠬᠤᠯ ᠤᠨ ᠬᠠᠳᠣᠨ᠃ ᠲᠡᠷᠡ ᠶᠡᠷᠤ ᠪᠤᠰᠤ ᠶᠢᠨ ᠪᠠᠭᠠᠳᠣᠷ ᠡᠮᠡᠭᠳᠡᠢ ᠪᠤᠯᠬᠤ ᠣᠴᠢᠷ ᠬᠠᠭᠠᠨ᠂ ︿︿ᠪᠤᠷᠤᠬᠤᠯ ᠤᠨ ᠭᠡᠷᠭᠡᠢ᠂ ᠡᠷ᠎ᠡ ᠨᠦᠬᠦᠷ ᠲᠡᠭᠡᠨ ᠦᠷᠦᠭᠡᠰᠦᠨ ᠠᠷᠠᠯ ᠪᠤᠯᠵᠤ ᠶᠠᠪᠤᠭᠰᠠᠨ ᠲᠡᠭᠡᠷ᠎ᠡ᠂ ᠲᠤᠯᠢ ᠶᠢᠨ ᠠᠮᠢ ᠶᠢ ᠠᠪᠤᠷᠠᠵᠤ ᠶᠡᠭᠡ ᠲᠣᠰᠠ ᠬᠦᠷᠭᠡᠪᠡ﹀﹀ ᠭᠡᠵᠤ ᠲᠡᠭᠦᠨ ᠭᠠᠪᠢᠶ᠎ᠠ ᠶᠢ ᠦᠨᠡᠯᠡᠪᠡ᠃ ᠬᠡᠷᠪᠡ ᠠᠯᠳᠠᠨᠢ ᠬᠠᠳᠤᠨ ᠲᠤᠯᠢ ᠶᠢ ᠦᠬᠦᠯ ᠤᠨ ᠠᠶᠤᠯ ᠠᠴᠠ ᠠᠪᠤᠷᠠᠭᠰᠠᠨ ᠦᠭᠡᠢ ᠪᠤᠯ ᠲᠤᠯᠢ ᠵᠢᠴᠢ ᠲᠡᠭᠦᠨ ᠤ ᠭᠤᠷᠪᠠᠨ ᠬᠠᠭᠠᠨ ᠬᠦᠪᠡᠭᠦᠨ ᠤ ᠮᠣᠩᠭᠤᠰ ᠤᠨ ᠲᠡᠤᠬᠡ ᠶᠢ ᠭᠡᠶᠢᠭᠦᠯᠦᠭᠰᠡᠨ ᠠᠭᠤᠤ ᠵᠢᠳᠬᠦᠯ ᠪᠠᠶᠢᠵᠤ ᠴᠢᠳᠠᠬᠤ ᠦᠭᠡᠢ ᠮᠦᠷᠳᠡᠭᠡᠨ ᠮᠣᠩᠭᠤᠯ ᠬᠠᠭᠠᠨᠳᠣ ᠣᠯᠤᠰ ᠤᠨ ᠲᠡᠤᠬᠡ ᠨᠢ ᠦᠭᠡᠷ᠎ᠡ ᠨᠢᠭᠡᠨ ᠴᠢᠭᠯᠡᠯ ᠢᠶᠠᠷ ᠭᠦᠭᠵᠢᠭᠰᠡᠨ ᠴᠦ ᠪᠠᠶᠢᠵᠤ ᠮᠡᠳᠡᠨ᠎ᠡ᠃           ᠠᠷᠪᠠᠨ ᠬᠤᠶᠠᠷ᠂ ᠪᠤᠳᠤᠬᠤᠢ ᠲᠠᠷᠭᠤᠨ ᠬᠠᠳᠣᠨ         ᠪᠤᠳᠣᠬᠤᠢ ᠲᠠᠷᠭᠤᠨ ᠬᠠᠳᠣᠨ ᠪᠤᠯ ᠤᠳᠤᠬᠢ ᠲᠦᠮᠡᠳ ᠣᠭᠰᠠᠭᠠᠳᠠᠨ ᠤ ᠲᠡᠭᠡᠳᠦ ᠦᠶ᠎ᠡ ᠶᠢᠨ ᠠᠬᠠᠯᠠᠭᠴᠢ ᠪᠠᠶᠢᠭᠰᠠᠨ᠃ ᠲᠡᠷᠡ ᠮᠣᠩᠭᠤᠯ ᠡᠮᠡᠭᠳᠡᠶᠢᠴᠣᠳ ᠤᠨ ᠠᠭᠤᠳᠠᠮ ᠡᠬᠡᠨᠴᠢᠷ ᠬᠠᠶᠢᠷ᠎ᠠ ᠪᠠ ᠡᠷᠡᠭᠳᠡᠶᠢᠴᠣᠳ ᠲᠤ ᠪᠠᠶᠢᠵᠤ ᠪᠤᠯᠤᠮ᠎ᠠ ᠦᠭᠡᠢ ᠡᠷᠡᠯᠬᠡᠭ ᠵᠢᠪᠬᠤᠭ᠎ᠠ ᠪᠠᠷ ᠠᠶᠢᠮᠠᠭ ᠣᠭᠰᠠᠭ᠎ᠠ ᠪᠠᠨ ᠠᠬᠠᠯᠠᠨ᠂ ᠬᠤᠷᠢ ᠲᠦᠮᠡᠳ ᠤᠨ ᠢᠶᠠᠨ ᠢᠷᠭᠡᠳ ᠤᠨ ᠠᠮᠣᠷ ᠲᠦᠪᠰᠢᠨ ᠡᠩᠭᠡ ᠲᠠᠶᠢᠪᠤᠩ ᠢ ᠬᠠᠮᠠᠭᠠᠯᠵᠤ ᠶᠠᠪᠤᠭᠰᠠᠨ ᠴᠤᠭ ᠪᠢᠯᠢᠭᠳᠦ ᠪᠠᠭᠠᠳᠣᠷ ᠡᠮᠡᠭᠳᠡᠢ ᠪᠤᠯᠬᠤ ᠶᠤᠮ᠃ ᠲᠡᠷᠡ ᠲᠦᠮᠡᠳᠴᠣᠳ ᠤᠨ ᠣᠮᠤᠭᠰᠢᠯ ᠪᠤᠯᠬᠤ ᠪᠠᠷ ᠪᠠᠷᠠᠬᠤ ᠦᠭᠡᠢ ᠪᠦᠬᠦ ᠮᠣᠩᠭᠤᠯᠴᠣᠳ ᠤᠨ ᠤᠮᠤᠭᠰᠢᠯ ᠪᠠᠭ᠋ᠠᠷᠬᠠᠯ ᠪᠤᠯᠬᠤ ᠶᠤᠮ᠃          ᠠᠷᠪᠠᠨ ᠭᠤᠷᠪᠠ᠂ ︿︿ᠲᠦᠷᠦ ᠵᠠᠬᠢᠷᠤᠭᠴᠢ ᠭᠦᠩᠵᠤ﹀﹀ ᠠᠯᠠᠭ᠎ᠠ ᠪᠠᠬᠢ         ᠠᠯᠠᠭ᠎ᠠ ᠪᠠᠬᠢ ︵ᠠᠯᠠᠨ ᠭᠤᠸ᠎ᠠ ᠭᠡᠳᠡᠭ︶ ᠪᠣᠯ ᠴᠢᠩᠭᠢᠰ ᠬᠠᠭᠠᠨ ᠪᠠ ᠪᠦᠷᠳᠡ ᠦᠵᠢᠨ ᠬᠠᠳᠤᠨ ᠤ ᠭᠤᠷᠪᠠᠳᠣᠭᠠᠷ ᠦᠬᠢᠨ᠃ ᠬᠠᠷᠠᠬᠠᠨ ᠪᠠᠭ᠎ᠠ ᠠᠴᠠ ᠡᠴᠢᠭᠡ ᠬᠠᠭᠠᠨ ᠤ ᠪᠠᠨ ᠰᠣᠷᠭᠠᠯ ᠢᠶᠠᠷ ᠬᠠᠷᠪᠤᠵᠤ ᠨᠠᠮᠨᠠᠬᠤ ᠶᠢ ᠪᠤᠯᠪᠠᠰᠣᠷᠠᠨ᠂ ᠴᠡᠷᠢᠭ ᠲᠠᠶᠢᠨ ᠤ ᠬᠠᠳᠠᠭᠤ ᠰᠣᠷᠭᠠᠭᠤᠯᠢᠯ ᠳᠤ ᠴᠠᠭᠠᠷᠠᠭᠰᠠᠨ ᠶᠤᠮ᠃ ᠠᠯᠠᠭ᠎ᠠ ᠪᠠᠬᠢ ᠣᠬᠠᠭᠠᠨ ᠪᠢᠯᠢᠭ ᠴᠣᠭᠤᠷᠣᠬᠠᠢ᠂ ᠠᠭᠤᠳᠠᠮ ᠪᠤᠳᠤᠯᠭ᠎ᠠ᠂ ᠦᠷᠭᠡᠨ ᠪᠠᠭᠳᠠᠭᠠᠮᠵᠢ ᠲᠠᠢ ᠪᠦᠭᠡᠳ ᠣᠯᠤᠰ ᠲᠦᠷᠦ ᠶᠢᠨ ᠬᠤᠯᠠ ᠬᠠᠷᠠᠴᠠ ᠲᠠᠢ ᠡᠮᠡᠭᠳᠡᠢ ᠪᠠᠶᠢᠭᠰᠠᠨ ᠶᠤᠮ᠃ ᠲᠡᠷᠡ ᠬᠡᠷᠡᠭ ᠶᠠᠪᠣᠳᠠᠯ ᠳᠤ ᠬᠠᠨᠳᠣᠬᠤ ᠳᠤ ᠪᠠᠨ ᠬᠢᠨᠠᠭᠤᠷ ᠯᠠᠪᠳᠠᠭᠤᠨ ᠮᠦᠷᠳᠡᠭᠡᠨ ᠲᠦᠪ ᠬᠢᠴᠢᠶᠡᠩᠭᠦᠢ ᠪᠠᠶᠢᠵᠤ᠂ ᠮᠤᠩᠭᠤᠯ ᠤᠨ ᠲᠡᠤᠬᠡᠨ ᠳᠤ ᠶᠡᠬᠡᠬᠡᠨ ᠦᠢᠯᠡᠳᠦᠯ ᠦᠵᠡᠭᠦᠯᠦᠭᠰᠡᠨ ᠪᠤᠯᠬᠤᠷ ᠬᠠᠭᠠᠨ ᠡᠴᠢᠭᠡ ᠎ ᠨᠢ ᠲᠡᠭᠦᠨ ᠳᠤ ᠲᠤᠩ ᠬᠠᠶᠢᠷᠠᠳᠠᠢ ᠪᠠᠶᠢᠭᠰᠠᠨ ᠭᠡᠳᠡᠭ᠃              ᠴᠢᠩᠭᠢᠰ ᠬᠭᠠᠨ ᠠᠯᠠᠭ᠎ᠠ ᠪᠠᠬᠢ ᠶᠢ ᠣᠩᠭᠤᠳ ᠲᠤ ᠮᠣᠷᠳᠠᠭᠤᠯᠤᠭᠰᠠᠨ ᠨᠢ ᠮᠤᠩᠭᠤᠯ ᠠᠶᠢᠮᠠᠭ ᠤᠳ ᠤᠨ ᠶᠡᠭᠡ ᠨᠢᠭᠡᠳᠦᠯ ᠢ ᠪᠡᠶᠡᠯᠡᠭᠦᠯᠬᠦ ᠵᠢᠴᠢ ᠤᠩᠭᠤᠳ ᠪᠠ ᠮᠤᠩᠭᠤᠯ ᠬᠠᠭᠠᠨᠳᠣ ᠤᠯᠤᠰ ᠤᠨ ᠮᠦᠩᠬᠡ ᠶᠢᠨ ᠬᠤᠯᠪᠤᠭ᠎ᠠ ᠶᠢ ᠪᠠᠳᠣᠳᠬᠠᠬᠤ ᠶᠢᠨ ᠲᠦᠯᠦᠭᠡ ᠶᠤᠮ᠃ ᠴᠢᠩᠭᠢᠰ ᠬᠠᠭᠠᠨ ᠦᠬᠢᠨ ᠢᠶᠠᠨ ᠮᠣᠷᠳᠠᠭᠤᠯᠬᠤ ᠳᠠᠭᠠᠨ ᠰᠦᠲᠦᠭᠡᠷ ᠬᠠᠶᠢᠷᠠᠯᠠᠵᠤ᠄        ︿︿ᠬᠠᠷᠠᠶᠢᠬᠤ ᠳᠤ ᠮᠢᠨᠢ ᠬᠦᠯ ᠪᠤᠯᠵᠤ᠂ ᠬᠠᠵᠠᠶᠢᠬᠤ ᠳᠤ ᠮᠢᠨᠢ ᠲᠦᠰᠢᠭ ᠪᠤᠯᠵᠤ᠂ ᠬᠠᠯᠳᠣᠷᠢᠬᠤ ᠳᠤ ᠮᠢᠨᠢ ᠲᠠᠬ᠎ᠠ ᠪᠤᠯᠵᠤ᠂ ᠬᠠᠯᠠᠮᠵᠢ ᠲᠣᠰᠠ ᠶᠢ ᠬᠦᠷᠭᠡᠬᠦ ᠪᠠᠨ ᠬᠠᠶᠢᠷᠠᠳᠣ ᠠᠯᠠᠭ᠎ᠠ ᠮᠨᠢᠨ ᠮᠡᠳᠡᠳᠦᠭᠡᠢ᠃ ᠡᠨᠡ ᠪᠡᠶ᠎ᠡ ᠬᠡᠪᠡᠷᠡᠭ ᠪᠤᠯᠪᠠᠴᠣ᠂ ᠡᠷᠬᠢᠮ ᠨᠡᠷ᠎ᠡ ᠮᠦᠩᠬᠡ ᠰᠢᠤ᠃ ᠰᠠᠷᠠᠭᠤᠯ ᠤᠬᠠᠭᠠᠨ ᠠᠴᠠ ᠢᠯᠭᠦᠤ ᠰᠠᠶᠢᠬᠠᠨ ᠨᠦᠬᠦᠷ ᠪᠠᠶᠢᠳᠠᠭ ᠦᠭᠡᠢ᠂ ᠮᠣᠩᠬᠠᠭ ᠬᠢᠯᠢᠩ ᠠᠴᠠ ᠢᠯᠡᠭᠦᠤ ᠮᠠᠭᠤ ᠲᠠᠶᠢᠰᠣᠨ ᠪᠠᠶᠢᠳᠠᠭ ᠦᠭᠡᠢ᠂ ᠡᠷᠬᠢᠮ ᠢᠳᠡᠭᠡᠯ ᠣᠯᠠᠨ ᠪᠤᠯᠪᠠᠴᠣ ᠡᠨᠡ ᠪᠡᠶ᠎ᠡ ᠪᠦᠭᠦᠳᠡ ᠠᠴᠠ ᠢᠳᠡᠭᠡᠯ ᠲᠠᠢ᠂ ᠬᠠᠶᠢᠷᠠᠯᠠᠬᠤ ᠶᠠᠭᠤᠮ᠎ᠠ ᠤᠯᠠᠨ ᠪᠤᠯᠪᠠᠴᠣ ᠬᠠᠯᠠᠭᠤᠨ ᠠᠮᠢ ᠶᠢ ᠬᠠᠮᠤᠭ ᠠᠴᠠ ᠬᠠᠶᠢᠷᠠᠯᠠᠯᠳᠠᠢ᠃᠃ ᠬᠠᠳᠠᠭᠤᠵᠢᠵᠤ ᠶᠠᠪᠤᠪᠠᠰᠣ ᠬᠠᠮᠤᠭ ᠲᠤ ᠬᠡᠷᠡᠭ ᠲᠠᠢ᠂ ᠠᠷᠢᠭᠤᠨ ᠶᠠᠪᠣᠪᠠᠰᠣ ᠠᠰᠢᠳᠠ ᠲᠣᠰᠠ ᠲᠠᠢ᠃﹀﹀ ᠭᠡᠵᠤ ᠰᠤᠷᠭᠠᠵᠡᠢ᠃ ᠠᠯᠠᠭ᠎ᠠ ᠪᠠᠬᠢ ᠪᠤᠯ ᠨᠢᠭᠡᠨ ᠰᠢᠯᠭᠠᠷᠠᠭᠰᠠᠨ ᠣᠯᠤᠰ ᠲᠦᠷᠦᠴᠢ ᠡᠮᠡᠭᠳᠡᠢ ᠪᠤᠯᠤᠨ᠎ᠠ᠃ ᠲᠡᠷᠡ ᠡᠴᠢᠭᠡ ᠬᠠᠭᠠᠨ ᠤ ᠪᠠᠨ ᠶᠡᠭᠡ ᠪᠤᠳᠤᠯᠭ᠎ᠠ ᠪᠠ ᠪᠦᠷᠳᠡ ᠡᠬᠡ ᠶᠢᠨ ᠢᠶᠠᠨ ᠠᠭᠤᠳᠠᠮ ᠪᠠᠭᠳᠠᠭᠠᠮᠵᠢ ᠰᠣᠣ ᠪᠢᠯᠢᠭ ᠢ ᠦᠪᠯᠡᠨ ᠲᠦᠷᠦᠭᠰᠡᠨ ᠤ ᠬᠤᠪᠢ ᠳᠤ᠂ ᠣᠩᠭᠤᠳ ᠠᠶᠢᠮᠠᠭ ᠤᠨ ᠲᠣᠳᠣᠭᠠᠳᠣ ᠳᠠᠬᠢ ᠰᠠᠮᠠᠭᠤᠷᠠᠯ ᠢ ᠲᠦᠪᠰᠢᠳᠬᠡᠨ ᠡᠪ ᠨᠢᠭᠡᠳᠦᠯ ᠡᠩᠬᠡ ᠲᠠᠶᠢᠪᠣᠩ ᠢ ᠬᠠᠮᠠᠭᠠᠯᠠᠭᠰᠠᠨ ᠪᠦᠭᠡᠳ ᠣᠩᠭᠤᠳ ᠬᠢᠭᠡᠳ ᠮᠣᠩᠭᠤᠯ ᠬᠠᠭᠠᠨᠳᠣ ᠤᠯᠤᠰ ᠤᠨ ᠬᠠᠷᠢᠴᠠᠭ᠎ᠠ ᠶᠢ ᠪᠠᠳᠣᠳᠬᠠᠵᠤ᠂ ᠭᠤᠪᠢ ᠶᠢᠨ ᠡᠮᠦᠨᠡᠬᠢ ᠶᠢ ᠲᠤᠭᠳᠠᠭᠤᠨ ᠪᠤᠯᠭᠠᠭᠰᠠᠨ ᠪᠠᠶᠢᠨ᠎ᠠ᠃          ᠠᠷᠪᠠᠨ ᠲᠦᠷᠪᠡ᠂ ᠲᠣᠳᠣᠷᠬᠠᠢ ᠨᠢᠭᠦᠯᠡᠰᠦᠩᠭᠦᠢ ᠬᠠᠳᠣᠨ ᠲᠦᠷᠭᠡᠨ᠎ᠡ         ᠲᠦᠷᠭᠡᠨ᠎ᠡ ᠬᠠᠳᠣᠨ ᠪᠤᠯ ᠮᠣᠩᠭᠤᠯ ᠤᠨ ᠲᠡᠤᠬᠡᠨ ᠳᠤ ᠲᠦᠷᠦ ᠪᠠᠷᠢᠭᠰᠡᠨ ᠠᠩᠬᠠᠳᠠᠭᠴᠢ ᠡᠮᠡᠭᠳᠡᠢ ᠪᠣᠯᠣᠨ᠎ᠠ᠃ ᠲᠡᠷᠡ ᠲᠦᠷᠦ ᠵᠠᠰᠠᠭ ᠶᠢᠨ ᠡᠷᠬᠡ ᠪᠠᠨ ᠪᠠᠬᠢᠵᠢᠭᠦᠯᠬᠦ ᠶᠢᠨ ᠲᠦᠯᠦᠭᠡ ᠤᠯᠤᠰ ᠲᠦᠷᠦ ᠶᠢᠨ ᠬᠡᠳᠦᠷᠮᠡᠬᠡᠢ ᠠᠷᠭ᠎ᠠ ᠶᠢ ᠬᠡᠷᠡᠭᠯᠡᠨ ᠨᠢᠭᠡ ᠪᠦᠯᠦᠭ ᠭᠠᠪᠢᠶᠠᠳᠣ ᠨᠤᠶᠠᠳ ᠲᠦᠰᠢᠮᠡᠳ ᠢ ᠭᠠᠳᠠᠭᠤᠷᠬᠠᠨ ᠶᠠᠯᠠᠯᠠᠵᠤ᠂ ᠮᠤᠩᠭᠤᠯ ᠬᠠᠭᠠᠨᠳᠣ ᠲᠦᠷᠦ ᠶᠢᠨ ᠪᠠᠬᠢᠵᠢᠯ ᠳᠤ ᠬᠦᠨᠳᠣ ᠨᠤᠴᠢᠳᠠᠢ  ᠨᠦᠯᠦᠭᠡ ᠣᠴᠠᠷᠠᠭᠤᠯᠤᠭᠰᠠᠨ ᠪᠤᠯᠪᠠᠴᠣ ᠡᠷᠬᠡ ᠶᠢ ᠲᠦᠪᠯᠡᠷᠡᠭᠦᠯᠦᠨ ᠲᠦᠷᠦ ᠭᠦᠷᠦᠨ ᠤ ᠨᠢᠭᠡᠳᠦᠯ ᠢ ᠪᠠᠳᠣᠯᠠᠵᠤ᠂ ᠮᠤᠩᠭᠤᠯ ᠬᠠᠭᠨᠳᠣ ᠲᠦᠷᠦ ᠶᠢᠨ ᠭᠤᠷᠪᠠᠳᠠᠬᠢ ᠬᠠᠭᠠᠨ ᠢ ᠰᠣᠩᠭᠤᠨ ᠲᠤᠭᠳᠠᠭᠠᠵᠤ ᠵᠠᠯᠭᠠᠮᠵᠢᠯᠠᠭᠤᠯᠤᠭᠰᠠᠨ ᠭᠠᠪᠢᠶ᠎ᠠ ᠲᠠᠢ ᠶᠤᠮ᠃ ᠮᠥᠨ ᠴᠦ ᠴᠢᠩᠭᠢᠰ ᠬᠠᠭᠠᠨ ᠤ ᠲᠤᠭᠳᠠᠭᠠᠭᠰᠠ ᠶᠡᠭᠡ ᠬᠤᠷᠠᠯᠳᠠᠢ ᠶᠢ ᠭᠠᠳᠠᠭᠰᠢ ᠪᠠᠨ ᠴᠢᠯᠦᠭᠡᠳᠡᠢ ᠨᠡᠭᠡᠭᠡᠵᠤ᠂ ᠲᠡᠯᠡᠬᠡᠢ ᠶᠢᠨ ᠤᠯᠠᠨ ᠤᠯᠤᠰ ᠤᠨ ᠤᠯᠠᠨ ᠲᠠᠯ᠎ᠠ ᠶᠢᠨ ᠨᠡᠷᠡᠳᠣ ᠬᠦᠮᠦᠰ ᠢ ᠲᠦᠷᠦ ᠶᠢᠨ ᠴᠢᠬᠤᠯᠠ ᠵᠦᠪᠯᠡᠬᠦ ᠳᠤ ᠣᠷᠤᠯᠴᠠᠭᠤᠯᠤᠨ᠂ ᠶᠡᠭᠡ ᠮᠣᠩᠭᠤᠯ ᠬᠠᠭᠠᠨᠳᠣ ᠣᠯᠤᠰ ᠤᠨ ᠰᠦᠷ ᠬᠦᠴᠦᠨ ᠪᠠ ᠪᠠᠶᠢᠷᠢ ᠰᠠᠭᠤᠷᠢ ᠶᠢ ᠲᠡᠯᠡᠬᠡᠢ ᠳ᠋ᠠᠬᠢᠨ ᠳᠤ ᠠᠯᠳᠠᠷᠰᠢᠭᠤᠯᠤᠭᠰᠠᠨ ᠶᠤᠮ᠃       ᠲᠦᠷᠭᠡᠨ᠎ᠡ ᠬᠠᠳᠣᠨ ᠪᠤᠯ ᠮᠡᠷᠭᠡᠳ ᠠᠶᠢᠮᠠᠭ ᠤᠨ ᠬᠦᠮᠦᠨ ᠪᠤᠯᠤᠨ᠎ᠠ᠃ ᠲᠡᠷᠡ ᠤᠤᠯ ᠳᠤ ᠪᠠᠨ ᠮᠡᠷᠭᠡᠳ ᠠᠶᠢᠮᠠᠭ ᠤᠨ ᠲᠦᠷᠦᠭᠦᠤ ᠪᠤᠯᠬᠤ ᠲᠤᠭᠳᠤᠭ᠎ᠠ ᠪᠠᠬᠢ ᠶᠢᠨ ᠠᠬᠠᠮᠠᠳ ᠬᠦᠪᠡᠭᠦᠨ ᠬᠤᠳᠤ ᠶᠢᠨ ᠪᠠᠭ᠎ᠠ ᠬᠠᠳᠣᠨ ᠪᠠᠶᠢᠵᠡᠢ᠃1204 ᠤᠨ ᠳᠤ ᠴᠢᠩᠭᠢᠰ ᠬᠠᠭᠠᠨ ᠮᠣᠩᠭᠤᠯ ᠤᠨ ᠣᠯᠠᠨ ᠠᠶᠢᠮᠠᠭ ᠢᠶᠠᠨ ᠲᠠᠶᠢᠴᠢᠯᠠᠨ ᠬᠠᠷ᠎ᠠ ᠲᠠᠯ᠎ᠠ ᠶᠢᠨ ᠦᠵᠦᠭᠦᠷ ᠭᠡᠳᠡᠭ ᠭᠠᠵᠠᠷ ᠲᠤ ᠮᠡᠷᠭᠢᠳ ᠠᠶᠢᠮᠠᠭ ᠲᠠᠢ ᠶᠡᠭᠡ ᠪᠠᠶᠢᠷᠢ ᠪᠠᠶᠢᠯᠳᠣᠭᠠᠨ ᠪᠣᠯᠤᠭᠰᠠᠨ ᠳᠤ ᠮᠡᠷᠭᠢᠳ ᠤᠨ ᠲᠤᠭᠳᠤᠭ᠎ᠠ ᠪᠠᠬᠢ ᠲᠠᠶᠢᠨ ᠳᠤ ᠢᠯᠠᠬᠳᠠᠵᠤ᠂ ᠬᠤᠳᠤ ᠪᠤᠯᠤᠨ ᠴᠢᠯᠠᠭᠤᠨ ᠭᠡᠬᠦ ᠬᠤᠶᠠᠷ ᠬᠦᠪᠡᠭᠦᠨ ᠲᠠᠢ ᠪᠠᠨ ᠴᠦᠭᠡᠨ ᠬᠦᠮᠦᠰ ᠪᠠᠨ ᠲᠠᠭᠠᠭᠤᠯᠣᠨ ᠲᠣᠳᠠᠭᠠᠵᠤ ᠭᠠᠷᠪᠠ᠃ ᠴᠢᠩᠭᠢᠰ ᠬᠠᠭᠠᠨ ᠲᠠᠶᠢᠨ ᠳᠤ ᠣᠯᠵᠠᠯᠠᠭᠰᠠᠠᠨ ᠮᠡᠷᠭᠢᠳ ᠤᠨ ᠣᠯᠠᠨ ᠦᠬᠢᠳ ᠎ ᠤᠨ ᠲᠤᠮᠳᠠ ᠠᠴᠠ ᠬᠤᠳᠤ ᠶᠢᠨ ᠪᠠᠭ᠎ᠠ ᠬᠠᠳᠤᠨ ᠪᠤᠯᠬᠤ ᠲᠦᠷᠭᠡᠨ᠎ᠡ ᠶᠢ ᠣᠯᠵᠤ ᠦᠪᠡᠷ ᠤᠨ ᠭᠤᠷᠪᠠᠳᠣᠭᠠᠷ ᠬᠦᠪᠡᠭᠦᠨ ᠦᠭᠡᠳᠢ ᠳᠤ ᠪᠠᠨ ᠬᠠᠳᠣᠨ ᠪᠣᠯᠭᠠᠨ ᠱᠠᠩᠨᠠᠵᠡᠢ᠃          ᠠᠷᠪᠠᠨ ᠲᠠᠪᠤ᠂ ᠲᠤᠳᠣᠷᠬᠠᠢ ᠪᠤᠶᠠᠨᠳᠣ ᠭᠡᠭᠡᠨ ᠮᠡᠷᠭᠡᠨ ᠬᠠᠳᠣᠨ ᠰᠣᠷᠬᠠᠭᠳᠠᠨᠢ ᠪᠠᠬᠢ         ᠰᠣᠷᠬᠠᠭᠳᠠᠨᠢ ᠬᠠᠳᠤᠨ ᠪᠤᠯ ᠴᠢᠩᠭᠢᠰ ᠬᠠᠭᠠᠨ ᠤ ᠤᠳᠬᠤᠨ ᠬᠦᠤ ᠲᠤᠯᠢ ᠶᠢᠨ ᠬᠠᠳᠣᠨ᠃ ᠲᠡᠷᠡ ᠪᠤᠯ ᠬᠡᠷᠡᠶᠢᠳ ᠤᠨ ᠤᠩ ᠬᠠᠨ ᠎ ᠤ ᠲᠡᠭᠦᠤ ᠵᠠᠬ᠎ᠠ ᠬᠠᠮᠪᠤ ᠶᠢᠨ ᠪᠠᠭ᠎ᠠ ᠦᠬᠢᠨ ᠪᠤᠯᠤᠨ᠎ᠠ᠃ ᠰᠣᠷᠬᠠᠭᠳᠠᠨᠢ ᠪᠠᠬᠢ ᠬᠠᠳᠣᠨ ᠠᠴᠠ ᠲᠦᠷᠪᠡᠨ ᠬᠦᠤ ᠲᠦᠷᠦᠪᠡ᠃ ᠡᠨᠡ ᠲᠦᠷᠪᠡᠨ ᠬᠦᠤ ᠨᠢ ᠲᠡᠯᠡᠬᠡᠢ ᠳ᠋ᠠᠬᠢᠨ ᠳᠤ ᠠᠯᠳᠠᠷ ᠨᠡᠷ᠎ᠡ ᠮᠠᠨᠳᠣᠵᠤ᠂ ᠭᠤᠷᠪᠠ ᠨᠢ ᠬᠠᠭᠠᠨ ᠰᠣᠭᠤᠪᠠ᠃ ᠶᠡᠭᠡ ᠬᠦᠪᠡᠭᠦᠨ ᠮᠦᠩᠬᠡ ᠨᠢ ᠮᠣᠩᠭᠤᠯ ᠬᠠᠭᠠᠨᠳᠣ ᠤᠯᠤᠰ ᠤᠨ ᠲᠦᠷᠪᠡᠳᠡᠬᠢ ᠬᠠᠭᠠᠨ ᠢᠶᠠᠷ ᠡᠷᠭᠦᠮᠵᠢᠯᠡᠭᠳᠡᠵᠤ᠂ ᠮᠣᠩᠭᠤᠯ ᠤᠨ ᠲᠡᠤᠬᠡᠨ ᠲᠡᠭᠡᠷ᠎ᠡ ᠪᠠᠰᠠ ᠨᠢᠭᠡᠨ ᠰᠢᠵᠢᠷ ᠠᠯᠳᠠᠨ ᠴᠠᠭ ᠦᠶ᠎ᠡ ᠶᠢ ᠨᠡᠭᠡᠭᠡᠪᠡ᠃ ᠺᠠᠷᠦ᠋ᠹᠦ᠋ᠵᠢ ᠲᠡᠺᠡᠶᠢᠰᠢ᠂ ᠣᠲ᠋ᠡᠭᠧ ᠮᠠᠴᠦ᠋ᠸᠤ᠋ ᠶᠢᠨ ᠪᠢᠴᠢᠭᠰᠡᠨ ︿︿ᠬᠤᠪᠢᠯᠠᠢ ᠬᠠᠭᠠᠨ﹀﹀ ᠭᠡᠬᠦ ᠨᠤᠮ ᠳᠤ ᠮᠦᠩᠬᠡ ᠬᠠᠭᠠᠨ ᠤ ᠦᠶ᠎ᠡ ᠳᠤ ᠲᠦᠷᠦ ᠲᠦᠪᠰᠢᠨ ᠲᠦᠮᠡᠨ ᠠᠮᠣᠭᠤᠯᠠᠩ ᠪᠠᠶᠢᠳᠠᠯ ᠢ ︿︿ᠡᠶᠢᠮᠤᠷᠬᠦ ᠪᠠᠶᠢᠳᠠᠯ ᠲᠷᠡ ᠴᠡᠭ ᠢᠶᠠᠷ ᠎ ᠢᠶᠠᠨ ᠦᠷᠭᠦᠯᠵᠢᠯᠡᠭᠰᠡᠨ ᠪᠤᠯ ᠮᠣᠩᠭᠤᠯ ᠶᠡᠭᠡ ᠬᠠᠭᠠᠨᠳᠣ ᠤᠯᠤᠰ ᠪᠠᠷᠤᠭ ᠲᠦᠭ ᠲᠦᠮᠡᠨ ᠨᠠᠰᠣᠯᠠᠵᠤ ᠪᠤᠯᠬᠤ ᠪᠠᠶᠢᠭᠰᠠᠨ ᠶᠤᠮ﹀﹀ ᠭᠡᠵᠤ ᠲᠡᠮᠳᠡᠭᠯᠡᠪᠡ᠃ ᠬᠤᠶᠠᠳᠣᠭᠷ ᠬᠦᠪᠡᠭᠦᠨ ᠬᠤᠪᠢᠯᠠᠢ ᠨᠢ ᠲᠣᠮᠳᠠᠳᠣ ᠣᠷᠤᠨ ᠢ ᠨᠢᠭᠡᠳᠬᠡᠵᠤ᠂ ᠲᠠᠶᠢᠶᠣᠸᠠᠨ ᠣᠯᠤᠰ ᠤᠨ ᠲᠠᠶᠢᠽᠤ ᠬᠠᠭᠠᠨ ᠪᠤᠯᠪᠠ᠃ ᠭᠤᠷᠪᠠᠳᠣᠭᠠᠷ ᠬᠦᠪᠡᠭᠦᠨ ᠬᠦᠯᠦᠭ ︵ᠦᠯᠡᠬᠦ︶᠎ ᠨᠢ ᠢᠯ ᠬᠠᠭᠠᠨᠳᠣ ᠤᠯᠤᠰ ᠢ ᠪᠠᠶᠢᠭᠤᠯᠤᠨ ᠬᠠᠭᠠᠨ ᠰᠠᠭᠤᠪᠠ᠃ ᠣᠳᠬᠤᠨ ᠬᠦᠪᠡᠭᠦᠨ ᠠᠷᠢᠭᠪᠤᠬ᠎ᠠ ᠨᠢ ᠮᠤᠩᠭᠤᠯ ᠨᠤᠳᠤᠭ ᠢᠶᠠᠨ ᠡᠵᠡᠯᠡᠨ ᠰᠠᠭᠤᠭᠰᠠᠨ ᠪᠠᠶᠢᠨ᠎ᠠ᠃      ᠰᠣᠷᠬᠠᠭᠳᠠᠨᠢ ᠪᠠᠬᠢ ᠬᠠᠳᠣᠨ ᠭᠤᠶᠣ ᠦᠵᠡᠰᠭᠦᠯᠡᠩ᠂ ᠰᠡᠴᠡᠨ ᠰᠡᠷᠭᠦᠯᠡᠩ ᠮᠦᠷᠳᠡᠭᠡᠨ ᠣᠬᠠᠭᠠᠨ ᠪᠤᠳᠤᠯᠭ᠎ᠠ ᠭᠦᠨ᠂ ᠨᠠᠶᠢᠷ ᠰᠡᠳᠬᠢᠯᠭᠡ ᠵᠣᠵᠠᠭᠠᠨ᠂ ᠪᠠᠭᠳᠠᠭᠠᠮᠵᠢ ᠶᠡᠭᠡ ᠎ ᠲᠠᠢ ᠪᠠᠶᠢᠳᠠᠭ ᠢᠶᠠᠷ ᠢᠶᠠᠨ ᠲᠡᠯᠡᠬᠡᠢ ᠳ᠋ᠠᠬᠢᠨ ᠳᠤ ᠠᠯᠳᠠᠷᠰᠢᠪᠠ᠃ ᠦᠭᠡᠳᠡᠢ ᠬᠠᠭᠠᠨ ᠲᠡᠭᠦᠨ ᠤ ᠡᠷᠬᠢᠮ ᠲᠡᠭᠡᠳᠤ ᠵᠠᠩ ᠴᠢᠨᠠᠷ ᠬᠢᠭᠳ ᠤᠬᠠᠭᠠᠨ ᠪᠤᠳᠤᠯᠭ᠎ᠠ ᠶᠡᠭᠡ ᠶᠢ ᠪᠢᠰᠢᠷᠠᠵᠤ᠂ ᠲᠦᠷᠦ ᠭᠦᠷᠦᠨ ᠤ ᠴᠢᠬᠤᠯᠠ ᠶᠡᠭᠡ ᠬᠡᠷᠡᠭ ᠶᠠᠪᠤᠳᠠᠯ ᠎ ᠤᠳ ᠢ ᠲᠡᠭᠦᠨ ᠲᠠᠢ ᠵᠦᠪᠳᠡᠳᠡᠭ ᠪᠤᠯᠤᠭᠰᠠᠨ ᠶᠤᠮ᠃          ᠠᠷᠪᠠᠨ ᠵᠢᠷᠭᠤᠭ᠎ᠠ᠂ ᠰᠠᠶᠢᠨ ᠬᠠᠳᠣᠨ ᠪᠤᠷᠤᠭᠴᠢᠨ ᠭᠤᠸ᠎ᠠ           ᠪᠤᠷᠤᠭᠴᠢᠨ ᠭᠤᠸ᠎ᠠ ᠬᠠᠳᠣᠨ ᠪᠤᠯ ᠪᠠᠳᠣ ᠬᠠᠭᠠᠨ ᠤ ᠶᠡᠭᠡ ᠬᠠᠳᠣᠨ ᠪᠤᠯᠤᠨ᠎ᠠ᠃ ᠲᠡᠷᠡ ᠪᠠᠷ ᠭᠤᠶᠣ ᠭᠡᠭᠡᠨᠴᠢᠷ ᠮᠦᠷᠳᠡᠭᠡᠨ ᠠᠭᠤᠳᠠᠮᠴᠢ ᠪᠠᠭᠳᠠᠭᠠᠮᠵᠢᠳᠠᠢ ᠬᠠᠳᠣᠨ ᠪᠠᠶᠢᠵᠤ᠂ ᠬᠢᠪᠴᠠᠭ ᠬᠠᠭᠠᠨᠳᠣ ᠤᠯᠤᠰ ᠲᠤ ᠬᠦᠨᠳᠦᠳᠬᠡᠯᠳᠡᠢ ᠬᠠᠳᠣᠨ ᠪᠤᠯᠤᠭᠰᠠᠨ ᠪᠠᠷᠠᠬᠤ ᠦᠭᠡᠢ ᠶᠡᠭᠡ ᠮᠤᠩᠭᠤᠯ ᠬᠭᠠᠨᠳᠣ ᠤᠯᠤᠰ ᠲᠤ ᠴᠦ ᠲᠡᠭᠡᠭᠦᠷ ᠪᠠᠶᠢᠷᠢ ᠲᠠᠢ ᠦᠨᠡᠯᠡᠭᠳᠡᠵᠤ ᠪᠠᠶᠢᠭᠰᠠᠨ ᠶᠤᠮ᠃                ᠮᠤᠩᠭᠤᠯ ᠤᠨ ᠲᠡᠤᠬᠡᠨ ᠳᠤ᠂ ᠲᠤᠩ ᠤᠯᠠᠨ ᠰᠢᠯᠭᠠᠷᠭᠰᠠᠨ ᠮᠤᠩᠭᠤᠯ ᠡᠮᠡᠭᠳᠡᠶᠢᠴᠣᠳ ᠲᠦᠷᠦ ᠶᠢᠨ ᠡᠷᠬᠡ ᠠᠳᠬᠤᠵᠤ ᠦᠩᠭᠡᠷᠡᠭᠰᠡᠨ ᠪᠦᠭᠡᠳ ᠮᠤᠩᠭᠤᠯ ᠤᠨ ᠨᠡᠶᠢᠭᠡᠮ ᠲᠡᠤᠬᠡ ᠪᠠ ᠡᠪ ᠪᠦᠮᠬᠦᠮᠳᠡᠯ ᠳᠤ ᠪᠠᠯᠠᠷᠠᠰᠢ ᠦᠭᠡᠢ ᠭᠠᠪᠢᠶ᠎ᠠ ᠵᠢᠳᠬᠦᠯ ᠪᠠᠶᠢᠭᠤᠯᠤᠭᠰᠠᠨ ᠶᠤᠮ᠃ ᠪᠤᠷᠤᠭᠴᠢᠨ ᠭᠤᠸ᠎ᠠ ᠬᠠᠳᠤᠨ ᠪᠤᠯ ᠡᠳᠡᠭᠡᠷ ᠰᠢᠯᠭᠠᠷᠠᠭᠰᠠᠨ ᠮᠤᠩᠭᠤᠯ ᠡᠮᠡᠭᠳᠡᠶᠢᠴᠣᠳ ᠤᠨ ᠲᠣᠳᠣᠷᠠᠬᠢ ᠨᠢᠭᠡ ᠪᠤᠯᠤᠨ᠎ᠠ᠃ ᠲᠡᠷᠡ ᠪᠠᠳᠣ ᠬᠠᠭᠠᠨ ᠤ ᠲᠦᠷᠦ ᠶᠢᠨ ᠦᠢᠯᠡ ᠳᠤ ᠰᠢᠭᠤᠳ ᠣᠷᠤᠯᠴᠠᠵᠤ᠂ ᠣᠯᠠᠨ ᠰᠠᠶᠢᠬᠠᠨ ᠤᠬᠠᠭᠠᠨ ᠪᠤᠳᠤᠯᠭ᠎ᠠ ᠡᠷᠭᠦᠵᠤ᠂ ᠠᠯᠳᠠᠨ ᠣᠷᠳᠣᠳᠣ ᠬᠠᠭᠠᠨᠳᠣ ᠣᠯᠤᠰ ᠤᠨ ᠲᠦᠷᠦ ᠶᠢᠨ ᠡᠷᠬᠡ ᠶᠢ ᠪᠠᠬᠢᠵᠢᠭᠦᠯᠬᠦ᠂ ᠤᠯᠤᠰ ᠭᠡᠷ ᠤᠨ ᠡᠩᠬᠡ ᠲᠦᠪᠰᠢᠨ ᠢ ᠪᠠᠳᠣᠯᠠᠬᠤ ᠳᠤ ᠭᠢᠯᠠᠯᠵᠠᠭᠰᠠᠨ ᠣᠯᠠ ᠮᠦᠷ ᠢᠶᠠᠨ ᠦᠯᠡᠳᠡᠭᠡᠭᠰᠡᠨ ᠶᠤᠮ᠃ ᠪᠤᠷᠤᠭᠴᠢᠨ ᠭᠤᠸ᠎ᠠ ᠲᠦᠷᠦ ᠶᠢᠨ ᠡᠷᠬᠡ ᠶᠢ ᠠᠳᠬᠤᠭᠰᠠᠨ ᠤ ᠲᠠᠷᠠᠭ᠎ᠠ ᠴᠦ ᠣᠯᠠᠨ ᠰᠠᠶᠢᠬᠠᠨ ᠪᠤᠳᠤᠯᠭ᠎ᠠ ᠶᠢ ᠬᠡᠷᠡᠭᠵᠢᠭᠦᠯᠵᠤ ᠲᠦᠷᠦ ᠲᠦᠮᠡᠨ ᠳᠡᠭᠡᠨ ᠠᠯᠳᠠᠷᠰᠢᠵᠤ ᠶᠠᠪᠣᠭᠰᠠᠨ ᠶᠤᠮ᠃ ᠲᠡᠷᠡ ᠪᠤᠯ ᠪᠠᠳᠣ ᠬᠠᠭᠠᠨ ᠤ ᠰᠠᠶᠢᠨ ᠵᠦᠪᠯᠡᠭᠴᠢ ᠮᠦᠷᠳᠡᠭᠡᠨ ᠰᠢᠯᠭᠠᠷᠠᠭᠰᠠᠨ ᠵᠠᠯᠭᠠᠮᠵᠢᠯᠠᠭᠴᠢ ᠨᠢ ᠪᠤᠯᠤᠨ᠎ᠠ᠃          ᠠᠷᠪᠠᠨ ᠲᠤᠯᠤᠭ᠎ᠠ᠂ ᠤᠤᠭᠠᠯ ᠬᠠᠶᠢᠮᠢᠰᠢ ᠬᠠᠳᠣᠨ        ᠮᠣᠩᠭᠤᠯ ᠬᠠᠭᠠᠨᠳᠣ ᠤᠯᠤᠰ ᠤᠨ ᠲᠡᠤᠬᠡᠨ ᠳᠤ᠂ ᠣᠣᠭᠠᠯ ᠬᠠᠶᠢᠮᠢᠰᠢ ᠬᠠᠳᠣᠨ ᠪᠤᠯ ᠲᠦᠷᠦ ᠶᠢᠨ ᠡᠷᠬᠡ ᠶᠢ ᠠᠳᠬᠤᠭᠰᠠᠨ ᠬᠤᠶᠠᠳᠠᠭᠴᠢ ᠡᠮᠡᠭᠳᠡᠢ᠃ ᠬᠦᠶᠦᠭ ᠬᠠᠭᠠᠨ ᠨᠠᠰᠣ ᠪᠠᠷᠠᠭᠰᠠᠨ ᠤ ᠲᠠᠷᠠᠭ᠎ᠠ᠂ ᠬᠠᠭᠠᠨ ᠰᠠᠭᠤᠷᠢᠨ ᠢ ᠵᠠᠯᠭᠠᠮᠵᠢᠯᠠᠬᠤ ᠲᠤᠬᠢᠳᠠᠢ ᠬᠦᠮᠦᠨ ᠢ ᠰᠣᠩᠭᠤᠨ ᠲᠤᠭᠳᠠᠭᠠᠬᠤ ᠎ ᠠᠴᠠ ᠡᠮᠦᠨ᠎ᠡ᠂ ᠲᠡᠷᠡ ᠶᠡᠭᠡ ᠮᠣᠩᠭᠤᠯ ᠬᠠᠭᠠᠨᠳᠣ ᠤᠯᠤᠰ ᠢ ᠵᠠᠰᠠᠭᠯᠠᠵᠤ ᠶᠠᠪᠣᠭᠰᠠᠨ ᠠᠪᠢᠶᠠᠰᠯᠢᠭ ᠤᠯᠤᠰ ᠲᠦᠷᠦᠴᠢᠨ ᠡᠮᠡᠭᠳᠡᠢ ᠪᠤᠯᠤᠨ᠎ᠠ᠃         ᠠᠷᠪᠠᠨ ᠨᠠᠢᠮᠠ᠂ ᠭᠡᠭᠡᠨ ᠮᠡᠷᠭᠡᠨ ᠡᠶᠡᠪᠡᠷᠭᠦᠤ ᠪᠤᠭᠳᠠ ᠬᠠᠳᠣᠨ ᠴᠢᠮᠪᠠᠢ         ᠴᠢᠮᠪᠪᠠᠢ ︵ᠪᠠᠰᠠ ᠴᠢᠮᠪᠤᠢ᠂ ᠴᠠᠮᠪᠢ ᠭᠡᠳᠡᠭ︶ ᠬᠠᠳᠤᠨ ᠪᠤᠯ ᠮᠣᠩᠭᠤᠯ ᠤᠨ ᠲᠡᠤᠬᠡ ᠶᠢ ᠭᠡᠶᠢᠭᠦᠯᠦᠭᠰᠡᠨ ᠪᠠᠰᠠ ᠨᠢᠭᠡ ᠭᠡᠭᠡᠨ ᠮᠡᠷᠭᠡᠨ ᠡᠮᠡᠭᠳᠡᠢ ᠪᠤᠯᠤᠨ᠎ᠠ᠃ ᠲᠡᠷᠡ ᠶᠡᠭᠡ ᠶᠤᠸᠠᠨ ᠤᠯᠤᠰ ᠤᠨ ᠭᠤᠤᠯ ᠤᠷᠳᠤᠨ ᠤᠨ ᠬᠠᠳᠣᠨ ᠪᠤᠯᠵᠤ ᠶᠠᠪᠤᠬᠤ ᠳᠤ ᠪᠠᠨ ᠬᠤᠪᠢᠯᠠᠢ ᠰᠡᠴᠡᠨ ᠬᠠᠭᠠᠨ ᠵᠢᠴᠢ ᠲᠦᠷᠦ ᠶᠢᠨ ᠨᠤᠶᠠᠳ ᠲᠦᠰᠢᠮᠡᠳ ᠢ ᠶᠡᠬᠡᠬᠡᠨ ᠨᠦᠯᠦᠭᠡᠯᠡᠵᠤ᠂ ᠶᠡᠭᠡ ᠶᠣᠸᠠᠨ ᠤᠯᠤᠰ ᠤᠨ ᠲᠤᠭᠳᠠᠭᠤᠨ ᠪᠠᠶᠢᠳᠠᠯ ᠢ ᠬᠠᠮᠠᠭᠠᠯᠠᠵᠤ᠂ ᠶᠡᠭᠡ ᠶᠤᠸᠠᠨ ᠤᠯᠤᠰ ᠤᠨ ᠴᠡᠴᠡᠭᠯᠡᠨ ᠬᠦᠭᠵᠢᠯᠳᠡ ᠶᠢ ᠪᠡᠶᠡᠯᠡᠭᠦᠯᠬᠦ ᠳᠤ ᠠᠰᠣᠷᠤ ᠶᠡᠭᠡ ᠵᠢᠳᠭᠦᠯ ᠦᠵᠡᠭᠦᠯᠦᠨ᠂ ᠦᠶ᠎ᠡ ᠦᠶ᠎ᠡ ᠶᠢᠨ ᠬᠦᠮᠦᠰ ᠤᠨ ᠲᠠᠭᠤᠷᠢᠶᠠᠯ ᠪᠤᠯᠵᠤ ᠪᠠᠶᠢᠭᠰᠠᠨ ᠶᠤᠮ᠃ ᠴᠢᠮᠪᠠᠢ ᠬᠠᠳᠣᠨ ᠣᠬᠠᠭᠠᠨ ᠰᠡᠷᠭᠦᠯᠡᠩ᠂ ᠰᠡᠳᠬᠢᠯᠭᠡ ᠭᠦᠨ᠂ ᠣᠷᠠᠨ ᠠᠪᠢᠶᠠᠰᠯᠢᠭ᠂ ᠠᠵᠢᠯᠴᠢ ᠪᠤᠷᠤᠭᠵᠢᠭᠤᠨ᠂ ᠲᠦᠪ ᠭᠤᠤᠯᠴᠢ ᠠᠷᠪᠢᠴᠢ ᠭᠠᠮᠴᠢ ᠵᠡᠷᠭᠡ ᠲᠡᠭᠦᠰ ᠭᠤᠸ᠎ᠠ ᠰᠢᠯᠢᠳᠡᠭ ᠰᠣᠷᠳᠠᠯ ᠢ ᠪᠦᠷᠢᠯᠳᠦᠭᠦᠯᠦᠭᠰᠡᠨ ᠮᠦᠷᠳᠡᠭᠡᠨ ᠣᠯᠤᠰ ᠲᠦᠷᠦ ᠶᠢᠨ ᠬᠤᠯᠠ ᠬᠠᠷᠠᠴᠠ ᠲᠠᠢ ᠡᠮᠡᠭᠳᠡᠢ ᠪᠠᠶᠢᠭᠰᠠᠨ ᠪᠣᠯᠬᠤᠷ ᠬᠠᠭᠠᠨᠳᠣ ᠲᠦᠷ ᠨᠣᠶᠠᠳ ᠰᠠᠶᠢᠳ ᠠᠴᠠ ᠠᠷᠠᠳ ᠢᠷᠭᠡᠳ ᠲᠤ ᠬᠦᠷᠳᠡᠯ᠎ᠡ ᠶᠡᠬᠡᠳᠡ ᠲᠠᠭᠠᠯᠠᠭᠳᠠᠨ ᠬᠦᠨᠳᠦᠳᠬᠡᠭᠳᠡᠵᠤ᠂ ᠪᠤᠰᠣᠳ ᠠᠴᠠ ᠴᠣᠯᠭᠤᠷᠠᠭᠰᠠᠨ ᠡᠷᠬᠢᠮᠲᠡᠭᠡᠳᠣ ᠦᠢᠯᠡ ᠠᠵᠢᠯᠯᠠᠭ᠎ᠠ ᠨᠢ ︿︿ᠶᠤᠸᠠᠨ ᠤ ᠰᠣᠳᠣᠷ﹀﹀ ᠪᠤᠶᠤ ᠬᠠᠮᠢᠶ᠎ᠠ ᠪᠦᠬᠦᠢ ᠲᠡᠤᠬᠡ ᠱᠠᠰᠳᠠᠷ ᠲᠠᠢ ᠣᠯᠠᠨᠳᠠ ᠲᠡᠮᠳᠡᠭᠯᠡᠭᠳᠡᠵᠤ᠂ ᠭᠠᠳᠠᠭᠠᠳᠣ ᠲᠤᠳᠣᠭᠠᠳᠣ ᠶᠢᠨ ᠣᠯᠠᠨ ᠲᠡᠤᠬᠡᠴᠢᠨ ᠲᠡᠭᠦᠨ ᠎ ᠢ ᠬᠡᠮᠵᠢᠶ᠎ᠡ ᠪᠠᠷ ᠦᠨᠡᠯᠡᠭᠰᠡᠨ ᠪᠠᠶᠢᠳᠠᠭ᠃ ᠲᠡᠶᠢᠮᠤ ᠶᠢᠨ ᠲᠤᠯᠠ ᠴᠢᠮᠪᠠᠢ ᠬᠠᠳᠣᠨ ᠮᠣᠩᠭᠤᠯ ᠤᠨ ᠲᠡᠤᠬᠡᠨ ᠳᠤ ᠠᠯᠳᠠᠷᠰᠢᠵᠤ᠂ ᠬᠦᠮᠦᠰ ︿︿ᠭᠡᠭᠡᠨ ᠮᠡᠷᠭᠡᠨ ᠬᠠᠳᠣᠨ﹀﹀ ᠭᠡᠮᠡᠨ ᠬᠦᠨᠳᠦᠳᠬᠡᠨ ᠲᠡᠭᠡᠳᠦᠯᠡᠵᠤ ᠢᠷᠡᠭᠰᠡᠨ ᠶᠤᠮ᠃       ᠴᠢᠮᠪᠠᠢ ᠬᠠᠳᠣᠨ ᠪᠤᠯ ᠪᠤᠱᠤᠭ ᠬᠤᠩᠭᠢᠷᠠᠳ ᠠᠶᠢᠮᠠᠭ ᠤᠨ ᠬᠦᠮᠦᠨ᠂ ᠤᠯᠤᠰ ᠤᠨ ᠨᠠᠭᠠᠴᠣ ᠠᠯᠴᠢ ᠶᠢᠨ ᠦᠬᠢᠨ ᠪᠤᠯᠤᠨ᠎ᠠ᠃            ᠠᠷᠪᠠᠨ ᠶᠢᠰᠣ᠂ ᠲᠦᠷᠦ ᠬᠠᠮᠢᠶᠠᠷᠣᠭᠴᠢ ᠤᠷᠭᠠᠨ᠎ᠠ ᠬᠠᠳᠣᠨ         ᠤᠷᠭᠠᠨ᠎ᠠ ᠬᠠᠳᠣᠨ ᠪᠤᠯ ᠴᠠᠭᠠᠳᠠᠢ ᠎ ᠶᠢᠨ ᠬᠦᠤ ᠬᠠᠬ᠎ᠠ ᠬᠦᠯᠦᠭ ︵ᠬᠠᠷ᠎ᠠ ᠦᠯᠡᠬᠦ︶᠎ ᠤᠨ ᠬᠠᠳᠣᠨ ᠪᠤᠯᠤᠨ᠎ᠠ᠃ ᠤᠷᠭᠠᠨ᠎ᠠ ᠬᠠᠳᠣᠨ ᠣᠬᠠᠭᠠᠨ ᠴᠢᠳᠠᠯ ᠦᠩᠭᠡ ᠵᠢᠰᠣ ᠪᠦᠷᠢᠳᠦᠭᠰᠡᠨ ᠪᠦᠭᠡᠳ ᠬᠤᠯᠠ ᠶᠢᠨ ᠪᠤᠳᠤᠯᠭ᠎ᠠ ᠲᠠᠢ ᠭᠡᠮᠡᠨ ᠮᠤᠩᠭᠤᠯ ᠲᠠᠶᠠᠭᠠᠷ ᠲᠤ ᠮᠠᠭᠳᠠᠭᠳᠠᠵᠤ᠂1252 —1261 ᠤᠨ ᠬᠦᠷᠳᠡᠯ᠎ᠡ ᠠᠷᠪᠠᠨ ᠵᠢᠯ ᠲᠦᠷᠦ ᠪᠠᠷᠢᠪᠠ᠃ ᠣᠷᠭᠠᠨ᠎ᠠ ᠬᠠᠳᠣᠨ ᠪᠤᠯ ᠮᠤᠩᠭᠤᠯ ᠦᠨᠳᠣᠰᠦᠳᠡᠨ ‍ᠤ‌‍ᠲ᠋ᠡᠤᠬᠡᠨ ᠲᠡᠭᠡᠷᠡᠬᠢ ᠨᠢᠭᠡᠨ ᠭᠠᠷᠮᠠᠭᠠᠢ ᠡᠮᠡᠭᠳᠡᠢ ᠤᠯᠤᠰ ᠲᠦᠷᠦᠴᠢᠨ ᠪᠣᠯᠤᠨ᠎ᠠ᠃ ᠵᠠᠰᠠᠭ ᠪᠠᠷᠢᠵᠤ ᠪᠠᠶᠢᠭᠰᠠᠨ ᠬᠤᠭᠤᠴᠠᠭᠠᠨ ᠳᠤ᠂ ᠤᠯᠤᠰ ᠲᠦᠷᠦ ᠶᠢᠨ ᠬᠢᠮᠣᠷᠠᠯ ᠭᠠᠷᠴᠣ ᠴᠠᠭ ᠤᠨ ᠪᠠᠶᠢᠳᠠᠯ ᠲᠦᠢᠯ ᠤᠨ ᠣᠷᠪᠠᠭᠠᠨ ᠬᠦᠷᠪᠡᠭᠡᠨ ᠲᠠᠢ ᠪᠠᠶᠢᠭᠰᠠᠨ ᠴᠦ᠂ ᠲᠡᠷᠡ ᠪᠠᠷ ᠪᠣᠰᠣᠳ ᠡᠮᠡᠭᠳᠡᠶᠢᠴᠣᠳ ᠲᠤ ᠪᠠᠶᠢᠭ᠎ᠠ ᠦᠭᠡᠢ ᠶᠡᠷᠣ ᠪᠣᠰᠣ ᠶᠢᠨ ᠤᠬᠠᠭᠠᠨ ᠪᠣᠳᠤᠯᠭ᠎ᠠ ᠪᠠᠷ ᠴᠠᠭᠠᠳᠠᠢ ᠬᠠᠭᠠᠨᠳᠣ ᠣᠯᠤᠰ ᠤᠨ ᠢᠶᠠᠨ ᠠᠰᠢᠭ ᠲᠣᠰᠠ ᠶᠢ ᠬᠠᠮᠠᠭᠠᠯᠠᠵᠤ᠂ ᠲᠦᠯ ᠣᠭᠰᠠᠭᠠᠨ ᠤ ᠲᠤᠳᠤᠷᠠᠬᠢ ᠬᠤᠷᠴᠠ ᠰᠢᠷᠦᠭᠦᠨ ᠵᠦᠷᠢᠴᠡᠯ ᠮᠦᠷᠭᠦᠯᠳᠦᠭᠡᠨ ᠢ ᠭᠤᠣᠯᠴᠢ ᠪᠠᠷ ᠰᠰᠢᠳᠪᠤᠷᠢᠯᠠᠨ᠂ ᠲᠦᠷᠦ ᠤᠯᠤᠰ ᠤᠨ ᠢᠶᠠᠨ ᠲᠤᠭᠳᠠᠭᠤᠨ ᠪᠠᠶᠢᠳᠠᠯ ᠢ ᠬᠠᠮᠠᠭᠠᠯᠠᠵᠤ ᠪᠠᠶᠢᠵᠡᠢ᠃          ᠬᠤᠷᠢ᠂ ᠬᠤᠳᠠᠯᠠ ᠴᠠᠭᠠᠨ ᠭᠦᠩᠵᠤ ᠠᠶᠠᠷᠤᠭ       ᠠᠶᠠᠷᠤᠭ ᠪᠤᠯ ᠦᠭᠡᠳᠡᠢ ᠬᠠᠭᠠᠨ ᠤ ᠲᠠᠪᠣᠳᠣᠭᠠᠷ ᠬᠦᠪᠡᠭᠦᠨ ᠬᠠᠰᠢᠨ ᠤ ᠬᠦᠤ ᠬᠠᠶᠢᠳᠣ ᠶᠢᠨ ᠦᠬᠢᠨ᠃ ᠲᠡᠷᠡ ᠬᠠᠷᠠᠬᠠᠨ ᠪᠠᠭ᠎ᠠ ᠠᠴᠠ ᠪᠠᠨ ᠡᠴᠢᠭᠡ ᠪᠠᠨ ᠲᠠᠭᠠᠵᠤ ᠲᠠᠶᠢᠨ ᠪᠠᠶᠢᠯᠳᠣᠭᠠᠨ ᠳᠤ ᠤᠷᠤᠬᠤ ᠪᠤᠶᠤ ᠠᠪᠠ ᠠᠩ ᠳᠤ ᠶᠠᠪᠤᠳᠠᠭ ᠪᠤᠯᠬᠤᠷ ᠡᠷᠡᠮᠡᠬᠡᠢ ᠬᠡᠤᠬᠡᠨ ᠪᠤᠯᠵᠡᠢ᠂ ᠲᠡᠭᠦᠨ ᠎ ᠳᠤ ᠢᠯᠠᠭᠳᠠᠰᠢ ᠦᠭᠡᠢ ᠶᠡᠭᠡ ᠪᠢᠷ᠎ᠠ ᠴᠢᠳᠠᠯ ᠲᠠᠢ ᠪᠤᠯᠬᠤᠷ ᠲᠡᠭᠦᠨ ᠢ ᠪᠠᠶᠢᠯᠳᠣᠵᠤ ᠲᠡᠶᠢᠯᠦᠭᠰᠡᠨ ᠬᠦᠮᠦᠨ ᠬᠠᠷᠠᠬᠠᠨ ᠭᠠᠷᠣᠭᠰᠠᠨ ᠦᠭᠡᠢ᠃ ᠲᠡᠷᠡ ᠣᠯᠠᠨ ᠠᠷᠪᠢᠨ ᠨᠡᠷᠡᠳᠣ ᠪᠦᠬᠡᠴᠣᠳ ᠢ ᠬᠠᠶᠠᠵᠤ ᠤᠷᠬᠢᠭᠰᠡᠨ ᠭᠡᠳᠡᠭ᠃ ᠢᠩᠬᠢᠭᠡᠳ ᠮᠤᠩᠭᠤᠯ ᠤᠨ ᠲᠡᠤᠬᠡᠨ ᠳᠤ ︿︿ᠬᠤᠳᠠᠯᠠ ᠴᠠᠭᠠᠨ ᠭᠦᠩᠵᠤ﹀﹀ ᠭᠡᠮᠡᠨ ᠠᠯᠳᠠᠷᠰᠢᠪᠠ᠃        ᠬᠤᠷᠢᠨ ᠨᠢᠭᠡ᠂ ᠠᠭᠤᠤ ᠦᠷᠦᠰᠢᠶᠡᠩᠭᠦᠢ ᠦᠭᠭᠢᠶᠡᠮᠦᠷ ᠡᠯᠪᠡᠭ ᠪᠤᠭᠳᠠ ᠬᠠᠳᠣᠨ ᠬᠦᠬᠡᠴᠢᠨ        ᠬᠦᠬᠡᠴᠢᠨ ᠬᠠᠳᠣᠨ ᠪᠤᠯ ᠶᠡᠭᠡ ᠶᠤᠸᠠᠨ ᠤᠯᠤᠰ ᠤᠨ ᠲᠡᠤᠬᠡᠨ ᠲᠡᠭᠡᠷᠡ ︿︿ᠲᠦᠷᠦ ᠶᠢᠨ ᠲᠦᠰᠢᠶ᠎ᠡ ᠬᠠᠳᠣᠨ﹀﹀ ᠭᠡᠮᠡᠬᠦ ᠠᠯᠳᠠᠷ ᠢ ᠬᠦᠷᠳᠡᠭᠰᠡᠨ ᠭᠠᠷᠮᠠᠭᠠᠢ ᠣᠯᠤᠰ ᠲᠦᠷᠦᠴᠢᠨ ᠪᠤᠯᠤᠨ᠎ᠠ᠃ ᠲᠡᠷᠡ ᠲᠦᠷᠦᠯᠬᠢ ᠶᠢᠨ ᠰᠡᠴᠡᠨ ᠰᠡᠷᠭᠦᠯᠡᠩ᠂ ᠪᠤᠳᠤᠯᠭ᠎ᠠ ᠭᠦᠨ᠂ ᠲᠦᠪ  ᠎ ᠢ ᠪᠠᠷᠢᠮᠳᠠᠯᠠᠳᠠᠭ  ᠭᠤᠤᠯᠴᠢ ᠴᠢᠬᠡᠴᠢ ᠬᠠᠳᠣᠨ ᠪᠠᠶᠢᠵᠤ᠂ ᠲᠦᠷᠦ ᠶᠢᠨ ᠦᠢᠯᠡ ᠳᠤ ᠴᠢᠳᠠᠮᠠᠭᠠᠢ ᠪᠠᠶᠢᠳᠠᠭ ᠢᠶᠠᠷ ᠢᠶᠠᠨ ᠨᠡᠷ᠎ᠡ ᠠᠯᠳᠠᠷᠰᠢᠨ ᠬᠠᠭᠠᠨ ᠣᠭᠰᠠᠭ᠎ᠠ ᠪᠠ ᠲᠦᠰᠢᠮᠡᠳ ᠰᠠᠶᠢᠳ᠂ ᠠᠷᠠᠳ ᠢᠷᠭᠡᠳ ᠤᠨ ᠬᠦᠨᠳᠦᠳᠬᠡᠯ ᠪᠢᠰᠢᠷᠡᠯ ᠢ ᠤᠯᠤᠭᠰᠠᠨ ᠶᠤᠮ᠃ ᠲᠡᠷᠡ᠂ ᠬᠤᠪᠢᠯᠡᠢ ᠬᠠᠭᠠᠨ ᠤᠨ ᠲᠠᠷᠠᠭᠠᠪᠠᠷ ᠬᠠᠭᠠᠰ ᠵᠢᠯ ᠲᠦᠷᠦ ᠪᠠᠷᠢᠵᠤ᠂ ᠲᠦᠷᠦ ᠲᠦᠮᠡᠨ ᠤ ᠬᠦᠷᠢᠶᠡᠯᠡᠯ ᠢ ᠤᠯᠵᠤ ᠪᠠᠶᠢᠭᠰᠠᠨ ᠪᠦᠭᠡᠳ ᠦᠢᠯᠵᠡᠶᠢᠳᠣ ᠬᠠᠭᠠᠨ ᠬᠠᠶᠢᠰᠠᠩ  ᠬᠦᠯᠦᠭ ᠬᠠᠭᠠᠨ ᠤ ᠦᠶ᠎ᠡ ᠳᠤ᠂ ᠲᠦᠷᠦ ᠶᠢᠨ ᠲᠦᠰᠢᠶ᠎ᠡ ᠣᠯᠤᠰ ᠤᠨ ᠡᠬᠡ ᠪᠤᠯᠵᠤ᠂ ᠲᠦᠷᠦ ᠤᠯᠤᠰ ᠤᠨ ᠣᠯᠠᠨ ᠬᠡᠷᠡᠭ ᠢ ᠲᠣᠭᠳᠠᠭᠠᠬᠤ ᠳᠤ ᠵᠠᠩᠭᠢᠯᠠᠭ᠎ᠠ ᠶᠢᠨ ᠦᠢᠯᠡᠳᠦᠯ ᠦᠵᠡᠭᠦᠯᠵᠤ᠂ ᠮᠣᠩᠭᠤᠯ ᠡᠮᠡᠭᠳᠡᠢ ᠎ ᠶᠢᠨ ᠴᠣᠯᠭᠤᠷᠠᠭᠰᠠᠨ ᠠᠯᠳᠠᠷ ᠢ ᠬᠦᠬᠡ ᠰᠣᠳᠣᠷ ᠲᠤ ᠲᠡᠮᠳᠡᠭᠯᠡᠭᠦᠯᠦᠭᠰᠡᠨ ᠶᠤᠮ᠃ ᠬᠦᠬᠡᠴᠢᠨ ᠬᠠᠳᠣᠨ ᠪᠣᠯ ᠬᠤᠩᠭᠢᠷᠠᠳ ᠠᠶᠢᠮᠠᠭ ᠤᠨ ᠬᠦᠮᠦᠨ᠂ ᠪᠠᠰᠠ ᠪᠠᠶᠢᠯᠠᠮ ᠡᠭᠡᠴᠢ ᠭᠡᠳᠡᠭ᠃ ᠲᠡᠷᠡ ᠴᠢᠩᠭᠢᠮ ᠲᠠᠢ ᠬᠤᠷᠢᠮᠯᠠᠭᠠᠳ ᠭᠤᠷᠪᠠᠨ ᠬᠦᠪᠡᠭᠦᠨ ᠲᠠᠢ ᠪᠤᠯᠪᠠ᠃ ᠲᠠᠷᠦᠢ ᠭᠠᠮᠠᠯᠠ᠂ ᠲᠠᠷᠠᠮᠪᠠᠯᠠ᠂ ᠲᠡᠮᠦᠷ ᠪᠤᠯᠤᠨ᠎ᠠ᠃ ᠲᠡᠮᠦᠷ ᠨᠢ ᠬᠤᠪᠢᠯᠠᠢ ᠬᠠᠭᠠᠨ ᠤ ᠰᠠᠭᠤᠷᠢᠨ ᠢ ᠵᠠᠯᠭᠠᠮᠵᠢᠯᠠᠭᠰᠠᠨ ᠦᠯᠵᠡᠶᠢᠳᠣ ᠬᠠᠭᠠᠨ ᠪᠤᠯᠤᠨ᠎ᠠ᠃        ᠬᠤᠷᠢᠨ ᠬᠤᠶᠠᠷ᠂ ᠪᠤᠯᠤᠭᠠᠨ ᠬᠠᠳᠣᠨ        ᠪᠤᠯᠤᠭᠠᠨ ᠬᠠᠳᠣᠨ ᠪᠤᠯ ᠶᠡᠭᠡ ᠶᠤᠸᠠᠨ ᠤᠯᠤᠰ ᠤᠨ ᠲᠡᠤᠬᠡᠨ ᠳᠠᠬᠢ ᠪᠠᠰᠠ ᠨᠢᠭᠡᠨ ᠰᠣᠣᠳᠣ ᠡᠮᠡᠭᠳᠡᠢ ᠪᠤᠯᠬᠤ ᠶᠤᠮ᠃ ᠦᠯᠵᠡᠶᠢᠳᠣ ᠲᠡᠮᠤᠷ ᠬᠠᠭᠠᠨ ᠤ ᠬᠠᠳᠣᠨ᠃ ᠲᠡᠮᠦᠷ ᠬᠠᠭᠠᠨ ᠰᠡᠭᠦᠯᠴᠢ ᠶᠢᠨ ᠦᠶ᠎ᠡ ᠳᠤ ᠬᠦᠨᠳᠣ ᠡᠪᠡᠳᠴᠢᠯᠡᠵᠤ᠂ ᠲᠦᠷᠦ ᠶᠢᠨ ᠬᠡᠷᠡᠭ ᠢ ᠰᠢᠳᠬᠡᠵᠤ ᠲᠡᠶᠢᠯᠬᠦ ᠦᠭᠡᠢ ᠪᠤᠯᠤᠭᠰᠠᠨ ᠦᠶ᠎ᠡ ᠳᠤ ᠪᠤᠯᠤᠭᠠᠨ ᠬᠠᠳᠣᠨ ᠲᠦᠷᠦ ᠶᠢ ᠵᠠᠰᠠᠭᠯᠠᠵᠤ᠂ ᠬᠡᠷᠡᠭ ᠶᠠᠪᠣᠳᠠᠯ ᠢ ᠲᠦᠪ ᠴᠢᠬᠡᠴᠢ ᠪᠠᠷ ᠰᠢᠢᠳᠪᠤᠷᠢᠯᠡᠳᠡᠭ ᠠᠴᠠ ᠲᠦᠷᠦ ᠲᠦᠮᠡᠨ ᠤ ᠲᠠᠭᠠᠰᠢᠶᠠᠯ ᠢ ᠤᠯᠵᠤ᠂ ᠬᠠᠭᠠᠴᠨ ᠲᠦᠷᠦ ᠳᠤ ᠠᠰᠣᠷᠤ ᠶᠡᠭᠡ ᠨᠡᠷ᠎ᠡ ᠬᠦᠨᠳᠣ ᠪᠠ ᠡᠷᠬᠡ ᠮᠡᠳᠡᠯ ᠲᠠᠢ ᠪᠠᠶᠢᠵᠡᠢ᠃        ᠬᠤᠷᠢᠨ ᠭᠤᠷᠪᠠ᠂ ᠣᠷᠠᠯᠢᠭ ᠤᠨ ᠲᠠᠭᠢᠨᠢ  ᠰᠡᠩᠭᠡ ᠭᠦᠩᠵᠤ          ᠰᠡᠩᠭᠡ ᠭᠦᠩᠵᠤ ᠪᠤᠯ ᠶᠣᠸᠠᠨ ᠤᠯᠤᠰ ᠤᠨ ᠦᠶ᠎ᠡ ᠶᠢᠨ ᠠᠯᠳᠠᠷᠳᠣ ᠣᠷᠠᠯᠢᠭᠴᠢᠨ ᠪᠤᠯᠤᠨ᠎ᠠ᠃ ᠲᠡᠷᠡ ᠪᠠᠷ ᠲᠣᠬᠠᠢ ᠶᠢᠨ ᠦᠶ᠎ᠡ ᠶᠢᠨ ᠮᠠᠰᠢ ᠣᠯᠠᠨ ᠨᠡᠷᠡᠳᠣ ᠵᠢᠷᠤᠭ᠂ ᠣᠷᠠᠨ ᠪᠢᠴᠢᠮᠡᠯ ᠢ ᠬᠤᠷᠢᠶᠠᠨ ᠬᠠᠳᠠᠭᠠᠯᠵᠤ᠂ ᠬᠤᠶᠢᠴᠢ ᠦᠶ᠎ᠡ ᠶᠢᠨ ᠬᠢᠨ ᠳᠤ ᠰᠣᠶᠤᠯ ᠤᠨ ᠦᠪ ᠪᠤᠯᠭᠠᠨ ᠦᠯᠡᠳᠡᠭᠡᠭᠰᠡᠨ ᠶᠤᠮ᠃ ᠰᠡᠩᠭᠭᠡ  ᠭᠦᠩᠵᠤ ᠪᠤᠯ1283 ᠤᠨ ᠳᠤ ᠲᠠᠶᠢᠳᠣ ᠬᠤᠳᠠᠨ᠎ᠠ ᠲᠦᠷᠦᠵᠤ᠂ ᠡᠴᠢᠭᠡ ᠨᠢ ᠬᠤᠪᠢᠯᠠᠢ ᠰᠡᠴᠡᠨ ᠬᠠᠭᠠᠨ ᠤ ᠤᠮᠪᠤᠯᠣ ᠬᠦᠪᠡᠭᠦᠨ ᠲᠠᠷᠮᠠᠪᠠᠯᠠ ᠪᠤᠯᠤᠨ᠎ᠠ᠂ ᠡᠬᠡ ᠨᠢ ᠳ᠋ᠠᠵᠡᠢ ᠬᠠᠳᠣᠨ᠂ ᠪᠣᠱᠣᠭᠳᠣ ᠬᠤᠩᠭᠢᠷᠠᠳ ᠤᠪᠤᠭ ᠲᠠᠢ        ᠬᠤᠷᠢᠨ ᠲᠦᠷᠪᠡ᠂ ᠦᠯᠵᠡᠶᠢᠳᠣ ᠭᠤᠸ᠎ᠠ ᠬᠠᠳᠣᠨ           ᠦᠯᠵᠡᠶᠢᠳᠣ ᠭᠤᠸ᠎ᠠ ᠬᠠᠳᠣᠨ ᠪᠤᠯ ᠤᠮᠠᠷᠠᠳᠣ ᠶᠣᠸᠠᠨ ᠣᠯᠤᠰ ᠤᠨ ᠦᠶ᠎ᠡ ᠳᠠᠬᠢ ᠠᠯᠳᠠᠷ ᠮᠠᠨᠳᠣᠭᠰᠡᠨ ᠵᠢᠷᠤᠮᠳᠣ ᠡᠮᠡᠭᠳᠡᠢ ᠪᠤᠯᠤᠨ᠎ᠠ᠃ ᠦᠯᠵᠡᠶᠢᠳᠣ ᠭᠤᠸ᠎ᠠ ᠬᠠᠳᠤᠨ ᠪᠤᠯ ᠭᠤᠸ᠎ᠠ ᠦᠵᠡᠰᠭᠦᠯᠡᠩ ᠢᠶᠠᠷ ᠪᠠᠷᠠᠬᠤ ᠦᠭᠡᠢ ᠰᠡᠴᠡᠨ ᠰᠡᠷᠭᠦᠯᠡᠩ᠂ ᠡᠷᠡᠮᠡᠬᠡᠢ ᠵᠤᠷᠢᠭ ᠲᠠᠢ ᠡᠮᠡᠭᠳᠡᠢ ᠪᠤᠯᠤᠨ᠎ᠠ᠃ ᠲᠡᠷᠡ ᠬᠠᠭᠠᠨ ᠣᠷᠳᠣᠨ ᠤ ᠪᠠᠶᠠᠨ ᠡᠷᠬᠢᠮ ᠪᠠ ᠰᠦᠷ ᠭᠡᠷᠡᠯ ᠳᠤ ᠲᠣᠷᠠᠯᠠᠭᠰᠠᠨ ᠦᠭᠡᠢ᠃ ᠦᠬᠦᠵᠤ ᠰᠡᠬᠡᠬᠦ ᠪᠠᠨ ᠦᠯᠤ ᠬᠠᠶᠢᠬᠤᠷᠤᠨ᠂ ᠡᠷ᠎ᠡ ᠨᠦᠬᠦᠷ ᠤᠨ ᠢᠶᠠᠨ ᠦᠰᠢᠶ᠎ᠡ ᠶᠢ ᠠᠪᠴᠣ᠂ ᠮᠤᠩᠭᠤᠯ ᠤᠨ ᠲᠡᠤᠬᠡᠨ ᠳᠤ ︿︿ᠵᠢᠷᠤᠮᠳᠣ ᠡᠮᠡᠭᠳᠡᠢ﹀﹀ ᠭᠡᠮᠡᠨ ᠠᠯᠳᠠᠷᠰᠢᠪᠠ᠃        ᠬᠤᠷᠢᠨ ᠲᠠᠪᠤ᠂ ᠪᠤᠳᠤᠯᠭᠠᠳᠣ ᠮᠡᠷᠭᠡᠨ ᠰᠠᠮᠣᠷ ᠭᠦᠩᠵᠤ          ᠰᠠᠮᠤᠷ ᠭᠦᠩᠵᠤ ᠪᠤᠯ ᠣᠮᠠᠷᠠᠳᠣ ᠶᠣᠸᠠᠨ ᠎ ᠤ ᠲᠡᠤᠬᠡᠨ ᠳᠤ ᠠᠯᠳᠠᠷ ᠮᠠᠨᠳᠣᠭᠰᠠᠨ ᠭᠠᠪᠢᠶᠠᠳᠣ ᠡᠮᠡᠭᠳᠡᠢ ᠪᠤᠯᠤᠨ᠎ᠠ᠃ ᠲᠡᠷᠡ ᠪᠠᠷ᠂ ᠴᠢᠩᠭᠢᠰ ᠬᠠᠭᠠᠨ ᠤ ᠪᠠᠶᠢᠭᠤᠯᠤᠭᠰᠠᠨ ᠶᠡᠭᠡ ᠮᠣᠩᠭᠤᠯ ᠤᠨ ᠲᠤᠯᠭᠤᠷ ᠲᠦᠷᠦ ᠬᠠᠭᠠᠴᠠᠯ ᠵᠠᠳᠠᠷᠠᠯ ᠤᠨ ︿︿ᠬᠠᠷᠠᠩᠭᠤᠢ ᠦᠶ᠎ᠡ﹀﹀᠎ ᠳᠤ ᠰᠡᠴᠡᠨ ᠰᠡᠷᠭᠦᠯᠡᠩ ᠠᠷᠭ᠎ᠠ ᠰᠠᠮᠪᠠᠭ᠎ᠠ᠂ ᠵᠦᠢᠷᠯᠡᠰᠢ ᠦᠭᠡᠢ ᠣᠬᠠᠭᠠᠨ ᠪᠤᠳᠤᠯᠭ᠎ᠠ ᠪᠠᠷ ᠬᠤᠶᠠᠷ ᠤᠳᠠᠭ᠎ᠠ ᠠᠪᠣᠷᠠᠵᠤ᠂ ᠴᠢᠩᠭᠢᠰ ᠡᠪᠦᠭᠡ ᠶᠢᠨ ᠪᠠᠨ ᠴᠢᠰᠣ ᠶᠢ ᠦᠪᠯᠡᠵᠤ ᠲᠦᠷᠦᠭᠰᠡᠨ ᠤ ᠬᠤᠪᠢ ᠳᠤ ᠶᠡᠭᠡ ᠠᠯᠳᠠᠷ ᠢ ᠨᠢ ᠭᠤᠳᠣᠭᠠᠯ ᠦᠭᠡᠢ ᠮᠠᠨᠳᠣᠭᠤᠯᠵᠤ ᠶᠠᠪᠤᠭᠰᠠᠨ ᠢᠶᠠᠷ ᠦᠢᠷᠠᠳ — ᠮᠤᠩᠭᠤᠯ ᠤᠨ ᠲᠡᠤᠬᠡᠨ ᠳᠤ ᠣᠯᠠᠨ ᠰᠠᠶᠢᠬᠠᠨ ᠲᠤᠮᠤᠭ ᠦᠯᠡᠳᠡᠭᠡᠭᠰᠡᠨ ᠶᠤᠮ᠃ ᠰᠠᠮᠤᠷ ᠭᠦᠩᠵᠤ ᠪᠤᠯ ᠴᠢᠩᠭᠢᠰ ᠬᠠᠭᠠᠨ ᠬᠤᠶᠢᠴᠢ ᠣᠭᠰᠠᠭᠠᠨ ᠤ ᠡᠯᠪᠡᠭ ᠨᠢᠭᠦᠯᠰᠦᠩᠭᠦᠢ ᠬᠠᠭᠠᠨ ᠤ ᠦᠬᠢᠨ᠃        ᠬᠤᠷᠢᠨ ᠨᠠᠢᠮᠠ᠂ ᠮᠠᠨᠳᠣᠬᠠᠢ ᠰᠡᠴᠡᠨ ᠬᠠᠳᠣᠨ᠂ ᠮᠠᠨᠳᠣᠬᠠᠢ ᠰᠡᠴᠡᠨ ᠬᠠᠳᠣᠨ ᠪᠤᠯ ᠮᠤᠩᠭᠤᠯᠴᠣᠳ ᠤᠨ ᠬᠦᠨᠳᠣᠳᠬᠡᠨ ᠰᠢᠳᠦᠳᠡᠭ ᠡᠷᠳᠡᠨ ᠤ ᠭᠤᠷᠪᠠᠨ ᠠᠭᠤᠣ ᠡᠮᠡᠭᠳᠡᠢ ᠶᠢᠨ ᠨᠢᠭᠡ ᠪᠤᠯᠤᠨ᠎ᠠ᠃ ᠲᠡᠷᠡ ᠵᠦᠢᠷᠯᠡᠰᠢ ᠦᠭᠡᠢ ᠠᠤᠭ᠎ᠠ ᠵᠤᠷᠢᠭ ᠪᠠ ᠴᠡᠴᠡᠨ ᠣᠬᠠᠭᠠᠨ ᠢᠶᠠᠷ ᠴᠢᠩᠬᠢᠰ ᠬᠠᠭᠠᠨ ᠤ ᠣᠷᠤᠭ ᠤᠨ ᠲᠠᠰᠣᠷᠮᠠᠷ ᠪᠠᠶᠢᠭᠰᠠᠨ ᠮᠤᠩᠭᠤᠯ ᠬᠠᠭᠠᠨᠳᠣ ᠲᠦᠷᠦ ᠶᠢ ᠵᠠᠯᠭᠠᠭᠤᠯᠵᠤ᠂ ᠵᠠᠭᠤ ᠰᠢᠬᠠᠮ ᠵᠢᠯ ᠦᠷᠭᠦᠯᠵᠢᠯᠡᠭᠰᠡᠨ ᠮᠣᠩᠭᠤᠯ ᠤᠨ ᠨᠡᠶᠢᠭᠡᠮ ᠤᠨ ᠬᠠᠭᠠᠴᠠᠯ ᠵᠠᠳᠠᠷᠠᠯ ᠤᠨ ᠬᠠᠷᠠᠩᠭᠤᠢ ᠲᠡᠤᠬᠡ ᠶᠢ ᠡᠴᠦᠰᠯᠡᠭᠦᠯᠦᠨ᠂ ᠲᠠᠷᠬᠠᠢ ᠪᠣᠳᠠᠷᠬᠠᠢ ᠮᠣᠩᠭᠤᠯ ᠤᠨ ᠠᠶᠢᠮᠠᠭ ᠤᠭᠰᠠᠭ᠎ᠠ ᠎ ᠨᠤᠭᠤᠳ ᠢ ᠨᠢᠭᠡᠨ ᠵᠢᠯᠤᠭᠤᠨ ᠳᠤ ᠬᠤᠷᠢᠶᠠᠭᠰᠠᠨ ᠢᠶᠠᠷ ᠪᠠᠷᠠᠬᠤ ᠦᠭᠡᠢ᠂ ᠮᠤᠩᠭᠤᠯ ᠤᠨ ᠨᠡᠶᠢᠭᠡᠮ ᠤᠨ ᠬᠦᠭᠵᠢᠯᠳᠡ ᠎ ᠶᠢᠨ ᠭᠡᠷᠡᠯ ᠰᠠᠴᠣᠷᠠᠭᠰᠠᠨ ᠰᠢᠨ᠎ᠡ ᠨᠢᠭᠡᠨ ᠬᠠᠭᠤᠳᠠᠰᠤ ᠲᠡᠯᠭᠡᠭᠳᠡᠬᠦ ᠳᠤ ᠲᠠᠶᠢᠪᠣᠩ ᠰᠠᠶᠢᠬᠠᠨ ᠨᠦᠬᠦᠴᠡᠯ ᠢ  ᠪᠦᠷᠢᠯᠳᠦᠭᠦᠯᠦᠨ ᠦᠭᠴᠡᠢ᠃     ᠲᠡᠷᠡ ᠪᠤᠯ ᠨᠢᠭᠡᠨ ᠰᠢᠯᠭᠠᠷᠠᠭᠰᠠᠨ ᠣᠯᠤᠰ ᠲᠦᠷᠦᠴᠢᠨ ᠮᠦᠷᠳᠡᠭᠡᠨ ᠴᠣᠯᠭᠤᠷᠠᠭᠰᠠᠨ ᠴᠡᠷᠢᠭ ᠲᠠᠶᠢᠨ ᠤ ᠪᠤᠳᠤᠯᠭᠠᠳᠠᠨ᠂ ᠠᠯᠳᠠᠷᠳᠣ ᠨᠡᠶᠢᠭᠡᠮ ᠤᠨ ᠵᠢᠳᠭᠦᠯᠳᠡᠨ ᠪᠤᠯᠤᠨ᠎ᠠ᠃ ᠮᠠᠨᠳᠣᠬᠠᠢ ᠰᠡᠴᠡᠨ ᠬᠠᠳᠣᠨ ᠪᠤᠯ ᠲᠦᠮᠡᠳ ᠤᠨ ᠡᠩᠬᠦᠳ ᠤᠨ ᠬᠦᠮᠦᠨ᠃1447 ᠤᠨ ᠳᠤ ᠮᠡᠳᠦᠯᠡᠪᠡ᠃ ᠲᠡᠭᠦᠨ ᠤ ᠡᠴᠢᠭᠡ ᠨᠢ ᠴᠣᠷᠣᠰᠪᠠᠢ ᠲᠡᠮᠤᠷ ᠴᠢᠩᠰᠠᠩ ᠭᠡᠳᠡᠭ᠃ ᠮᠠᠨᠳᠣᠭᠤᠯ ᠬᠠᠭᠠᠨ ︵1463 —1467︶᠎ ᠤ ᠪᠠᠭ᠎ᠠ ᠬᠠᠳᠣᠨ ᠨᠢ ᠪᠤᠯᠤᠨ᠎ᠠ᠃          ᠮᠠᠨᠳᠣᠬᠠᠢ ᠰᠡᠴᠡᠨ ᠬᠠᠳᠣᠨ ᠭᠤᠴᠢᠨ ᠭᠤᠷᠪᠠᠨ ᠨᠠᠰᠣ ᠲᠠᠢ ᠦᠶ᠎ᠡ ᠳᠡᠭᠡᠨ ᠴᠢᠩᠭᠢᠰ ᠤᠨ ᠠᠯᠳᠠᠨ ᠣᠷᠤᠭᠳᠠᠨ ᠤ ᠬᠤᠶᠢᠴᠢᠰ ᠪᠤᠯᠬᠤ ᠪᠠᠳᠣᠮᠦ᠋ᠩᠬᠡ ︵1474 —1533︶᠎ ᠶᠢ ᠡᠷᠭᠦᠨ ᠲᠡᠳᠬᠦᠵᠤ ᠪᠣᠳᠠᠷᠠᠭᠰᠠᠨ ᠣᠯᠤᠰ ᠢ ᠨᠢ ᠬᠤᠷᠢᠶᠠᠨ᠂ ᠲᠤᠯᠭᠤᠷ ᠲᠦᠷᠦ ᠶᠢ ᠨᠢ ᠴᠣᠭᠴᠠᠯᠠᠨ ᠦᠭᠴᠣ᠂ ᠮᠤᠩᠭᠤᠯ ᠤᠨ ᠲᠡᠤᠬᠡᠨ ᠳᠠᠬᠢ ᠬᠤᠶᠠᠳᠣᠭᠠᠷ ᠣᠳᠠᠭᠠᠨ ᠤ ᠶᠡᠭᠡ ᠨᠢᠭᠡᠳᠦᠯ ᠢ ᠪᠡᠶᠡᠯᠡᠭᠦᠯᠪᠡ᠃          ᠬᠤᠷᠢᠨ ᠶᠢᠰᠣ᠂ ᠡᠷᠬᠡᠳᠤ ᠬᠠᠳᠣᠨ ᠵᠦᠩᠬᠡᠨ         ᠤᠯᠠᠨ ᠠᠴᠠ ᠬᠡᠳᠦᠶᠢᠳᠦᠭᠰᠡᠨ ᠴᠡᠴᠡᠨ ᠪᠢᠯᠢᠭ᠂ ᠣᠬᠠᠭᠠᠨ ᠵᠢᠪᠬᠤᠭ᠎ᠠ ᠪᠠᠷ ᠢᠶᠠᠨ ᠮᠣᠩᠭᠤᠯᠴᠣᠳ ᠤᠨ ᠭᠠᠶᠢᠬᠠᠯ ᠪᠢᠰᠢᠷᠡᠯ ᠢ ᠣᠯᠵᠤ ᠶᠠᠪᠤᠭᠰᠠᠨ ᠪᠠᠭᠠᠳᠣᠷ ᠰᠣᠣᠳᠣ ᠡᠮᠡᠭᠳᠡᠢ ᠪᠤᠯ ᠵᠦᠩᠬᠡᠨ ᠬᠠᠳᠣᠨ ᠪᠤᠯᠤᠨ᠎ᠠ᠃ ᠲᠡᠷᠡ ᠪᠠᠷ ᠮᠤᠩᠭᠤᠯ ᠤᠨ ᠪᠠᠷᠠᠭᠤᠨ ᠭᠠᠷ ᠤᠨ ᠲᠦᠮᠡᠳ ᠤᠨ ᠲᠦᠷᠦᠭᠦᠤ ᠠᠯᠳᠠᠨ ᠬᠠᠭᠠᠨ ︵1507 —1581︶᠎ ᠤ ᠬᠠᠳᠣᠨ ᠪᠤᠯᠣᠨ᠎ᠠ᠃             ᠵᠦᠩᠬᠡᠨ ᠬᠠᠳᠣᠨ ᠪᠤᠯ ᠦᠩᠭᠡ ᠵᠢᠰᠣ ᠭᠤᠸ᠎ᠠ ᠬᠡᠬᠡᠨᠴᠢᠷ ᠮᠦᠷᠳᠡᠭᠡᠨ ᠣᠢ ᠤᠬᠠᠭᠠᠨ ᠴᠡᠴᠡᠨ ᠰᠡᠷᠭᠦᠯᠡᠩ ᠎ ᠢᠶᠠᠷ ᠪᠠᠷᠠᠬᠤ ᠦᠭᠡᠢ ᠲᠠᠭᠤᠣ ᠪᠦᠵᠢᠭ ᠲᠤ ᠠᠪᠢᠶᠠᠰᠯᠢᠭ᠃ ᠲᠡᠷᠡ ᠮᠦᠨ ᠬᠦᠯᠦᠭ ᠤᠨ ᠨᠢᠷᠣᠭᠤᠨ ᠳᠤ ᠰᠠᠯᠬᠢᠯᠠᠨ ᠬᠦᠪᠴᠢᠳᠣ ᠨᠣᠮᠤ ᠲᠠᠯᠠᠵᠤ᠂ ᠴᠡᠷᠢᠭ ᠤᠨ ᠡᠷᠳᠡᠮ ᠳᠤ ᠴᠠᠭᠠᠷᠠᠨ ᠨᠡᠪᠳᠡᠷᠡᠭᠰᠡᠨ ᠡᠷᠡᠮᠡᠬᠡᠢ ᠪᠠᠭᠠᠳᠣᠷ ᠡᠮᠡᠭᠳᠡᠢ ᠪᠤᠯᠤᠨ᠎ᠠ᠃ ᠲᠡᠭᠡᠬᠦ ᠳᠤ ᠠᠯᠳᠠᠨ ᠬᠠᠭᠠᠨ ᠤ ᠭᠦᠨ ᠢᠳᠡᠭᠡᠯ ᠢ ᠤᠯᠵᠤ᠂ ᠠᠯᠳᠠᠨ ᠬᠠᠭᠠᠨ ᠤ ᠨᠣᠶᠠᠷᠬᠠᠯ ᠢ ᠪᠠᠬᠢᠵᠢᠭᠦᠯᠦᠨ᠂ ᠮᠢᠩ ᠣᠯᠤᠰ ᠯᠤᠭ᠎ᠠ ᠶᠢᠨ ᠬᠢᠯᠢ ᠶᠢᠨ ᠰᠣᠯᠢᠯᠴᠠᠭ᠎ᠠ ᠶᠠᠪᠤᠯᠴᠠᠭ᠎ᠠ ᠵᠢᠴᠢ ᠲᠣᠳᠣᠭᠠᠳᠣ ᠶᠢᠨ ᠡᠪ ᠨᠢᠭᠡᠳᠦᠯ ᠳᠤ ᠴᠢᠬᠤᠯᠠ ᠦᠢᠯᠡᠳᠦᠯ ᠦᠵᠡᠭᠦᠯᠵᠤ ᠶᠠᠪᠤᠭᠰᠠᠨ ᠶᠤᠮ᠃    ᠵᠦᠩᠬᠡᠨ ᠬᠠᠳᠣᠨ ᠪᠠᠰᠠ ᠠᠮᠣᠳᠠᠢ ᠰᠡᠴᠡᠨ ᠬᠠᠭᠠᠨ᠂ ᠪᠣᠳᠠᠰᠢᠷᠢ ᠬᠤᠩ ᠲᠠᠶᠢᠵᠢ ᠨᠠᠷ ᠲᠠᠢ ᠬᠠᠮᠳᠣᠷᠠᠨ᠂ ᠰᠢᠷᠡᠭᠡᠳᠣ ᠭᠦᠤᠰᠢ ᠴᠣᠷᠵᠢ᠂ ᠠᠶᠣᠰᠢ᠂ ᠠᠨᠠᠨᠳᠠ ᠮᠠᠨᠽᠣᠰᠢᠷᠢ ᠪᠤᠯᠤᠨ ᠪᠠᠷᠠᠭᠤᠨ ᠭᠤᠷᠪᠠᠨ ᠲᠦᠮᠡᠨ ᠤ ᠬᠡᠯᠡᠮᠣᠷᠴᠢ ᠮᠡᠷᠭᠡᠳ ᠢ ᠵᠤᠬᠢᠶᠠᠨ ᠪᠠᠶᠢᠭᠤᠯᠵᠤ᠂1602 —1607 ᠤᠨ ᠬᠦᠷᠳᠡᠯ᠎ᠡ᠂ ᠵᠢᠷᠭᠤᠭᠠᠨ ᠵᠢᠯ ᠤᠨ ᠬᠤᠭᠤᠴᠠᠭᠠᠨ ᠳᠤ ᠭᠠᠨᠵᠤᠤᠷ‌ᠨᠤᠮ ᠢ ᠮᠤᠩᠭᠤᠯ ᠬᠡᠯᠡ ᠎ ᠪᠠᠷ ︿︿ᠪᠦᠷᠢᠨ ᠲᠡᠭᠦᠰ ᠣᠷᠴᠢᠭᠤᠯᠵᠤ﹀﹀ ᠲᠡᠭᠦᠰᠭᠡᠭᠰᠡᠨ ᠲᠡᠤᠬᠡ ᠲᠠᠢ᠃         ᠭᠤᠴᠢ᠂ ᠴᠢᠯᠠᠭᠤᠨ ᠳᠤ ᠠᠮᠢᠯᠠᠭᠰᠠᠨ ᠭᠤᠶᠣ ᠡᠮᠡᠭᠳᠡᠢ ᠲᠠᠵᠢ ᠮᠠᠬᠠᠯ       ᠮᠣᠩᠭᠤᠷ ︵ᠮᠤᠩᠭᠤᠯ︶ ᠬᠠᠭᠠᠨᠳᠣ ᠣᠯᠤᠰ ᠤᠨ ᠪᠠᠳᠠᠷᠠᠯ ᠬᠦᠭᠵᠢᠯ ᠢ ᠲᠣᠰᠬᠠᠨ᠂ ᠵᠢᠩᠬᠢᠨᠢ ᠴᠡᠪᠡᠷ ᠬᠠᠶᠢᠷ᠎ᠠ ᠶᠢᠨ ᠪᠡᠯᠭᠡ ᠲᠡᠮᠳᠡᠭ ᠪᠤᠯᠤᠭᠰᠠᠨ ︿︿ᠡᠨᠡᠳᠬᠡᠭ ᠤᠨ ᠡᠷᠳᠡᠨᠢ﹀﹀ ᠭᠡᠮᠡᠭᠴᠢ ᠲᠠᠵᠢ ︵ᠲᠠᠶᠢᠵᠢ︶ ᠮᠠᠬᠠᠯ ᠤᠨ ᠪᠤᠩᠬᠤᠨ ᠨᠢ ᠲᠡᠯᠡᠬᠡᠢ ᠶᠢᠨ ᠲᠤᠯᠤᠭᠠᠨ ᠭᠠᠶᠢᠬᠠᠮᠰᠢᠭᠳᠣ ᠪᠠᠷᠢᠯᠭ᠎ᠠ ᠶᠢᠨ ᠨᠢᠭᠡ ᠪᠤᠯᠵᠤ ᠬᠤᠷᠸ᠎ᠠ ᠳᠤ ᠠᠯᠳᠠᠷᠰᠢᠵᠤ ᠪᠤᠢ᠃            ᠲᠠᠵᠢ ᠮᠠᠬᠠᠯ ᠪᠤᠯ ᠮᠤᠩᠭᠤᠷ ᠬᠠᠭᠠᠨᠳᠣ ᠣᠯᠤᠰ ᠤᠨ ᠲᠠᠪᠣᠳᠣᠭᠠᠷ ᠦᠶ᠎ᠡ ᠶᠢᠨ ᠬᠠᠭᠠᠨ ᠱ᠊᠂ ᠵᠠᠭᠠᠨ ︵ᠪᠠᠰᠠ ᠰᠠᠩᠵᠠᠢ ᠭᠡᠵᠤ ᠵᠠᠷᠢᠮ ᠨᠤᠮ ᠳᠤ ᠲᠡᠮᠳᠡᠭᠯᠡᠵᠤ ᠪᠤᠢ︶᠎ ᠤ ᠬᠠᠶᠢᠷᠠᠳᠠᠢ ᠬᠠᠳᠣᠨ ᠨᠢ ᠪᠤᠯᠤᠨ᠎ᠠ᠃ ᠲᠡᠷᠡ ᠡᠨᠡᠳᠬᠡᠭ ᠤᠨ ᠣᠮᠠᠷᠠᠳᠣ ᠬᠡᠰᠡᠭ ᠲᠠᠬᠢ ᠨᠢᠭᠡᠨ ᠮᠤᠩᠭᠤᠯ ᠢᠵᠠᠭᠤᠷᠳᠡᠨ ᠤ ᠭᠡᠷ ᠲᠤ ᠲᠦᠷᠦᠪᠡ᠃ ᠬᠤᠷᠸ᠎ᠠ ᠳᠤ ᠬᠤᠣᠰ ᠦᠭᠡᠢ ᠭᠤᠶᠤ ᠦᠵᠡᠰᠭᠦᠡᠯᠩ ᠮᠦᠷᠳᠡᠭᠡᠨ ᠰᠡᠴᠡᠨ ᠴᠡᠯᠮᠡᠭ ᠤᠬᠠᠭᠠᠨ ᠰᠠᠨᠠᠭ᠎ᠠ ᠲᠠᠢ ᠪᠠᠶᠢᠵᠤ᠂ ᠵᠢᠩᠬᠢᠨᠢ ᠴᠡᠪᠡᠷ ᠠᠷᠢᠭᠤᠨ ᠬᠠᠶᠢᠷ᠎ᠠ ᠶᠢ ᠲᠡᠭᠡᠳᠦᠯᠡᠵᠤ ᠶᠠᠪᠤᠭᠰᠠᠨ ᠠᠭᠤᠣ ᠶᠡᠭᠡ ᠮᠤᠩᠭᠤᠯ ᠡᠮᠡᠭᠳᠡᠢ ᠪᠤᠯᠤᠨ᠎ᠠ᠃            ᠲᠠᠵᠢ ᠬᠠᠳᠣᠨ ᠪᠤᠯ ᠦᠩᠭᠡ ᠵᠢᠰᠣ ᠪᠠ ᠪᠡᠶ᠎ᠡ ᠭᠠᠯᠪᠢᠷ ᠬᠤᠣᠰ ᠦᠭᠡᠢ ᠭᠤᠶᠣ ᠦᠵᠡᠰᠭᠦᠯᠡᠩ ᠮᠦᠷᠳᠡᠭᠡᠨ ᠣᠬᠠᠭᠠᠨ ᠰᠠᠨᠠᠭ᠎ᠠ᠂ ᠢᠨᠠᠭ ᠬᠠᠶᠢᠷ᠎ᠠ᠂ ᠪᠣᠳᠤᠯ ᠰᠡᠳᠬᠢᠯ᠂ ᠪᠢᠯᠢᠭ ᠠᠪᠢᠶᠠᠰ᠂ ᠦᠢᠯᠡ ᠶᠠᠪᠣᠳᠠᠯ ᠤᠨ ᠡᠷᠬᠢᠮ ᠰᠠᠶᠢᠬᠠᠨ ᠪᠦᠬᠦᠨ ᠢ ᠪᠦᠷᠢᠳᠦᠭᠦᠯᠦᠭᠰᠡᠨ ᠲᠡᠭᠦᠰ ᠭᠤᠸ᠎ᠠ ᠡᠮᠡᠭᠳᠡᠢ ᠪᠤᠯᠤᠨ᠎ᠠ᠃ ᠲᠡᠭᠦᠨ ᠤ ᠠᠮᠢᠳᠣ ᠰᠡᠷᠡᠭᠦᠨ ᠦᠶ᠎ᠡ ᠎ ᠶᠢᠨ ᠦᠢᠯᠡ ᠶᠠᠪᠣᠳᠠᠯ ᠲᠡᠤᠬᠡ ᠰᠣᠳᠣᠷ ᠲᠤ ᠲᠡᠮᠡᠢ ᠲᠡᠮᠳᠡᠭᠯᠡᠭᠰᠡᠨ ᠦᠭᠡᠢ ᠪᠣᠯᠪᠠᠴᠣ ᠭᠠᠨᠳᠢᠭ ᠴᠢᠯᠠᠭᠤᠨ ᠳᠤ ᠠᠮᠢᠯᠠᠭᠰᠠᠨ ᠭᠤᠶᠣ ᠲᠦᠷᠬᠦ ᠨᠢ ᠵᠢᠩᠬᠢᠨᠢ ᠠᠷᠢᠭᠤᠨ ᠬᠠᠶᠢᠷ᠎ᠠ ᠶᠢᠨ ᠰᠢᠳᠦᠭᠡᠨ ᠪᠤᠯᠤᠨ ᠠᠮᠢᠯᠠᠵᠤ ᠬᠦᠮᠦᠨ ᠲᠦᠷᠦᠯᠬᠢᠳᠡᠨ ᠳᠤ ᠪᠠᠭ᠋ᠠᠷᠬᠠᠭᠳᠠᠨ ᠲᠠᠭᠠᠯᠭᠳᠠᠵᠤ ᠪᠠᠶᠢᠬᠤ ᠮᠦᠷᠳᠡᠭᠡᠨ ᠡᠨᠡᠳᠬᠡᠭ᠂ ᠮᠤᠩᠭᠤᠷ ᠬᠠᠭᠠᠨᠳᠣ ᠣᠯᠤᠰ᠂ ᠮᠣᠩᠭᠤᠯ ᠡᠮᠡᠭᠳᠡᠢ ᠶᠢᠨ ᠡᠷᠬᠢᠮᠰᠦᠭ ᠰᠠᠶᠢᠬᠠᠨ ᠢ ᠲᠡᠯᠡᠬᠡᠢ ᠳ᠋ᠠᠬᠢᠨ ᠳᠤ ᠦᠨᠢ ᠮᠦᠩᠬᠡ ᠠᠯᠳᠠᠷᠰᠢᠭᠤᠯᠵᠤ ᠪᠠᠶᠢᠭ᠎ᠠ ᠶᠤᠮ᠃ ᠲᠠᠵᠢ ᠬᠠᠳᠣᠨ ᠨᠠᠰᠣ ᠪᠠᠷᠠᠭᠠᠳ300 ᠭᠠᠷᠦᠢ ᠵᠢᠯ ᠪᠤᠯᠵᠤ ᠪᠠᠶᠢᠭ᠎ᠠ ᠪᠣᠯᠪᠠᠴᠣ ᠲᠡᠯᠡᠬᠡᠢ ᠶᠢᠨ ᠬᠦᠮᠦᠨ ᠠᠷᠠᠳ ᠤᠨ ᠰᠡᠳᠬᠢᠯ ᠵᠢᠷᠦᠬᠡᠨ ᠳᠤ ᠮᠥᠨ ᠯᠠ ᠠᠮᠢᠳᠣ ᠪᠠᠷ  ᠎ ᠢᠶᠠᠨ ᠪᠠᠶᠢᠵᠤ᠂ ᠮᠤᠩᠭᠤᠯ ᠡᠮᠡᠭᠳᠡᠢ ᠶᠢᠨ ᠵᠢᠰᠣ ᠭᠠᠯᠪᠢᠷ ᠬᠢᠭᠡᠳ ᠣᠶᠤᠨ ᠰᠠᠨᠠᠭᠠᠨ ᠤ ᠭᠤᠸ᠎ᠠ ᠰᠠᠶᠢᠬᠠᠨ ᠵᠢᠴᠢ ᠰᠣᠶᠣᠯ ᠤᠨ ᠢᠷᠠᠭᠤ ᠰᠠᠶᠢᠬᠠᠨ ᠬᠦᠷᠳᠡᠭᠡᠯ ᠢᠶᠠᠷ ᠎ ᠢᠶᠠᠨ ᠪᠦᠮᠪᠤᠷᠴᠡᠭ ᠢ ᠢᠪᠢᠯᠭᠡᠵᠤ᠂ ᠮᠤᠨᠳᠠᠭ ᠲᠤᠮᠤ ᠵᠤᠭᠠᠴᠠᠯ ᠤᠨ ᠦᠷᠳᠡᠭ᠂ ᠰᠣᠶᠤᠯ ᠤᠨ ᠦᠷᠳᠡᠭ ᠢ ᠡᠭᠦᠳᠦᠨ᠂ ᠡᠨᠡᠳᠬᠡᠭ ᠤᠨ ᠠᠷᠠᠳ ᠲᠦᠮᠡᠨ ᠢ ᠢᠪᠡᠭᠡᠨ ᠲᠡᠳᠬᠦᠵᠤ ᠪᠤᠢ᠃          ᠭᠤᠴᠢᠨ ᠨᠢᠭᠡ᠂ ᠴᠢᠩ ᠪᠢᠰᠢᠷᠡᠯᠳᠣ ᠲᠠᠶᠢᠬᠠᠯ ᠬᠠᠳᠣᠨ ᠡᠬᠡ          ᠲᠠᠶᠢᠬᠠᠯ ᠬᠠᠳᠣᠨ ᠪᠤᠯ ᠡᠬᠡ ᠪᠤᠯ17 ᠳ᠋ᠣᠭᠠᠷ ᠵᠠᠭᠤᠨ ᠤ ᠡᠬᠢᠨ ᠤ ᠵᠢᠯ ᠤᠳ ᠲᠤ ᠠᠯᠳᠠᠷ ᠮᠠᠨᠳᠣᠭᠰᠠᠨ ᠣᠶᠤᠳᠠᠨ ᠬᠠᠳᠣᠨ ᠪᠤᠯᠤᠨ᠎ᠠ᠃ ᠲᠡᠶᠢᠮᠤ ᠎ ᠠᠴᠠ ᠮᠤᠩᠭᠤᠯ ᠤᠨ ᠲᠡᠤᠬᠡᠨ ᠳᠤ ᠲᠡᠭᠦᠨ ᠢ ︿︿ᠴᠢᠩ ᠪᠢᠰᠢᠷᠡᠯᠳᠣ ᠲᠠᠶᠢᠬᠠᠯ ᠬᠠᠳᠣᠨ ᠡᠬᠡ﹀﹀ ᠭᠡᠮᠡᠨ ᠬᠦᠨᠳᠦᠳᠬᠡᠨ ᠲᠡᠮᠳᠡᠭᠯᠡᠭᠰᠡᠨ ᠪᠠᠶᠢᠳᠠᠭ᠃ ᠲᠠᠶᠢᠬᠠᠯ ᠬᠠᠳᠣᠨ ᠪᠤᠯ ᠲᠠᠶᠠᠨ ᠬᠠᠭᠠᠨ ᠤ ᠣᠳᠬᠤᠨ ᠬᠦᠤ ᠭᠡᠷᠰᠠᠨᠵᠢ ︵ᠪᠠᠰᠠ ᠭᠡᠷᠰᠠᠨᠵᠢ ᠯᠠᠶᠢᠬᠤᠷ ᠭᠡᠳᠡᠭ︶᠎ ᠶᠢᠨ ᠭᠤᠷᠪᠠᠳᠣᠭᠠᠷ ᠬᠦᠪᠡᠭᠦᠨ ᠣᠶᠢᠵᠢᠨ ᠨᠤᠶᠠᠨ ᠤ ᠬᠦᠤ ᠪᠠᠭ᠋ᠠᠷᠠᠢ ᠬᠤᠰᠢᠭᠤᠴᠢ ᠶᠢᠨ ᠬᠠᠳᠣᠨ ᠪᠤᠯᠤᠨ᠎ᠠ᠃ ᠲᠡᠷᠡ ᠬᠠᠷᠠᠬᠠᠨ ᠪᠠᠭ᠎ᠠ ᠠᠴᠠ ᠪᠠᠨ ᠴᠡᠴᠡᠨ ᠰᠡᠷᠭᠦᠯᠡᠩ᠂ ᠤᠢ ᠪᠢᠯᠢᠭ ᠴᠣᠭᠤᠷᠬᠠᠢ᠂ ᠪᠢᠴᠢᠭ ᠰᠣᠶᠤᠯ ᠳᠤ ᠰᠢᠮᠳᠠᠨ᠂ ᠮᠤᠩᠭᠤᠯ ᠲᠦᠪᠡᠳ ᠦᠰᠦᠭ ᠪᠢᠴᠢᠭ ᠲᠤ ᠨᠡᠪᠳᠡᠷᠡᠵᠡᠢ᠃ ᠲᠡᠭᠡᠭᠡᠳ ᠣᠶᠤᠳᠠᠨ ᠡᠮᠡᠭᠳᠡᠢ ᠪᠤᠯᠤᠨ ᠠᠯᠳᠠᠷᠰᠢᠵᠡᠢ᠃             ᠴᠢᠩ ᠪᠢᠰᠢᠷᠡᠯᠳᠤ ᠲᠠᠶᠢᠬᠠᠯ ᠬᠠᠳᠣᠨ ᠪᠢᠴᠢᠭ ᠰᠣᠶᠤᠯ ᠳᠤ ᠨᠡᠪᠳᠡᠷᠡᠵᠤ᠂ ᠮᠤᠩᠭᠤᠯ ᠰᠣᠶᠤᠯ ᠤᠨ ᠭᠦᠭᠵᠢᠯᠳᠡ ᠳᠤ ᠪᠠᠯᠠᠷᠠᠰᠢ ᠦᠭᠡᠢ ᠵᠢᠳᠬᠦᠯ ᠦᠭᠭᠦᠭᠰᠡᠨ ᠢᠶᠠᠷ ᠪᠠᠷᠠᠬᠤ ᠦᠭᠡᠢ ᠬᠦᠪᠡᠭᠦᠨ ᠴᠣᠭᠳᠤ ︵ᠴᠣᠭᠳᠣ ᠲᠠᠶᠢᠵᠢ︶᠎ ᠪᠠᠨ ᠪᠠᠯᠴᠢᠷ ᠪᠠᠭ᠎ᠠ ᠠᠴᠠ ᠨᠢ ᠪᠢᠴᠢᠭ ᠰᠣᠶᠤᠯ ᠢᠶᠠᠷ ᠭᠡᠶᠢᠭᠦᠯᠦᠨ ᠬᠦᠮᠦᠵᠢᠭᠦᠯᠵᠤ ᠪᠢᠯᠡ᠃ ᠬᠠᠳᠣᠨ ᠡᠬᠡ ᠶᠢᠨ ᠢᠶᠠᠨ ᠭᠡᠷᠡᠯᠳᠦᠭᠰᠡᠨ ᠣᠬᠠᠭᠠᠨ᠂ ᠬᠠᠳᠠᠭᠤ ᠬᠦᠮᠦᠵᠢᠯ ᠢ ᠲᠡᠭᠡᠳᠦᠯᠡᠨ᠂ ᠴᠣᠭᠳᠣ ᠲᠠᠶᠢᠵᠢ ᠪᠣᠰᠣᠳ ᠠᠴᠠ ᠴᠣᠯᠭᠤᠷᠠᠭᠰᠠᠨ ᠶᠡᠭᠡ ᠪᠢᠯᠢᠭ ᠠᠪᠢᠶᠠᠰ ᠲᠠᠢ ᠠᠯᠳᠠᠷᠳᠤ ᠢᠷᠠᠭᠤ ᠨᠠᠶᠢᠷᠠᠭᠴᠢ᠂ ᠲᠡᠤᠬᠡᠴᠢ ᠮᠦᠷᠳᠡᠭᠡᠨ ᠭᠠᠷᠮᠠᠭᠠᠢ ᠣᠯᠤᠰ ᠲᠦᠷᠦᠴᠢᠨ᠂ ᠡᠬᠡ ᠣᠷᠤᠨᠴᠢ ᠪᠠᠭᠠᠳᠣᠷ  ᠪᠤᠯᠤᠭᠰᠠᠨ ᠶᠤᠮ᠃ ᠲᠠᠶᠢᠬᠠᠯ ᠬᠠᠳᠣᠨ ᠡᠬᠡ1601 ᠤᠨ ᠠᠴᠠ ᠡᠬᠢᠯᠡᠨ᠂ ᠬᠦᠤ ᠴᠣᠭᠳᠣ ᠲᠠᠢ ᠪᠠᠨ ᠲᠦᠪᠡᠳ ᠬᠡᠯᠡᠨ ᠠᠴᠠ ᠪᠤᠷᠬᠠᠨ ᠤ ᠨᠤᠮ ᠰᠣᠳᠣᠷ ᠢ ᠣᠷᠴᠢᠭᠤᠯᠬᠤ ᠶᠢᠨ ᠲᠠᠭᠠᠣ ᠣᠷᠠᠨ ᠵᠤᠬᠢᠶᠠᠯ᠂ ᠲᠡᠤᠬᠡ᠂ ᠬᠦᠨ ᠤᠬᠠᠭᠠᠨ᠂ ᠠᠨᠠᠭᠠᠬᠤ ᠣᠬᠠᠭᠠᠨ ᠵᠡᠷᠭᠡ ᠣᠯᠠᠨ ᠲᠦᠷᠦᠯ ᠤᠨ ᠨᠤᠮ ᠰᠣᠳᠣᠷ ᠢ ᠮᠤᠩᠭᠤᠯᠴᠢᠯᠠᠵᠤ᠂ ᠠᠷᠠᠳ ᠲᠦᠮᠡᠨ ᠢᠶᠠᠨ ᠭᠡᠭᠡᠷᠡᠭᠦᠯᠦᠨ᠂ ᠮᠤᠩᠭᠤᠯ ᠰᠣᠶᠤᠯ ᠤᠨ ᠭᠦᠭᠵᠢᠯᠳᠡ ᠳᠤ ᠯᠤᠳᠤ ᠶᠡᠭᠡ ᠭᠠᠪᠢᠶ᠎ᠡ ᠵᠢᠳᠭᠦᠯ ᠦᠵᠡᠭᠦᠯᠦᠭᠰᠡᠨ ᠶᠤᠮ᠃ ᠡᠭᠦᠨ ᠤ ᠲᠠᠭᠠᠤ ᠲᠡᠷᠡ ᠪᠠᠰᠠ ᠬᠦᠪᠡᠭᠦᠨ ᠴᠣᠭᠳᠣ ᠲᠠᠶᠢᠵᠢ ᠲᠠᠢ  ᠎ ᠪᠠᠨ ᠪᠦᠬᠦᠯᠢ ᠠᠷᠪᠠᠨ ᠵᠢᠯ ᠤᠨ ᠴᠠᠭ ᠢ ᠵᠠᠷᠣᠴᠠᠭᠤᠯᠣᠨ᠂ ᠲᠣᠣᠯᠠ ᠶᠢᠨ ᠪᠠᠷᠠᠭᠤᠨ ᠳᠠᠬᠢ ᠵᠢᠷᠦᠬᠡᠨ ᠨᠡᠷᠡᠳᠤ ᠠᠭᠤᠯᠠ ᠶᠢᠨ ᠡᠩᠭᠡᠷ ᠲᠤ ᠵᠢᠷᠭᠤᠭᠠᠨ ᠰᠦᠮ᠎ᠡ ᠶᠢ ᠪᠠᠶᠢᠭᠤᠯᠵᠤ ᠪᠢᠯᠡ᠃ ᠡᠳᠡᠭᠡᠷ ᠰᠦᠮ᠎ᠡ ᠬᠡᠶᠢᠳ ᠨᠢ ᠮᠤᠩᠭᠤᠯ ᠨᠤᠳᠤᠭ ᠲᠤ ᠱᠠᠰᠢᠨ ᠲᠡᠯᠭᠡᠷᠡᠭᠦᠯᠬᠦ ᠶᠢᠨ ᠲᠠᠭᠠᠣ ᠮᠤᠩᠭᠤᠯ ᠰᠣᠶᠤᠯ ᠤᠨ ᠦᠯᠦᠭᠡᠢ ᠪᠤᠯᠵᠤ᠂ ᠦᠶ᠎ᠡ ᠦᠶ᠎ᠡ ᠶᠢᠨ ᠬᠦᠮᠦᠰ ᠢ ᠰᠣᠶᠤᠯᠵᠢᠭᠤᠯᠤᠨ ᠭᠡᠭᠡᠷᠡᠭᠦᠯᠵᠤ ᠪᠠᠶᠢᠪᠠ᠃ ᠡᠨᠡᠬᠦ ᠠᠯᠳᠠᠷ ᠬᠦᠨᠳᠣᠳᠡᠢ ᠰᠣᠶᠤᠯᠳᠣ ᠡᠬᠡ ᠪᠠᠨ ᠮᠦᠩᠬᠡ ᠲᠣᠷᠠᠰᠴᠣ ᠶᠠᠪᠣᠬᠤ ᠶᠢᠨ ᠲᠦᠯᠦᠭᠡ᠂ ᠮᠤᠩᠭᠤᠯ ᠤᠯᠤᠰ ᠤᠨ ᠠᠯᠳᠠᠷᠳᠣ ᠢᠷᠠᠭᠤ ᠨᠠᠶᠢᠷᠠᠭᠴᠢ ᠭᠡ᠊᠂ ᠢᠰᠢᠬᠦᠣ ︿︿ᠴᠢᠩ ᠪᠢᠰᠢᠷᠡᠯᠳᠣ ᠲᠠᠶᠢᠬᠠᠯ ᠬᠠᠳᠣᠨ ᠡᠬᠡ﹀﹀ ᠭᠡᠬᠦ ᠭᠠᠶᠢᠬᠠᠯᠳᠠᠢ ᠰᠢᠯᠦᠭ ᠢ ᠪᠦᠳᠦᠭᠡᠵᠤ᠂ ᠡᠨᠡᠬᠦ ᠨᠢᠭᠡᠨ ᠦᠶ᠎ᠡ ᠶᠢᠨ ᠰᠣᠣ ᠪᠢᠯᠢᠭᠳᠦ ᠬᠠᠳᠣᠨ ᠡᠬᠡ ᠶᠢᠨ ᠠᠷᠢᠭᠤᠬᠠᠨ ᠵᠢᠳᠬᠦᠯ ᠢ ᠳ᠋ᠦᠩᠨᠡᠭᠰᠡᠨ ᠪᠠᠶᠢᠨ᠎ᠠ᠃    ︿︿ᠡᠬᠡ ᠬᠤᠩ ᠲᠠᠶᠢᠵᠢ ᠶᠢᠨ ᠪᠢᠰᠢᠷᠡᠯᠳᠣ ᠲᠠᠶᠢᠬᠠᠯ ᠡᠬᠡ ᠡᠷᠳᠡᠮ ᠤᠨ ᠲᠠᠯᠠᠢ ᠶᠢ ᠱᠦᠭᠦᠷᠳᠡᠭᠰᠡᠨ ᠣᠶᠤᠳᠠᠨ ᠮᠥᠨ ᠪᠤᠶᠤ        ᠡᠳᠦᠭᠡ ᠮᠢᠨᠤ ᠰᠢᠯᠦᠭ ᠲᠠᠬᠢ ᠰᠣᠶᠤᠨ ᠭᠡᠭᠡᠷᠡᠭᠰᠡᠨ ᠲᠡᠭᠦᠨ ᠢ         ᠡᠬᠡ ᠣᠷᠤᠨᠴᠢ ᠬᠦᠤ ᠲᠠᠢ ᠨᠢ ᠠᠭᠠᠷ ᠨᠢᠭᠡᠨ ᠦᠵᠡᠪᠡᠢ᠃         ᠮᠡᠳᠡᠭᠰᠡᠨ ᠡᠷᠳᠡᠮ ᠢᠶᠠᠨ ᠲᠦᠭᠡᠭᠡᠬᠦ ᠪᠠᠷ ᠴᠠᠭᠠᠨ ᠬᠠᠷᠰᠢ ᠪᠠᠶᠢᠭᠤᠯᠪᠠ         ᠮᠡᠷᠭᠡᠳ ᠰᠡᠴᠡᠳ ᠤᠨ ᠰᠣᠳᠣᠷ ᠤᠳ ᠢ ᠤᠨ ᠲᠠᠷᠠᠭᠠᠯᠠᠵᠤ ᠣᠷᠴᠢᠭᠤᠯᠪᠠ         ᠰᠣᠶᠤᠯ ᠤᠨ ᠦᠷ᠎ᠡ ᠲᠠᠷᠢᠬᠤ ᠶᠢ ᠡᠬᠡ ᠬᠦᠤ ᠡᠷᠡᠮᠡᠯᠵᠡᠪᠡ         ᠰᠣᠯᠣᠩᠭᠠᠨ ᠣᠬᠠᠭᠠᠨ ᠰᠠᠴᠣᠷᠠᠭᠤᠯᠤᠨ ᠨᠢᠭᠡᠨ ᠦᠶ᠎ᠡ ᠴᠡᠴᠡᠭᠯᠡᠪᠡ         ᠬᠠᠯᠬ᠎ᠠ ᠶᠢᠨ ᠪᠢᠰᠢᠷᠡᠯᠳᠣ ᠬᠠᠳᠣᠨ ᠤ ᠬᠦᠰᠡᠯ ᠡᠶᠢᠨ ᠪᠡᠶᠡᠯᠡᠪᠡ         ᠬᠠᠳᠣᠨ ᠲᠣᠣᠯᠠ ᠶᠢᠨ ᠣᠷᠤᠰᠬᠠᠯ ᠰᠢᠭ᠋ ᠡᠬᠡ ᠶᠢᠨ ᠰᠡᠳᠬᠢᠯ ᠮᠡᠯᠳᠡᠯᠵᠡᠪᠡ         ᠬᠠᠩᠭᠠᠢ ᠬᠠᠨ ᠤ ᠠᠭᠠᠯᠠᠨ ᠳᠤ ᠣᠶᠠᠷᠠᠵᠤ ᠭᠠᠷᠣᠭᠰᠠᠨ ᠬᠤᠩ ᠲᠠᠶᠢᠵᠢ         ᠬᠠᠯᠠᠭᠤᠳᠤ ᠡᠭᠡᠴᠢ ᠪᠠᠨ ᠰᠠᠨᠠᠭᠠᠯᠵᠠᠨ ᠣᠶᠠᠩᠭ᠎ᠠ ᠶᠢᠨ ᠰᠢᠯᠦᠭ ᠲᠠᠳᠠᠯᠠᠪᠠ         ᠪᠢᠯᠢᠭᠳᠦ ᠲᠠᠳᠡᠨ ᠤ ᠬᠦᠰᠡᠯ ᠢ ᠴᠠᠭ ᠤᠨ ᠰᠠᠯᠬᠢ ᠠᠷᠴᠢᠪᠠ         ᠪᠢᠴᠢᠭ ᠤᠨ ᠪᠦᠳᠦᠭᠡᠯ ᠨᠤᠮ ᠢ ᠨᠢ ᠣᠯᠠᠭᠠᠨ ᠲᠦᠢᠮᠡᠷ ᠢᠳᠡᠪᠡ         ᠪᠢᠷ ᠶᠠᠨᠲ᠋ᠠᠢ ᠶᠠᠭᠤ ᠶᠢ ᠨᠢ ᠰᠢᠷ᠎ᠠ ᠶᠢᠨ ᠱᠠᠰᠢᠨ ᠬᠤᠭᠤᠴᠢᠪᠠ         ᠪᠡᠭᠡ ᠪᠠᠷ ᠴᠦ ᠲᠣᠳᠠᠭ᠎ᠠ ᠦᠭᠡᠢ ᠲᠡᠳᠡ ᠴᠠᠭᠠᠨ ᠴᠠᠭᠠᠰᠣ ᠴᠦ ᠦᠭᠡᠢ ᠦᠯᠡᠳᠡᠪᠡ         ᠴᠢᠩ ᠤᠨ ᠬᠠᠭᠠᠳ ᠤᠳ ᠮᠣᠩᠭᠤᠯ ᠢ ᠬᠠᠭᠠᠯᠤᠨ ᠪᠣᠳᠠᠯᠠᠵᠤ ᠡᠬᠢᠯᠡᠪᠡ         ᠴᠢᠩᠭᠢᠰ ᠤᠨ ᠣᠭᠰᠠᠭᠠᠳᠣ ᠨᠤᠶᠠᠳ ᠰᠠᠯᠤᠨ ᠪᠣᠳᠠᠷᠠᠵᠤ ᠣᠷᠪᠠᠪᠠ         ᠲᠡᠭᠰᠢ ᠪᠣᠳᠤᠯᠭ᠎ᠠ ᠪᠠᠨ ᠠᠯᠳᠠᠭᠰᠠᠨ ᠳᠤ ᠲᠦᠷᠦ ᠣᠯᠤᠰ ᠬᠢᠮᠤᠷᠠᠪᠠ         ᠴᠢᠩ ᠲᠠᠶᠢᠬᠠᠯ ᠬᠠᠳᠣᠭᠳᠠᠨ ᠤ ᠰᠡᠳᠬᠢᠯ ᠰᠠᠨᠠᠭ᠎ᠠ ᠦᠢᠮᠤᠷᠡᠪᠡ         ᠬᠠᠯᠬ᠎ᠠ ᠶᠢᠨ ᠲᠤᠮᠤ ᠨᠤᠶᠠᠳ ᠰᠢᠷ᠎ᠠ ᠶᠢᠨ ᠱᠠᠰᠢᠨ ᠳᠤ ᠣᠷᠤᠯᠳᠣᠪᠠ         ᠬᠠᠷᠢ ᠶᠢᠨ ᠪᠣᠳᠤᠯᠭ᠎ᠠ ᠬᠡᠷᠡᠭᠵᠢᠵᠤ ᠠᠶᠣᠯ ᠵᠠᠨᠤᠯ ᠦᠩᠭᠡᠯᠵᠡᠪᠡ         ᠠᠷᠪᠠᠨ ᠲᠤᠯᠤᠳᠠᠬᠢ ᠵᠠᠭᠤᠨ ᠳᠤ ᠰᠢᠷ᠎ᠠ ᠣᠯᠠᠭᠠᠨ ᠮᠦᠷᠭᠦᠯᠳᠦᠪᠡ         ᠠᠮᠣᠷ ᠵᠠᠶᠠᠭ᠎ᠠ ᠦᠵᠡᠭᠦᠯᠬᠦ ᠬᠠᠭᠠᠳ ᠨᠤᠶᠠᠳ ᠰᠦᠷᠭᠡᠭᠦᠯᠳᠦᠪᠡ         ᠠᠷᠣ ᠬᠠᠯᠬ᠎ᠠ ᠶᠢᠨ ᠴᠣᠭᠳᠣ ᠲᠠᠶᠢᠵᠢ ᠴᠠᠰᠣᠳᠣ ᠲᠦᠪᠡᠳ ᠢ ᠵᠣᠷᠢᠪᠡ         ᠠᠬᠠᠶᠢᠳᠠᠨ ᠪᠢᠰᠢᠷᠡᠯᠳᠣ ᠬᠠᠳᠣᠨ ᠲᠠᠶᠢᠬᠠᠯ ᠤᠨ ᠠᠮᠢᠳᠣᠷᠠᠯ ᠲᠡᠮᠡᠴᠡᠯ ᠲᠡᠭᠦᠰᠪᠡ﹀﹀ ᠬᠡᠮᠡᠪᠡ᠃           ᠭᠤᠴᠢᠨ ᠬᠤᠶᠠᠷ᠂ ᠠᠪᠠᠢ ᠬᠠᠳᠣᠨ᠂       ᠠᠪᠠᠢ ᠬᠠᠳᠣᠨ ᠪᠤᠯ ᠲᠦᠷᠪᠡᠨ ᠦᠢᠷᠠᠳ ᠤᠨ ᠲᠡᠤᠬᠡᠨ ᠳᠤ ᠠᠯᠳᠠᠷᠳᠠᠢ ᠰᠣᠣ ᠪᠢᠯᠢᠭᠳᠦ ᠡᠮᠡᠭᠳᠡᠢ ᠶᠤᠮ᠃ ᠲᠡᠷᠡ ᠪᠠᠷ ᠦᠢᠷᠠᠳᠴᠣᠳ ᠤᠨ ᠣᠮᠤᠭᠰᠢᠯ ᠪᠠᠭ᠋ᠠᠷᠬᠠᠯ ᠢ ᠲᠠᠳᠠᠭᠰᠠᠨ ︿︿ᠲᠠᠪᠣᠨ ᠪᠠᠷᠰ﹀﹀ ᠭᠡᠮᠡᠭᠳᠡᠭᠰᠡᠨ ᠲᠠᠪᠣᠨ ᠬᠡᠤᠬᠡᠳ ᠢᠶᠠᠨ ᠲᠦᠷᠦᠭᠦᠯᠦᠨ ᠦᠰᠭᠡᠭᠰᠡᠨ ᠮᠦᠷᠳᠡᠭᠡᠨ ᠦᠢᠷᠠᠳ ᠡᠷᠡᠴᠣᠳ ᠤᠨ ᠬᠠᠳᠠᠭᠤ ᠰᠢᠨᠳᠠᠰᠣ᠂ ᠠᠷᠭ᠎ᠠ ᠪᠣᠳᠣᠯᠭ᠎ᠠ᠂ ᠭᠠᠷᠮᠠᠭᠠᠢ ᠵᠤᠷᠢᠭ ᠰᠦᠯᠳᠡ ᠪᠠᠷ ᠬᠡᠤᠬᠡᠳ ᠢᠶᠠᠨ ᠬᠦᠮᠦᠵᠢᠭᠦᠯᠦᠭᠰᠡᠨ ᠪᠠᠭᠠᠳᠣᠷ ᠡᠬᠡ ᠶᠤᠮ᠃       ᠠᠪᠠᠢ ᠬᠠᠳᠣᠨ ᠬᠡᠤᠬᠡᠳ ᠢᠶᠠᠨ ᠦᠭᠡᠯᠡᠢ ᠶᠡᠭᠡ ᠪᠤᠯᠳᠠᠯ᠎ᠠ ᠬᠤᠱᠣᠳ ᠠᠶᠢᠮᠠᠭ ᠢ ᠵᠠᠰᠠᠭᠯᠠᠨ ᠶᠠᠪᠤᠵᠤ᠂ ᠬᠤᠱᠤᠳ ᠠᠶᠢᠮᠠᠭ ᠤᠨ ᠬᠦᠴᠦᠷᠬᠡᠭᠵᠢᠨ ᠮᠠᠨᠳᠣᠬᠤ ᠳᠤ ᠰᠠᠭᠤᠷᠢ ᠲᠠᠯᠪᠢᠵᠤ ᠦᠭᠭᠦᠭᠰᠡᠨ ᠪᠦᠭᠡᠳ ᠬᠤᠱᠣᠳᠴᠣᠳ ᠤᠨ ᠲᠦᠷᠪᠡᠨ ᠦᠢᠷᠠᠳ ᠤᠨ ᠴᠢᠭᠤᠯᠭᠠᠨ ᠳᠤ ᠲᠡᠷᠢᠭᠦᠯᠵᠤ ᠶᠠᠪᠤᠬᠤ ᠪᠠᠶᠢᠷᠢ ᠰᠠᠭᠤᠷᠢ ᠶᠢ ᠪᠠᠳᠣᠯᠠᠭᠰᠠᠨ ᠶᠤᠮ᠃ ᠠᠪᠠᠢ ᠬᠠᠳᠤᠨ ᠪᠤᠯ ᠴᠣᠷᠣᠰ ᠠᠶᠢᠮᠠᠭ ᠤᠨ ᠰᠣᠷᠪᠤᠯᠵᠢᠳᠣ ᠭᠡᠷ ᠎ ᠤᠨ ᠦᠬᠢᠨ ᠶᠤᠮ᠃   ᠲᠡᠷᠡ ᠬᠠᠨᠢ ᠨᠤᠶᠠᠨ ᠤ ᠭᠤᠤᠯ ᠬᠠᠳᠣᠨ ᠪᠠᠶᠢᠪᠠ᠃        ᠭᠤᠴᠢᠨ ᠭᠤᠷᠪᠠ᠂ ᠲᠠᠬᠢᠮᠳᠠᠭᠤ ᠠᠮᠣᠷᠯᠢᠩᠭᠤᠢ ᠭᠡᠭᠡᠭᠡᠨ ᠰᠣᠳᠣ ᠬᠠᠳᠣᠨ ᠪᠣᠮᠪᠠᠳᠠᠢ       ᠲᠠᠬᠢᠮᠳᠠᠭᠤ ᠠᠮᠣᠷᠯᠢᠩᠭᠤᠢ ᠭᠡᠭᠡᠭᠡᠨ ᠰᠣᠳᠣ ᠬᠠᠳᠣᠨ ᠪᠤᠯ ᠴᠢᠩ ᠣᠯᠤᠰ ᠤᠨ ᠲᠡᠤᠬᠡᠨ ᠳᠠᠬᠢ ᠭᠠᠷᠮᠠᠭᠠᠢ ᠤᠯᠤᠰ ᠲᠦᠷᠦᠴᠢᠨ ᠪᠤᠯᠤᠨ᠎ᠠ᠃ ᠲᠡᠷᠡ ᠬᠡᠳᠦᠶᠢᠳᠦᠭᠰᠡᠨ ᠠᠪᠢᠶᠠᠰ ᠪᠢᠯᠢᠭ ᠣᠬᠠᠭᠠᠨ ᠪᠤᠳᠤᠯᠭ᠎ᠠ ᠪᠠᠷ ᠢᠶᠠᠨ ᠲᠦᠷᠦ ᠲᠦᠮᠡᠨ ᠳᠡᠭᠡᠨ ᠬᠦᠨᠳᠦᠳᠬᠡᠭᠳᠡᠵᠤ᠂ ᠴᠢᠩ ᠣᠯᠤᠰ ᠤᠨ ᠭᠤᠷᠪᠠᠨ ᠦᠶ᠎ᠡ ᠶᠢᠨ ᠬᠠᠭᠠᠨ᠂ ᠲᠠᠷᠦᠢ ᠲᠡᠭᠷᠢ ᠶᠢᠨ ᠰᠡᠴᠡᠨ ᠬᠠᠭᠠᠨ᠂ ᠡᠶᠡᠪᠡᠷ ᠵᠠᠰᠠᠭᠴᠢ ᠬᠠᠭᠠᠨ᠂ ᠡᠩᠬᠡ ᠠᠮᠣᠭᠤᠯᠠᠩ ᠬᠠᠭᠠᠨ ᠢ ᠲᠡᠮᠵᠢᠨ ᠲᠡᠳᠬᠦᠵᠤ᠂ ᠴᠢᠩ ᠣᠯᠤᠰ ᠤᠨ ᠲᠣᠯᠭᠤᠷ ᠲᠦᠷᠦ ᠶᠢᠨ ᠪᠦᠷᠢᠯᠳᠣᠨ ᠲᠣᠭᠳᠠᠨᠢᠬᠤ ᠪᠠ ᠪᠦᠬᠦ ᠤᠯᠤᠰ ᠤᠨ ᠨᠢᠭᠡᠳᠦᠯ ᠢ ᠪᠡᠶᠡᠯᠡᠭᠦᠯᠬᠦ ᠲᠡᠤᠬᠡᠨ ᠶᠠᠪᠣᠴᠠ ᠳᠤ ᠦᠪᠡᠷ ᠤᠨ ᠭᠠᠪᠢᠶ᠎ᠠ ᠵᠢᠣᠬᠦᠯ ᠢᠶᠠᠨ ᠦᠵᠡᠭᠦᠯᠵᠤ ᠶᠠᠪᠤᠭᠰᠠᠨ ᠮᠤᠩᠭᠤᠯ ᠦᠨᠳᠦᠰᠦᠳᠡᠨ ᠤ ᠭᠠᠷᠮᠠᠭᠠᠢ ᠡᠮᠡᠭᠳᠡᠢ ᠶᠤᠮ᠃   ᠲᠠᠬᠢᠮᠳᠠᠭᠤ ᠠᠮᠣᠷᠯᠢᠩᠭᠤᠢ ᠭᠡᠭᠡᠭᠡᠨ ᠰᠣᠳᠣ ᠬᠠᠳᠣᠨ ᠪᠤᠯ ᠮᠤᠩᠭᠤᠯ ᠤᠭᠰᠠᠭᠠᠨ ᠤ ᠪᠤᠷᠵᠢᠬᠢᠨ ᠤᠪᠤᠭᠳᠠᠨ᠂ ᠪᠤᠮᠪᠠᠳᠠᠢ ᠭᠡᠳᠡᠭ ᠨᠡᠷ᠎ᠡ ᠲᠠᠢ ︵ᠪᠠᠭ᠎ᠠ ᠶᠢᠨ ᠨᠡᠷ᠎ᠡ ᠨᠢ ᠪᠦᠮᠪᠤᠭᠡᠳᠡᠢ ᠭᠡᠳᠡᠭ ᠪᠣᠶᠤ ᠪᠠᠰᠠ ᠳ᠋ᠠ ᠢᠤᠢ ᠡᠯ ᠭᠡᠵᠤ ᠲᠠᠭᠤᠳᠠᠳᠠᠭ᠂ ᠴᠣᠬᠤᠮ ᠨᠡᠷ᠎ᠡ ᠨᠢ ᠴᠠᠭᠠᠨᠳᠠᠷ᠎ᠠ᠃1613 —1687 ᠣᠨ ᠬᠦᠷᠳᠡᠯ᠎ᠡ ᠠᠮᠢᠳᠠᠷᠠᠪᠠ︶᠃ ᠪᠤᠮᠪᠠᠳᠠᠢ ᠪᠤᠯ ᠴᠢᠩᠭᠢᠰ ᠬᠠᠭᠠᠨ ᠤ ᠢᠳᠡᠭᠡᠯᠳᠣ ᠲᠡᠭᠦᠤ ᠬᠠᠪᠣᠳᠣ ᠬᠠᠰᠠᠷ ᠤᠨ ᠠᠷᠪᠠᠨ ᠨᠠᠢᠮᠠᠳᠣᠭᠠᠷ ᠦᠶ᠎ᠡ ᠶᠢᠨ ᠬᠤᠶᠢᠴᠢ ᠪᠤᠯᠬᠤ ᠨᠤᠨ ᠬᠤᠷᠴᠢᠨ ᠤ ᠶᠡᠭᠡ ᠵᠠᠷᠭᠤᠴᠢ ᠪᠠᠶᠢᠭᠰᠠᠨ ᠪᠣᠷᠵᠢᠬᠢᠨ ᠤᠪᠤᠭᠳᠣ ᠮᠠᠩᠭᠤᠰ ᠨᠤᠶᠠᠨ ᠤ ᠤᠮᠪᠤᠯᠣ ᠦᠬᠢᠨ ᠎ ᠨᠢ ᠪᠤᠯᠤᠨ᠎ᠠ᠃          ᠭᠤᠴᠢᠨ ᠲᠦᠷᠪᠡ᠂ ᠲᠣᠮᠣᠭᠳᠣ ᠦᠬᠢᠨ ᠰᠣᠮᠠᠯ      ᠰᠣᠮᠠᠯ ᠬᠡᠤᠬᠡᠨ ᠪᠤᠯ ᠴᠡᠴᠡᠨ ᠰᠡᠷᠭᠦᠯᠡᠩ ᠤᠢ ᠤᠬᠠᠭᠠᠨ᠂ ᠪᠦᠳᠦᠭᠡᠯᠴᠢ ᠠᠪᠢᠶᠠᠰ ᠲᠠᠢ ᠠᠵᠢᠯᠴᠢ ᠬᠦᠳᠡᠯᠮᠤᠷᠢᠴᠢ ᠬᠦᠮᠦᠨ ᠮᠦᠷᠳᠡᠭᠡᠨ ᠬᠡᠳᠦᠨ ᠬᠡᠯᠡᠨ ᠤ ᠪᠢᠴᠢᠭ‌‍ᠰᠣᠶᠣᠯ ᠳᠤ ᠨᠡᠪᠳᠡᠷᠡᠭᠰᠡᠨ ᠰᠣᠳᠤᠨ ᠡᠮᠡᠭᠳᠡᠢ᠃ ᠲᠡᠷᠡ ᠮᠤᠩᠭᠤᠯ ᠡᠮᠡᠭᠳᠡᠶᠢᠴᠣᠳ ᠤᠨ ᠴᠢᠳᠠᠮᠠᠭᠠᠢ ᠠᠪᠢᠶᠠᠰ ᠪᠠ ᠠᠷᠣᠣᠬᠠᠨ ᠵᠣᠷᠢᠭ ᠢ ᠲᠡᠭᠡᠳᠦᠯᠡᠵᠤ᠂ ᠲᠠᠶᠢᠴᠢᠩ ᠭᠦᠷᠦᠨ ᠤ ᠬᠠᠮᠤᠭ ᠤᠨ ᠪᠠᠳᠠᠷᠠᠯ ᠭᠦᠭᠵᠢᠯ ᠤᠨ ᠦᠶ᠎ᠡ ᠭᠡᠮᠡᠭᠳᠡᠭᠰᠡᠨ ᠲᠡᠭᠷᠢ ᠶᠢᠨ ᠰᠡᠴᠡᠨ ᠬᠠᠭᠠᠨ ᠠᠴᠠ ᠡᠩᠬᠡ ᠠᠮᠤᠭᠤᠯᠠᠩ ᠤᠨ ᠲᠦᠷᠦ ᠶᠢ ᠲᠣᠭᠤᠯᠣᠨ ᠠᠯᠳᠠᠷᠰᠢᠵᠤ᠂ ᠮᠤᠩᠭᠤᠯ ᠡᠮᠡᠭᠳᠡᠢ ᠶᠢᠨ ᠰᠣᠣ ᠪᠢᠯᠢᠭ ᠢ ᠭᠠᠶᠢᠬᠠᠭᠤᠯᠵᠤ ᠶᠠᠪᠤᠭᠰᠠᠨ ᠶᠤᠮ᠃        ᠭᠤᠴᠢᠨ ᠲᠠᠪᠤ᠂ ᠶᠤᠮ ᠠᠭᠠᠰ ᠬᠠᠳᠣᠨ       ᠶᠤᠮ ᠠᠭᠠᠰ ᠬᠠᠳᠣᠨ ᠦᠢᠷᠠᠳ ᠤᠨ ᠬᠤᠯᠪᠤᠭᠠᠨ ᠳᠠᠬᠢ ᠠᠯᠳᠠᠷᠳᠣ ᠡᠮᠡᠭᠳᠡᠢ ᠪᠤᠯᠤᠨ᠎ᠠ᠃ ᠲᠡᠷᠡ ᠪᠠᠷ ᠠᠭᠤᠳᠠᠮᠴᠢ ᠪᠣᠳᠤᠯᠭ᠎ᠠ ᠲᠠᠢ ᠣᠯᠤᠰ ᠲᠦᠷᠦ ᠶᠢᠨ ᠭᠢᠷᠠᠬᠠᠢ ᠬᠠᠷᠠᠴᠠ ᠎ ᠲᠠᠢ᠂ ᠠᠪᠢᠶᠠᠰ ᠴᠢᠳᠠᠪᠤᠷᠢ ᠲᠠᠢ ᠪᠠᠶᠢᠳᠠᠭ ᠢᠶᠠᠷ ᠢᠶᠠᠨ ᠪᠦᠬᠦ ᠦᠢᠷᠠᠳᠴᠣᠳ᠂ ᠲᠡᠷᠡᠴᠢᠯᠡᠨ ᠲᠠᠯ᠎ᠠ ᠨᠣᠳᠤᠭ ᠤᠨ ᠮᠤᠩᠭᠤᠯᠴᠣᠳ ᠤᠨ ᠲᠣᠳᠣᠷ᠎ᠠ ᠲᠣᠩ ᠨᠦᠯᠦᠭᠡ ᠲᠣᠰᠬᠠᠯ ᠲᠠᠢ ᠪᠠᠶᠢᠭᠰᠠᠨ ᠶᠤᠮ᠃ ᠶᠤᠮ ᠠᠭᠠᠰ ᠬᠠᠳᠣᠨ ᠴᠣᠷᠣᠰ ᠤᠪᠤᠭᠳᠠᠨ ᠵᠢᠴᠢ ᠪᠦᠬᠦ ᠦᠢᠷᠠᠳ ᠤᠨ ᠲᠣᠳᠣᠷ᠎ᠠ ᠦᠷᠭᠡᠨ ᠨᠦᠯᠦᠭᠡ ᠲᠠᠢ ᠪᠠᠶᠢᠳᠠᠭ ᠠᠴᠠ ᠬᠤᠩ ᠲᠠᠶᠢᠵᠢ ᠰᠡᠩᠭᠡ ᠨᠠᠰᠣ ᠪᠠᠷᠠᠭᠰᠠᠨ ᠤ ᠲᠠᠷᠠᠭ᠎ᠠ᠂ ᠴᠣᠷᠣᠰ ᠣᠪᠤᠭ ᠤᠨ ᠲᠤᠳᠣᠭᠠᠳᠣ ᠶᠢᠨ ᠡᠷᠬᠡ ᠠᠰᠢᠭ ᠪᠤᠯᠢᠶᠠᠯᠳᠣᠬᠤ ᠰᠠᠮᠠᠭᠤᠨ ᠢ ᠣᠷᠠᠨ ᠢᠶᠠᠷ ᠰᠢᠢᠳᠪᠤᠷᠢᠯᠡᠵᠤ᠂ ᠬᠤᠩ ᠲᠠᠶᠢᠵᠢ ᠶᠢᠨ ᠵᠠᠯᠭᠠᠮᠵᠢᠯᠠᠭᠴᠢ ᠶᠢ ᠣᠨᠤᠪᠴᠢᠳᠠᠢ ᠰᠣᠩᠭᠤᠵᠤ ᠴᠢᠳᠠᠭᠰᠠᠨ ᠶᠤᠮ᠃ ᠢᠩᠬᠢᠭᠡᠳ ᠴᠣᠷᠣᠰᠴᠣᠳ ᠤᠨ ᠲᠣᠳᠣᠭᠠᠳᠣ ᠰᠠᠮᠠᠭᠤᠷᠠᠯ ᠢ ᠲᠦᠪᠰᠢᠳᠬᠡᠵᠤ᠂ ᠵᠡᠭᠦᠨ ᠭᠠᠷ ᠤᠯᠤᠰ ᠪᠠᠶᠢᠭᠤᠯᠤᠭᠳᠠᠬᠤ ᠳᠤ ᠰᠠᠭᠤᠷᠢ ᠲᠠᠯᠪᠢᠵᠤ ᠦᠭᠭᠦᠭᠰᠡᠨ ᠪᠤᠯᠬᠤᠷ ᠵᠡᠭᠦᠨ ᠭᠠᠷ ᠬᠠᠭᠠᠨᠳᠣ ᠣᠯᠤᠰ ᠤᠨ ᠬᠦᠨᠳᠦᠳᠬᠡᠯ ᠎ ᠲᠠᠢ ᠡᠬᠡ ᠪᠤᠯᠤᠭᠰᠠᠨ ᠶᠤᠮ᠃ ᠲᠡᠷᠡ ᠪᠤᠯ ᠲᠣᠷᠭᠤᠳ ᠤᠨ ᠱᠦᠭᠦᠷ ᠲᠠᠶᠢᠴᠢᠩ ᠤᠨ ᠦᠬᠢᠨ᠃ ᠴᠣᠷᠣᠰ ᠤᠨ ᠪᠠᠭᠠᠳᠣᠷ ᠬᠤᠩ ᠲᠠᠶᠢᠵᠢ ᠲᠠᠢ ᠬᠤᠷᠢᠮᠯᠠᠵᠤ᠂ ᠲᠡᠭᠦᠨ ᠤ ᠬᠠᠶᠢᠷ᠎ᠠ ᠶᠢ ᠭᠦᠨ᠎ᠡ ᠤᠯᠤᠭᠰᠠᠨ ᠶᠤᠮ᠃   ᠭᠤᠴᠢᠨ ᠵᠢᠷᠭᠤᠭ᠎ᠠ᠂ ᠠᠨᠤ ᠳ᠋ᠠᠷ᠎ᠠ ᠬᠠᠳᠣᠨ   ᠠᠨᠤ ᠳ᠋ᠠᠷ᠎ᠠ ᠬᠠᠳᠣᠨ ᠪᠤᠯ ᠭᠤᠶᠤ ᠦᠵᠡᠰᠭᠦᠯᠡᠩ ᠮᠦᠷᠳᠡᠭᠡᠨ ᠴᠡᠷᠢᠭ ᠤᠨ ᠡᠷᠳᠡᠮ ᠳᠤ ᠴᠠᠭᠠᠷᠠᠭᠰᠠᠨ ᠪᠠᠭᠠᠳᠣᠷ ᠡᠮᠡᠭᠳᠡᠢ ᠶᠤᠮ᠃ ᠲᠡᠷᠡ ᠭᠠᠯᠳᠠᠨ ᠪᠣᠱᠤᠭᠳᠣ ᠬᠠᠭᠠᠨ ᠢ ᠲᠠᠭᠠᠨ ᠣᠳᠠᠭᠠᠨ ᠵᠢᠯ ᠲᠠᠶᠢᠨ  ᠪᠠᠶᠢᠯᠳᠣᠭᠠᠨ ᠳᠤ ᠭᠠᠪᠰᠢᠭᠠᠶᠢᠯᠠᠨ ᠣᠷᠤᠯᠴᠠᠵᠤ᠂ ᠴᠡᠷᠢᠭ ᠠᠷᠠᠳ ᠤᠨ ᠲᠣᠳᠣᠷ᠎ᠠ ᠪᠠᠭᠠᠳᠣᠷ ᠡᠮᠡᠭᠳᠡᠢ ᠭᠡᠮᠡᠨ ᠠᠯᠳᠠᠷᠰᠢᠵᠤ ᠪᠠᠶᠢᠵᠡᠢ᠃ ᠲᠡᠷᠡ ᠬᠠᠷᠪᠣᠬᠤ ᠨᠠᠮᠨᠠᠬᠤ ᠵᠡᠷᠭᠡ ᠵᠡᠪᠰᠡᠭ ᠤᠨ ᠡᠷᠳᠡᠮ ᠢ ᠴᠢᠳᠠᠮᠠᠭᠠᠢ ᠡᠵᠡᠮᠰᠢᠵᠤ ᠪᠤᠳᠤᠯᠭ᠎ᠠ ᠴᠢᠳᠠᠪᠣᠷᠢ ᠶᠢᠨ ᠲᠠᠯ᠎ᠠ ᠪᠠᠷ ᠴᠦ ᠴᠢᠳᠠᠮᠠᠭᠠᠢ ᠪᠠᠶᠢᠵᠤ᠂ ᠲᠠᠶᠢᠨ ᠪᠠᠶᠢᠯᠳᠣᠭᠠᠨ ᠤ ᠠᠷᠭ᠎ᠠ ᠪᠣᠳᠤᠯᠭ᠎ᠠ ᠶᠢ ᠲᠣᠭᠳᠠᠭᠠᠬᠤ᠂ ᠪᠠᠴᠢᠮ ᠪᠠᠶᠢᠳᠠᠯ ᠢ ᠠᠷᠭᠠᠴᠠᠭᠠᠬᠤ᠂ ᠰᠢᠳᠪᠤᠷᠢᠳᠣ ᠲᠣᠭᠳᠠᠭᠠᠯ ᠭᠠᠷᠭᠠᠬᠤ ᠳᠤ ᠢᠳᠡᠪᠬᠢᠳᠡᠢ ᠣᠷᠤᠯᠴᠠᠵᠤ ᠰᠠᠨᠠᠯ ᠵᠦᠪᠯᠡᠯᠭᠡ ᠪᠠᠨ ᠲᠡᠪᠰᠢᠭᠦᠯᠵᠤ ᠪᠠᠶᠢᠭᠰᠡᠨ ᠪᠦᠭᠡᠳ ᠲᠠᠶᠢᠨ ᠪᠠᠶᠢᠯᠳᠣᠭᠠᠨ ᠢ ᠵᠢᠯᠤᠭᠤᠳᠬᠤ ᠳᠤ ᠎ ᠪᠠᠨ ᠴᠢᠳᠠᠮᠠᠭᠠᠢ ᠪᠠᠶᠢᠭᠰᠡᠨ᠃    ᠠᠨᠤ ᠳ᠋ᠠᠷ᠎ᠠ ᠬᠠᠳᠣᠨ ᠪᠤᠯ ᠬᠤᠱᠤᠳ ᠠᠶᠢᠮᠠᠭ ᠤᠨ ᠬᠦᠮᠦᠨ᠂ ᠬᠤᠱᠣᠳ ᠤᠨ ᠸᠴᠢᠷᠳᠣ ᠴᠡᠴᠡᠨ ᠲᠠᠶᠢᠵᠢ ᠶᠢᠨ ᠬᠦᠤ ᠭᠠᠯᠳᠠᠮᠪᠠ ᠶᠢᠨ ᠦᠬᠢᠨ ᠪᠤᠯᠤᠨ᠎ᠠ᠃    ᠮᠤᠩᠭᠤᠯ ᠤᠨ ᠠᠯᠳᠠᠷᠳᠣ ᠢᠷᠠᠭᠤ ᠨᠠᠶᠢᠷᠠᠭᠴᠢ ᠪᠢᠮᠪᠠᠵᠠᠪ ᠤᠨ ᠡᠩᠬᠡᠳᠣᠶᠠᠭ᠎ᠠ ︿︿ᠠᠨᠤ ᠬᠠᠳᠣᠨ﹀﹀ ᠭᠡᠬᠦ ᠨᠢᠭᠡᠨ ᠠᠩᠭᠢ ᠰᠢᠯᠦᠭ ᠪᠢᠴᠢᠵᠤ᠂ ᠠᠨᠤ ᠳ᠋ᠠᠷ᠎ᠠ ᠬᠠᠳᠤᠨ ᠢ ᠲᠣᠷᠠᠰᠬᠠᠨ ᠲᠡᠮᠳᠡᠭᠯᠡᠭᠰᠡᠨ ᠶᠤᠮ᠄      ︿︿   ᠰᠢᠨ᠎ᠡ ᠶᠢᠨ  ᠰᠠᠷᠠ ᠰᠢᠭ ᠠᠨᠤ ᠬᠠᠳᠣᠨ         ᠰᠢᠷᠭᠢᠬᠦ ᠨᠠᠭᠤᠷ ᠤᠨ ᠠᠯᠳᠠᠨ ᠵᠢᠷᠭᠠᠬᠠᠢ         ᠬᠤᠷᠮᠤᠰᠳᠠ ᠶᠢᠨ ᠦᠬᠢᠨ ᠰᠢᠭ ᠠᠨᠤ ᠬᠠᠳᠣᠨ         ᠬᠤᠭᠤᠷᠠᠭᠰᠠᠨ ᠮᠦᠴᠢᠷ ᠤᠨ ᠨᠢᠯᠬ᠎ᠠ ᠴᠡᠴᠡᠭ           ᠡᠷᠡᠬᠡᠢ ᠬᠤᠷᠤᠭᠤ ᠪᠠᠨ ᠡᠪᠡᠷᠰᠢᠳᠡᠯ᠎ᠡ           ᠡᠪᠡᠷ ᠨᠤᠮᠤ ᠡᠪᠰᠢᠶᠡᠯᠭᠡᠵᠤ ᠶᠠᠪᠣᠭᠰᠠᠨ           ᠡᠩᠭᠡᠰᠭᠡᠳᠣ ᠬᠠᠴᠠᠷ ᠢᠶᠠᠨ ᠲᠣᠯᠢᠳᠠᠬᠤ ᠵᠠᠪ ᠦᠭᠡᠢ           ᠡᠮᠡᠭᠡᠯ ᠤᠨ ᠪᠦᠭᠦᠷᠭᠡ ᠳᠤ ᠲᠣᠭᠭᠢᠵᠤ ᠶᠠᠪᠤᠭᠰᠠᠨ         ᠣᠷᠭᠤᠬᠤ ᠨᠠᠷᠠᠨ ᠰᠢᠭ ᠠᠨᠤ ᠬᠠᠳᠣᠨ         ᠣᠨᠳᠠᠷᠠᠬᠤ ᠭᠠᠯ ᠤᠨ ᠰᠢᠨᠡᠬᠡᠨ ᠬᠡᠰᠢᠭᠦᠤ         ᠡᠷᠡᠮᠡᠭ ᠵᠣᠷᠢᠮᠠᠭ ᠠᠨᠤ ᠬᠠᠳᠣᠨ         ᠡᠮᠳᠡᠷᠡᠭᠦ ᠬᠠᠳᠠᠨ ᠤ ᠪᠤᠯᠤᠷ ᠲᠠᠯᠠᠰᠳᠣ           ᠦᠬᠦᠯ ᠤᠨ ᠲᠠᠮᠠᠭ᠎ᠠ ᠲᠠᠢ ᠭᠠᠯᠳᠠᠨ ᠪᠣᠱᠣᠭᠳᠣ ᠳᠤ           ᠦᠢᠯᠡ ᠪᠠᠷ ᠬᠠᠨᠢᠯᠠᠭᠰᠠᠨ ᠦᠵᠡᠰᠭᠦᠯᠡᠩ ᠭᠤᠸ᠎ᠠ           ᠦᠳᠡᠯᠦᠭᠡᠳ ᠮᠣᠷᠳᠠᠬᠤ ᠬᠤᠷᠸ᠎ᠠ ᠶᠢᠨ ᠪᠠᠭᠤᠳᠠᠯ ᠳᠤ           ᠦᠯᠢᠭᠡᠷ ᠰᠢᠭ ᠦᠩᠭᠡᠷᠡᠭᠰᠡᠨ ᠮᠤᠩᠭᠤᠯᠵᠢᠨ ᠭᠤᠸ᠎ᠠ       ᠬᠠᠯᠬ᠎ᠠ ᠦᠢᠷᠠᠳ ᠤᠨ ᠡᠪ ᠬᠠᠭᠠᠷᠠᠬᠤ ᠳᠤ       ᠬᠠᠪᠴᠢᠯ ᠳᠤᠨᠢ ᠣᠨᠠᠭᠰᠠᠨ ᠬᠠᠳᠣᠨ ᠭᠤᠸ᠎ᠠ       ᠢᠰᠡᠭᠡᠢ ᠭᠦᠷᠦᠨ ᠤ ᠲᠡᠤᠬᠡ ᠶᠢᠨ ᠨᠡᠭᠦᠳᠡᠯ ᠳᠤ       ᠡᠮᠡᠭᠡᠯ ᠲᠡᠭᠡᠷ᠎ᠡ ᠬᠠᠯᠢᠭᠰᠠᠨ ᠮᠤᠩᠭᠤᠯᠵᠢᠨ ᠭᠤᠸ᠎ᠠ           ᠦᠨᠳᠡᠭᠡ ᠪᠠᠨ ᠲᠠᠷᠣᠵᠤ ᠴᠢᠳᠠᠭ᠎ᠠ ᠦᠭᠡᠢ           ᠦᠳᠣ ᠨᠢ ᠪᠣᠳᠠᠷᠠᠭᠰᠠᠨ ᠬᠤᠨ ᠠᠪᠠᠭ᠋ᠠᠢ           ᠦᠷ᠎ᠡ ᠪᠠᠨ ᠲᠡᠪᠡᠷᠢᠭᠡᠳ ᠪᠣᠴᠠᠭᠰᠠᠨ           ᠦᠷᠯᠦᠭ ᠲᠡᠤᠬᠡ ᠶᠢᠨ ᠬᠠᠳᠣᠨ ᠠᠪᠠᠭ᠋ᠠᠢ﹀﹀ ᠭᠡᠮᠡᠨ ᠲᠡᠭᠦᠨ ᠤ ᠰᠦᠭ ᠰᠦᠨᠡᠰᠣ ᠶᠢ ᠲᠠᠶᠢᠵᠤ ᠪᠢᠯᠡ᠃  
 
ᠢᠷᠡᠯᠲᠡ᠄ ᠳ᠋᠊᠂ ᠰᠡᠷᠭᠦᠯᠡᠩ ᠶᠢᠨ ᠬᠤᠯᠪᠤᠭ᠎ᠠ ᠪᠦᠷᠬᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号