ᠡᠪᠤᠯ ᠤᠨ ᠤᠯᠠᠷᠢᠯ ᠳᠤ ᠬᠡᠬᠡᠯ ᠲᠠᠢ ᠦᠬᠡᠷ ᠢ ᠠᠷᠠᠴᠢᠯᠠᠨ ᠬᠠᠮᠢᠶᠠᠷᠬᠤ ᠠᠷᠭ᠎ᠠ ᠬᠡᠮᠵᠢᠶ᠎ᠠ
ᠨᠡᠶᠢᠲᠡᠯᠡᠭᠰᠡᠨ ᠴᠠᠭ᠄
2017/2/14
      ᠡᠪᠤᠯ ᠤᠨ ᠤᠯᠠᠷᠢᠯ ᠳᠤ᠂ ᠬᠡᠬᠡᠯ ᠲᠠᠢ ᠦᠬᠡᠷ ᠤᠨ ᠠᠷᠠᠴᠢᠯᠠᠭ᠎ᠠ ᠬᠠᠮᠢᠶᠠᠷᠤᠯᠳᠠ ᠶᠢ ᠴᠢᠩᠭᠠᠳᠬᠠᠬᠤ ᠳᠤ ᠲᠤᠤᠷᠡᠬᠢ ᠮᠠᠳᠤ ᠠᠷᠭ᠎ᠠ ᠬᠡᠮᠵᠢᠶ᠎ᠠ ᠶᠢ ᠭᠠᠷᠳᠠᠪᠠᠯ ᠵᠤᠬᠢᠨ᠎ᠠ᠄               ᠬᠠᠰᠢᠶ᠎ᠠ ᠬᠤᠷᠢᠶ᠎ᠠ ᠶᠢ ᠰᠠᠯᠪᠢᠨ ᠵᠠᠰᠠᠵᠤ᠂ ᠬᠦᠢᠳᠠᠨ ᠠᠴᠠ ᠰᠠᠷᠬᠡᠶᠢᠯᠠᠨ ᠲᠤᠯᠠᠭᠠᠨ ᠪᠠᠶᠢᠯᠭᠠᠬᠤ ᠬᠡᠷᠡᠭᠳᠠᠢ᠃ ᠬᠡᠬᠡᠯ ᠲᠠᠢ ᠦᠬᠡᠷ ᠢ ᠲᠤᠰ ᠲᠤᠨᠢ ᠬᠠᠰᠢᠶ᠎ᠠ ᠬᠤᠷᠢᠶ᠎ᠠ ᠳᠤ  ᠪᠠᠶᠢᠯᠭᠠᠵᠤ᠂  ᠰᠢᠬᠠᠯᠴᠠᠬᠤ᠂ᠮᠦᠷᠬᠦᠯᠳᠤᠬᠦ ᠵᠡᠷᠬᠡ ᠰᠢᠯᠳᠠᠭᠠᠨ ᠠᠴᠠ ᠪᠤᠯᠵᠤ ᠬᠡᠬᠡᠯ ᠬᠠᠶᠠᠬᠤ ᠠᠴᠠ ᠰᠠᠷᠬᠡᠶᠢᠯᠡᠬᠦ ᠬᠡᠷᠡᠭᠳᠠᠢ᠃ ᠬᠠᠰᠢᠶ᠎ᠠ ᠬᠤᠷᠢᠶ᠎ᠠ ᠶᠢᠨ  ᠵᠠᠭᠠᠭ  ᠨᠦᠬᠡ   ᠶᠢ  ᠪᠦᠬᠡᠯᠡᠵᠤ᠂  ᠨᠠᠷᠠᠨ   ᠤ  ᠭᠡᠷᠡᠯ  ᠭᠦᠢᠴᠡᠤᠨ  ᠲᠤᠰᠬᠤ  ᠵᠢ‌‍ᠪᠠᠳᠤᠯᠠᠵᠦ᠂ ᠰᠠᠯᠬᠢᠨ ᠤᠷᠤᠬᠤ ᠠᠴᠠ ᠰᠠᠷᠬᠡᠶᠢᠯᠡᠵᠤ᠂ ᠬᠤᠷ᠎ᠠ ᠴᠠᠰᠤᠨ ᠤᠰᠤ ᠲᠤᠰᠤᠵᠤ ᠨᠡᠪᠳᠡᠷᠡᠬᠦ ᠦᠬᠡᠢ ᠪᠠ ᠴᠢᠭᠢᠭ ᠲᠠᠳᠠᠬᠤ ᠦᠬᠡᠢ ᠬᠠᠭᠤᠷᠠᠢ ᠪᠠᠶᠢᠯᠭᠠᠬᠤ ᠬᠡᠷᠡᠭᠳᠠᠢ᠃ ᠲᠠᠪᠢᠰᠬᠡᠷ ᠡᠪᠡᠰᠤ   ᠶᠢ  ᠨᠢ‌ᠦᠷᠬᠦᠯᠵᠢ ᠰᠤᠯᠢᠵᠤ᠂ ᠴᠠᠯᠠᠬᠡᠷ ᠡᠳᠤᠷ ᠤᠨ ᠦᠳᠠ ᠶᠢᠨ ᠦᠶᠠᠰ᠂ ᠦᠬᠡᠷ ᠢ ᠬᠠᠰᠢᠶ᠎ᠠ ᠬᠤᠷᠢᠶ᠎ᠠ ᠶᠢᠨ ᠭᠠᠳᠠᠨ᠎ᠠ ᠬᠦᠳᠡᠯᠬᠡᠬᠡᠨ ᠬᠢᠯᠬᠡᠵᠤ ᠨᠠᠷᠠᠨ ᠳᠤ ᠡᠬᠡᠪᠤᠷᠢᠯᠡᠬᠦᠯᠬᠦ ᠬᠡᠷᠡᠭᠳᠠᠢ᠃               ᠰᠢᠮ᠎ᠠ ᠲᠡᠵᠢᠬᠡᠯ ᠢ ᠴᠢᠩᠭᠠᠳᠬᠠᠵᠤ᠂ ᠨᠠᠷᠢᠨ ᠰᠠᠶᠢᠨ ᠢᠶᠠᠷ ᠠᠷᠠᠴᠢᠯᠠᠨ ᠲᠡᠵᠢᠬᠡᠬᠦ ᠬᠡᠷᠡᠭᠳᠠᠢ᠃ ᠦᠬᠡᠷ ᠬᠡᠬᠡᠯᠳᠡᠭᠰᠡᠨ ᠤ ᠲᠠᠷᠠᠭ᠎ᠠ᠂ ᠲᠡᠵᠢᠬᠡᠪᠤᠷᠢ ᠶᠢᠨ ᠲᠤᠳᠤᠷᠡᠬᠢ  ᠰᠢᠮ᠎ᠠ  ᠲᠡᠵᠢᠬᠡᠯ   ᠢ  ᠨᠡᠮᠡᠭᠳᠡᠬᠦᠯᠦᠨ᠂ᠡᠳᠤᠷ ᠪᠦᠷᠢ 1-2 ᠺᠢᠯᠦᠭᠷᠡᠮ ᠨᠠᠷᠢᠯᠢᠬ ᠲᠡᠵᠢᠬᠡᠪᠤᠷᠢ ᠨᠦᠬᠦᠪᠤᠷᠢᠯᠡᠨ ᠦᠭᠬᠦ ᠬᠡᠷᠡᠭᠳᠠᠢ᠃ ᠨᠦᠬᠦᠴᠠᠯ ᠲᠠᠢ ᠪᠤᠯᠪᠠᠯ  ᠬᠤᠯᠢᠮᠠᠭ  ᠨᠠᠷᠢᠯᠢᠬ  ᠲᠡᠵᠢᠬᠡᠪᠤᠷᠢ  ᠦᠭᠴᠤ  ᠲᠡᠵᠢᠬᠡᠵᠤ  ᠪᠤᠯᠤᠨ᠎ᠠ︔  ᠲᠡᠬᠦᠨ  ‍ᠢ‌ᠨᠠᠶᠢᠷᠠᠭᠤᠯᠬᠤ ᠬᠠᠷᠢᠴᠠᠯ ᠨᠢ ᠰᠢᠰᠢ 30 %᠂ ᠳ᠋ᠸᠤᠪᠢᠩ 20 %᠂ ᠲᠤᠳᠤᠷᠭ᠎ᠠ 15 %᠂ ᠬᠦᠪᠤᠩ ᠤᠨ ᠦᠷ᠎ᠠ ᠶᠢᠨ ᠱᠠᠭ15 %᠂ ᠲᠤᠰᠤᠯᠢᠭ ᠲᠠᠷᠢᠮᠠᠯ ᠤᠨ ᠱᠠᠭ5 %᠂ ᠲᠠᠷᠢᠶᠠᠨ ᠤ  ᠬᠡᠪᠡᠭ  15% ᠪᠤᠯᠤᠨ᠎ᠠ︔ ᠪᠠᠰᠨ ᠵᠤᠬᠢᠬᠤ ᠬᠡᠮᠵᠢᠶᠠᠨ ᠤ ᠶᠠᠰᠤᠨ ᠤ ᠨᠤᠨᠳᠠᠭ ᠪᠠ ᠬᠤᠭᠤᠯᠨ ᠶᠢᠨ ᠲᠠᠪᠤᠰᠤ ᠨᠠᠮᠠᠨ ᠦᠭᠴᠤ᠂ ᠲᠤᠭᠳᠠᠭᠰᠠᠨ ᠴᠠᠭ᠂ ᠲᠤᠭᠳᠠᠭᠰᠠᠨ ᠬᠡᠮᠵᠢᠶ᠎ᠠ ᠪᠠᠷ  ᠦᠭᠴᠤ᠂  ᠨᠠᠮᠠᠯᠳᠠ  ᠡᠳ᠋  ‍ᠢ‌‍ᠪᠠᠭ᠎ᠠ ᠦᠭᠴᠤ᠂ ᠬᠦᠬᠡᠴᠦᠷᠡᠭᠰᠡᠨ ᠲᠡᠵᠢᠬᠡᠪᠤᠷᠢ ᠪᠠᠷ ᠲᠡᠵᠢᠬᠡᠵᠤ ᠪᠤᠯᠬᠤ ᠦᠬᠡᠢ᠃ ᠴᠠᠪᠠᠷ ᠤᠰᠤ ᠤᠤᠭᠤᠯᠭᠠᠵᠤ᠂ ᠬᠠᠮᠤᠭ ᠤᠨ ᠰᠠᠶᠢᠨ   ᠨᠢ  ᠪᠦᠯᠢᠶᠠᠨ  ᠤᠰᠤ  ᠤᠤᠭᠤᠯᠭᠠᠬᠤ  ᠬᠡᠷᠡᠭᠳᠠᠢ᠃  ᠡᠪᠤᠯ  ‍ᠤᠨ‌ᠤᠯᠠᠷᠢᠯ ᠳᠤ ᠬᠠᠰᠢᠶ᠎ᠠ ᠬᠤᠷᠢᠶ᠎ᠠ ᠳᠤ ᠡᠪᠡᠰᠤ ᠲᠡᠵᠢᠬᠡᠪᠤᠷᠢ ᠦᠭᠴᠤ ᠲᠡᠵᠢᠬᠡᠬᠦ ᠳᠡᠭᠡᠨ ᠶᠠᠷᠤ ᠳᠡᠭᠡᠨ ᠬᠠᠭᠤᠷᠠᠢ ᠡᠪᠡᠰᠤ᠂ ᠲᠤᠳᠤᠷᠭ᠎ᠠ ᠶᠢᠨ ᠡᠰᠢ ᠵᠡᠷᠬᠡ ᠪᠦᠳᠦᠬᠦᠯᠢᠭ ᠲᠡᠵᠢᠬᠡᠪᠤᠷᠢ  ᠦᠭᠴᠤ  ᠲᠡᠵᠢᠬᠡᠬᠦ  ᠪᠡᠷ‌ᠭᠤᠤᠯ ᠪᠤᠯᠭᠠᠳᠠᠭ ᠤᠴᠢᠷ ᠠᠴᠠ ᠡᠪᠡᠰᠤ ᠲᠡᠵᠢᠬᠡᠪᠤᠷᠢ ᠶᠢ ᠵᠤᠬᠢᠰᠳᠠᠢ ᠨᠠᠶᠢᠷᠠᠭᠤᠯᠤᠨ ᠲᠤᠬᠢᠷᠠᠭᠤᠯᠵᠤ ᠦᠭᠬᠦ ᠶᠢ  ᠠᠩᠬᠠᠷᠴᠤ᠂  ᠬᠠᠮᠤᠭ   ᠤᠨ  ᠰᠠᠶᠢᠨ   ᠨᠢ  ᠰᠢᠪᠳᠦᠷᠵᠢᠭᠤᠯᠤᠭᠰᠠᠨ  ᠡᠪᠡᠰᠤ  ᠲᠡᠵᠢᠬᠡᠪᠤᠷᠢ‌ᠦᠭᠴᠤ ᠲᠡᠵᠢᠬᠡᠪᠠᠯ ᠵᠤᠬᠢᠨ᠎ᠠ᠃               ᠵᠤᠬᠢᠬᠤ ᠬᠡᠮᠵᠢᠶᠠᠨ ᠤ ᠬᠦᠳᠡᠯᠬᠡᠬᠡᠨ ᠬᠢᠯᠬᠡᠵᠤ᠂ ᠵᠦᠢ ᠵᠤᠬᠢᠰᠳᠠᠢ ᠪᠠᠷ ᠵᠠᠷᠤᠵᠤ ᠬᠡᠷᠡᠭᠯᠡᠨ᠎ᠠ᠃ ᠬᠡᠬᠡᠯᠳᠡᠭᠰᠡᠨ ᠦᠬᠡᠷ ᠤᠨ ᠬᠡᠬᠡᠯ ᠤᠨ ᠲᠤᠮᠳᠠ ᠬᠤᠭᠤᠴᠠᠭᠠᠨ ᠳᠤ ᠬᠦᠷᠦᠭᠰᠡᠨ ᠦᠶ᠎ᠠ ᠳᠤ᠂ ᠲᠠᠬᠦᠨ‌ᠢ ᠵᠠᠷᠤᠵᠤ ᠬᠡᠷᠡᠭᠯᠡᠬᠦ ᠬᠦᠴᠤᠯᠠᠴᠨ ᠶᠢ ᠠᠭᠠᠵᠢᠮ ᠢᠶᠠᠷ ᠪᠠᠭᠠᠰᠬᠠᠬᠤ ᠬᠡᠷᠡᠭᠳᠠᠢ᠃ ᠲᠤᠭᠤᠯᠯᠠᠬᠤ ᠠᠴᠠ 1 ᠰᠠᠷ᠎ᠠ  ᠡᠮᠤᠨ᠎ᠠ᠂  ᠵᠠᠷᠤᠵᠤ  ᠬᠡᠷᠡᠭᠯᠡᠬᠦ   ᠪᠠᠨ  ᠵᠤᠭᠰᠤᠭᠠᠵᠤ᠂  ᠬᠡᠬᠡᠯ  ᠬᠠᠶᠠᠬᠤ   ᠠᠴᠠ  ᠵᠠᠶᠢᠴᠠᠭᠤᠯᠤᠨ‌‍ᠰᠠᠷᠬᠡᠶᠢᠯᠡᠬᠦ ᠬᠡᠷᠡᠭᠳᠠᠢ᠃ ᠪᠦᠷᠢᠮᠦᠰᠤᠨ ᠬᠠᠰᠢᠶ᠎ᠠ ᠬᠤᠷᠢᠶ᠎ᠠ ᠳᠤ ᠬᠠᠰᠢᠶᠠᠯᠠᠨ ᠲᠡᠵᠢᠬᠡᠵᠤ ᠪᠠᠶᠢᠬᠤ ᠬᠡᠬᠡᠯ ᠲᠠᠢ ᠦᠬᠡᠷ ᠢ ᠠᠭᠠᠷ  ᠴᠠᠯᠡᠬᠡᠷ  ᠨᠠᠷᠠ   ᠲᠠᠢ  ᠡᠳᠤᠷ   ᠲᠤ  ᠬᠠᠰᠢᠶ᠎ᠠ  ᠬᠤᠷᠢᠶ᠎ᠠ   ᠠᠴᠠ  ᠭᠠᠷᠭᠠᠵᠤ‌ᠵᠤᠬᠢᠰᠳᠠᠢ ᠬᠦᠳᠡᠯᠬᠡᠬᠡᠨ ᠬᠢᠯᠬᠡᠵᠤ᠂ ᠬᠡᠬᠡᠯ ᠲᠠᠢ ᠦᠬᠡᠷ ᠲᠤᠭᠤᠯᠯᠠᠬᠤ ᠳᠠᠭᠠᠨ ᠪᠡᠷᠬᠡᠳᠡᠬᠦ ᠪᠠᠶᠢᠳᠠᠯ ᠡᠬᠦᠰᠬᠦ ᠠᠴᠠ ᠰᠠᠷᠬᠡᠶᠢᠯᠡᠵᠤ ᠪᠤᠯᠤᠨ᠎ᠠ᠃ ᠬᠡᠷᠪᠡ ᠲᠤᠭᠤᠯᠯᠠᠬᠤ   ᠳᠠᠭᠠᠨ  ᠪᠠᠭ᠋ᠠᠨ  ᠬᠦᠴᠢᠷᠳᠡᠬᠦ  ᠪᠠᠶᠢᠳᠠᠯ‌‍ᠲ᠋ᠠᠢ ᠪᠤᠯ ᠦᠨᠤᠴᠢᠨ ᠲᠡᠷᠢᠬᠢ ᠶᠢᠨ ᠠᠷᠤ ᠨᠠᠪᠴᠢ ᠶᠢᠨ ᠬᠤᠷᠮᠤᠨ ᠢ ᠬᠡᠷᠡᠭᠯᠡᠵᠤ ᠲᠤᠭᠤᠯᠯᠠᠬᠤ ᠶᠢ ᠱᠠᠮᠳᠤᠭᠤᠯᠤᠨ᠎ᠠ︔ ᠢᠩᠬᠢᠬᠦ ᠳᠡᠭᠡᠨ ᠨᠢᠬᠡ ᠤᠳᠠᠭ᠎ᠠ ᠳᠤ ᠠᠷᠠᠰᠤᠨ  ᠲᠤᠤᠷ᠎ᠠ   ᠨᠢ  60-100ᠨᠢᠬᠡᠴᠢ ᠶᠢᠨ ᠬᠡᠮᠵᠢᠶ᠎ᠠ ᠪᠠᠷ ᠦᠨᠤᠴᠢᠨ ᠲᠡᠷᠢᠬᠢ ᠶᠢᠨ ᠠᠷᠤ ᠨᠠᠪᠴᠢ ᠶᠢᠨ ᠬᠤᠷᠮᠤᠨ ᠢ ᠲᠠᠷᠢᠨ᠎ᠠ᠃ ᠪᠠᠰᠨ 10-20 ᠮᠢᠯᠢᠭᠷᠡᠮ ᠡᠲ᠋ᠢᠯᠧᠨ᠋ᠳᠤ ᠡᠮ ᠹᠧᠨᠣᠯ ᠢ ᠰᠤᠩᠭᠤᠨ ᠠᠷᠠᠰᠤᠨ ᠲᠤᠤᠷ᠎ᠠ ᠨᠢ  ᠲᠠᠷᠢᠪᠠᠯ᠂ᠰᠠᠶᠢᠨ ᠦᠷ᠎ᠠ ᠳ᠋ᠦᠩ ᠤᠯᠬᠤ ᠶᠤᠮ᠃              ( ᠯᠢᠦ ᠪᠤ ᠯᠢᠨ)  
 
ᠢᠷᠡᠯᠲᠡ᠄ ᠰᠢᠨᠵᠢᠶᠠᠩ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号