ᠮᠣᠩᠭᠤᠯ ᠳ᠋ᠣᠺᠲ᠋ᠣᠷ ᠰᠠᠷᠠᠨ᠎ᠠ ᠶᠢᠨ ᠮᠡᠳᠡᠯᠭᠡ ᠬᠥᠭᠡᠭᠡᠴᠡᠯᠳᠦᠭᠰᠡᠨ ᠠᠶᠠᠨ
ᠨᠡᠶᠢᠲᠡᠯᠡᠭᠰᠡᠨ ᠴᠠᠭ᠄
2017/2/14
     ᠮᠣᠩᠭᠤᠯ ᠳ᠋ᠣᠺᠲ᠋ᠣᠷ ᠰᠠᠷᠠᠨ᠎ᠠ ᠶᠢᠨ ᠮᠡᠳᠡᠯᠭᠡ ᠬᠥᠭᠡᠭᠡᠴᠡᠯᠳᠦᠭᠰᠡᠨ ᠠᠶᠠᠨ
     ᠰᠠᠷᠠᠨ᠎ᠠ 1984 ᠤᠨ ᠳᠤ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠪᠠᠯᠭᠠᠰᠤᠨ ᠳᠤ ᠲᠦᠷᠦᠵᠦ᠂1999 ᠤᠨ ᠳᠤ ᠳ᠋ᠠᠪᠠᠨ ᠤ ᠨᠢᠭᠡᠳᠤᠭᠡᠷ ᠲᠤᠮᠳᠠᠳᠤ ᠰᠤᠷᠭᠠᠭᠤᠯᠢ ᠶᠢᠨ ᠠᠴᠠ ᠲᠡᠬᠦᠰᠴᠤ᠂  ᠤᠳᠤ  ᠠᠦ᠋ᠰᠲᠷᠠᠯᠢᠶ᠎ᠠ   ᠶᠢᠨ  ᠺᠦᠢᠨᠰᠯᠠᠨᠳ᠋ ᠤᠨ  ᠰᠢᠨᠵᠢᠯᠠᠬᠦ  ᠤᠬᠠᠭᠠᠨ ᠲᠧᠭᠨᠢᠭ ᠮᠡᠷᠭᠡᠵᠢᠯ ᠤᠨ ᠶᠡᠭᠡ ᠰᠤᠷᠭᠠᠭᠤᠯᠢ(Queensland  University  of  Technology)   ᠳᠤ  ᠠᠵᠢᠯ   ᠤᠨ ᠭᠠᠷᠤᠭ᠎ᠠ ᠠᠪᠴᠠᠢ᠂ ᠠᠬᠠᠯᠠᠭᠴᠢ ᠳ᠋ᠤᠺᠲ᠋ᠤᠷ᠂ ᠭᠡᠷᠡᠯ ᠲᠦᠷᠭᠡᠳᠭᠡᠬᠦᠷ ᠪᠠ ᠤᠯᠠᠨ ᠴᠢᠳᠠᠪᠬᠢᠳᠤ  ᠨᠠᠨᠦ᠋  ᠮᠡᠲ᠋ᠧᠷᠢᠶᠠᠯ   ᠤᠨ  ᠰᠤᠳᠤᠯᠭᠠᠳᠠᠨ᠂ ᠬᠤᠨᠭ᠌ ᠪᠤᠤ ᠰᠠᠭᠤᠷᠢ ᠮᠦᠡᠭᠬᠦ ᠶᠢᠨ ᠱᠠᠩᠨᠠᠯ ᠢ ᠬᠦᠷᠳᠡᠭᠴᠢ ᠪᠤᠯᠤᠨ᠎ᠠ᠃              ᠲᠡᠷᠡ 2006 ᠤᠨ ᠪᠠ 2009  ᠤᠨ   ᠳᠤ  ᠦᠪᠤᠷ  ᠮᠤᠩᠭᠤᠯ  ᠶᠡᠭᠡ  ᠰᠤᠷᠭᠠᠭᠤᠯᠢ   ᠶᠢᠨ  ᠬᠢᠮᠢ  ᠶᠢᠨ ᠰᠠᠯᠪᠦᠷᠢ ᠳᠤ ᠰᠤᠷᠤᠯᠴᠠᠨ᠂ ᠮᠠᠭᠢᠰᠲ᠋ᠧᠷ ᠴᠤᠯᠠ ᠬᠠᠮᠠᠭᠠᠯᠠᠵᠠᠢ᠂ ᠡᠭᠦᠨ ᠳᠤ 2008  ᠤᠨ   ᠳᠤ  ᠺᠦᠢᠨᠰᠯᠠᠨᠳ᠋ ᠤᠨ  ᠰᠢᠨᠵᠢᠯᠠᠬᠦ  ᠤᠬᠠᠭᠠᠨ  ᠲᠧᠭᠨᠢᠭ ᠮᠡᠷᠭᠡᠵᠢᠯ ᠤᠨ ᠶᠡᠭᠡ ᠰᠤᠷᠭᠠᠭᠤᠯᠢ ᠶᠢᠨ ᠤᠷᠢᠯᠭ᠎ᠠ ᠪᠠᠷ ᠵᠤ᠋ ᠬᠤᠸᠡᠢ ᠶᠦᠡᠭ ᠫᠷᠤᠹᠧᠰᠰᠤᠷ ᠢ ᠪᠠᠭᠰᠢ ᠪᠠᠷᠢᠵᠤ᠂ ᠠᠦ᠋ᠰᠲᠷᠠᠯᠢᠶ᠎ᠠ ᠳᠤ ᠨᠢᠭᠡ ᠵᠢᠯ ᠤᠨ ᠬᠤᠭᠤᠴᠠᠭ᠎ᠠ ᠲᠠᠢ ᠠᠶᠢᠯᠴᠢᠯᠠᠨ ᠰᠤᠷᠤᠯᠴᠠᠭᠰᠠᠨ ᠪᠠᠶᠢᠨ᠎ᠠ᠃ ᠡᠨᠡᠬᠦ ᠬᠤᠪᠤᠷ ᠨᠠᠨᠳᠢᠨ ᠠᠵᠠ ᠲᠤᠬᠢᠶᠠᠯ ᠨᠢ ᠲᠡᠬᠦᠨ ᠳᠤ  ᠭᠡᠭᠡᠷ᠎ᠠ   ᠶᠢᠨ ᠭᠠᠯᠠᠭᠤ ᠨᠢᠰᠦᠭᠡᠳ ᠬᠦᠷᠬᠦ ᠦᠭᠡᠢ ᠭᠠᠵᠠᠷ ᠠᠴᠠ ᠬᠦᠮᠦᠨ ᠤ ᠦᠷ᠎ᠠ ᠡᠷᠳᠡᠨᠢ ᠡᠪᠤᠷᠯᠠᠵᠤ  ᠬᠠᠷᠢᠬᠤ  ᠬᠦᠰᠡᠯ   ᠤᠨ  ᠵᠢᠬᠦᠷ  ᠤᠷᠭᠤᠯᠵᠤ᠂ ᠡᠷᠳᠡᠮ ᠰᠢᠨᠵᠢᠯᠡᠭᠡᠨ ᠤ ᠦᠨᠳᠤᠷ ᠠᠮᠵᠢᠯᠳᠠ ᠳᠤ ᠬᠦᠷᠬᠦ ᠠᠩᠬᠠᠨ ᠤ ᠵᠠᠮ ᠢᠶᠠᠨ ᠡᠯᠭᠦᠵᠦ᠂ ᠦᠪᠡᠷ ᠤᠨ ᠰᠤᠳᠤᠯᠭᠠᠨ ᠤ  ᠦᠢᠯᠠᠰ   ᠢᠶᠠᠨ ᠡᠬᠢᠯᠡᠬᠦᠯᠦᠭᠰᠠᠨ ᠶᠤᠮ᠃                2010 ᠤᠨ ᠳᠤ ᠲᠡᠷᠠ ᠺᠦᠢᠨᠰᠯᠠᠨᠳ᠋ ᠤᠨ ᠰᠢᠨᠵᠢᠯᠠᠬᠦ ᠤᠬᠠᠭᠠᠨ ᠲᠧᠭᠨᠢᠭ ᠮᠡᠷᠭᠡᠵᠢᠯ ᠤᠨ  ᠶᠡᠭᠡ  ᠰᠤᠷᠭᠠᠭᠤᠯᠢ   ᠶᠢᠨ  ᠬᠠᠮᠤᠭ ᠦᠨᠳᠤᠷ ᠱᠠᠩᠨᠠᠯ ᠤᠨ ᠮᠦᠡᠭᠬᠦ ᠢ ᠬᠦᠷᠳᠡᠵᠤ᠂ ᠬᠢᠮᠢ ᠶᠢᠨ ᠳ᠋ᠤᠺᠲ᠋ᠤᠷ ᠴᠤᠯᠠ  ᠬᠠᠮᠠᠭᠠᠯᠠᠬᠤ  ᠰᠤᠳᠤᠯᠭᠠᠨ   ᠢᠶᠠᠨ  ᠡᠬᠢᠯᠠᠬᠦᠯᠵᠠᠢ᠃  ᠡᠨᠡᠬᠦ ᠬᠤᠭᠤᠴᠠᠭᠠᠨ ᠳᠤ ᠲᠡᠬᠦᠨ ᠤ ᠠᠩᠭ᠍ᠯᠢ ᠬᠡᠯᠡ ᠪᠠᠷ ᠪᠢᠴᠢᠭᠳᠡᠭᠰᠡᠨ20 ᠭᠠᠷᠤᠢ  ᠰᠤᠳᠤᠯᠭᠠᠨ   ᠤ  ᠦᠷ᠎ᠠ  ᠪᠦᠲᠦᠭᠡᠯ ᠤᠨ  ᠦᠬᠦᠯᠠᠯ   ᠨᠢ ︽ᠠᠮᠧᠷᠢᠺᠠ ᠶᠢᠨ ᠬᠢᠮᠢ ᠶᠢᠨ ᠨᠠᠶᠢᠭᠡᠮᠯᠢᠭ︾᠂ ︽ᠭᠧᠷᠮᠠᠨ ᠤ ᠭᠡᠷᠡᠭᠯᠡᠭᠡᠨ ᠤ ᠬᠢᠮᠢ︾᠂ ︽ᠮᠠᠲ᠋ᠧᠷᠢᠶᠠᠯ ᠤᠨ ᠬᠢᠮᠢ︾ ᠵᠢᠴᠢ ᠠᠩᠭ᠍ᠯᠢ ᠶᠢᠨ ᠬᠠᠭᠠᠨ ᠤ ᠤᠭᠰᠠᠭᠠᠳᠠᠨ ᠤ ᠰᠢᠨᠵᠢᠯᠠᠬᠦ ᠤᠬᠠᠭᠠᠨ ᠤ ᠬᠦᠷᠢᠶᠠᠯᠠᠩ ᠤᠨ ︽ᠬᠢᠮᠢ ᠶᠢᠨ ᠰᠢᠨᠵᠢᠯᠠᠬᠦ ᠤᠬᠠᠭᠠᠨ︾ ᠵᠡᠷᠭᠡ ᠲᠠᠯᠠᠭᠡᠢ  ᠶᠢᠨ ᠬᠢᠷᠢ  ᠲᠦᠪᠰᠢᠨ ᠪᠦᠬᠦᠢ ᠰᠡᠳᠬᠦᠯ ᠳᠤ ᠵᠠᠯᠭᠠᠪᠡᠷ ᠨᠡᠶᠢᠲᠡᠯᠡᠭᠳᠡᠵᠦ᠂ ᠲᠤᠰ ᠰᠤᠳᠤᠯᠭᠠᠨ ᠤ ᠬᠡᠪᠴᠢᠶᠠᠨ ᠳᠤ ᠮᠠᠰᠢ ᠤᠯᠠᠨ ᠡᠷᠳᠡᠮᠳᠠᠨ  ᠰᠤᠳᠤᠯᠭᠠᠳᠠᠳ   ᠤᠨ ᠠᠩᠬᠠᠷᠤᠯ ᠢ ᠲᠠᠳᠠᠭᠰᠠᠨ ᠶᠤᠮ᠃              ᠲᠡᠷᠠ ᠭᠧᠷᠮᠠᠨ᠂ ᠹᠷᠠᠨᠽᠢ ᠪᠠ ᠶᠠᠫᠤᠨ ᠵᠡᠷᠭᠡ ᠤᠯᠤᠰ ᠲᠤ ᠪᠤᠯᠤᠬᠰᠠᠨ‌ᠤᠯᠠᠨ ᠤᠯᠤᠰ ᠤᠨ ᠡᠷᠳᠡᠮ ᠰᠢᠨᠵᠢᠯᠡᠭᠡᠨ  ᠤ ᠬᠤᠷᠠᠯ ᠳᠡᠭᠡᠷ᠎ᠡ ᠡᠷᠳᠡᠮ ᠰᠢᠨᠵᠢᠯᠡᠭᠡᠨ ᠤ ᠶᠠᠷᠢᠶ᠎ᠠ ᠢᠯᠡᠳᠭᠡᠯ ᠬᠢᠵᠤ᠂ ᠤᠷᠢᠳ ᠬᠤᠵᠢᠳ  ᠠᠦ᠋ᠰᠲᠷᠯᠢᠶ᠎ᠠ   ᠶᠢᠨ  ᠴᠦᠮ᠎ᠠ   ᠶᠢᠨ  ᠡᠨᠧᠷᠺᠢ   ᠶᠢᠨ  ᠰᠢᠨᠵᠢᠯᠠᠬᠦ ᠤᠬᠠᠭᠠᠨ ᠮᠡᠷᠭᠡᠵᠢᠯ ᠤᠨ ᠲᠦᠪ ᠪᠠ ᠪᠧᠯᠲ ᠶᠢᠨ ᠴᠦᠮ᠎ᠠ ᠶᠢᠨ ᠡᠨᠧᠷᠺᠢ ᠶᠢᠨ ᠰᠤᠳᠤᠯᠭᠠᠨ ᠤ ᠲᠦᠪ ᠳᠤ ᠬᠠᠮᠳᠤᠷᠠᠨ ᠰᠤᠳᠤᠯᠠᠬᠤ ᠲᠦᠷᠦᠯ ᠵᠦᠢᠯ ᠢᠶᠠᠨ ᠠᠮᠵᠢᠯᠳᠠᠢ ᠪᠠᠶᠠᠯᠠᠬᠦᠯᠦᠭᠰᠠᠨ ᠪᠠᠶᠢᠨ᠎ᠠ᠃              ᠴᠢᠷᠮᠠᠶᠢᠯᠭ᠎ᠠ ᠬᠦᠮᠦᠨ ᠢ ᠭᠤᠮᠤᠲᠠᠭᠠᠲᠠᠭ ᠦᠭᠡᠢ ᠭᠡᠲᠡᠭᠴᠢᠯᠡᠨ ᠲᠡᠷᠠ 2012 ᠤᠨ ᠳᠤ ᠰᠢᠯᠢᠳᠡᠭ ᠳ᠋ᠤᠺᠲ᠋ᠤᠷ   ᠤᠨ  ᠱᠠᠩᠨᠠᠯ᠂ 2013 ᠤᠨ ᠳᠤ ᠳ᠋ᠤᠺᠲ᠋ᠤᠷ ᠤᠨ ᠰᠤᠳᠤᠨ ᠦᠬᠦᠯᠠᠯ ᠤᠨ ᠱᠠᠩᠨᠠᠯ ᠢᠶᠠᠷ ᠡᠩᠭᠡᠷ ᠢᠶᠠᠨ ᠮᠢᠯᠢᠶᠠᠯᠭᠠᠭᠰᠠᠨ ᠪᠠᠶᠢᠨ᠎ᠠ᠃              2014 ᠤᠨ ᠤ 7 ᠰᠠᠷ᠎ᠠ ᠳᠤ ᠰᠠᠷᠠᠨ᠎ᠠ ᠭᠧᠷᠮᠠᠨ ᠤ ᠠᠯᠧᠺᠰᠠᠨᠳ᠋ᠷᠢᠶ᠎ᠠ᠂ ᠹᠸᠡᠭ᠂ ᠬᠤᠨᠭ᠌ ᠪᠤᠤ ᠰᠠᠭᠤᠷᠢ ᠮᠦᠡᠭᠬᠦᠨ ᠤ ᠨᠠᠶᠢᠭᠡᠮᠯᠢᠭ ᠤᠨ ᠰᠤᠳᠤᠯᠭᠠᠨ ᠤ ᠲᠡᠮᠵᠢᠯᠭᠡ ᠶᠢ ᠬᠦᠷᠳᠡᠵᠤ᠂ ᠭᠧᠷᠮᠠᠨ ᠤ ᠮᠡᠷᠺᠰ—ᠪᠤᠯᠠᠩᠺ ᠰᠤᠳᠤᠯᠭᠠᠨ  ᠤ ᠲᠦᠪ ᠳᠤ ᠨᠢᠭᠡ ᠵᠢᠯ   ᠤᠨ  ᠬᠤᠭᠤᠴᠠᠭ᠎ᠠ ᠲᠠᠢ ᠠᠬᠠᠯᠠᠭᠴᠢ ᠳ᠋ᠤᠺᠲ᠋ᠤᠷ ᠤᠨ ᠰᠤᠳᠤᠯᠭᠠᠨ ᠬᠢᠪᠠ᠃ 2015 ᠤᠨ  ᠤ 6 ᠰᠠᠷ᠎ᠠ ᠳᠤ ᠬᠤᠨᠭ᠌ ᠪᠤᠤ ᠰᠠᠭᠤᠷᠢ ᠮᠦᠡᠭᠬᠦᠨ ᠤ  ᠨᠠᠶᠢᠭᠡᠮᠯᠢᠭ ᠤᠨ ᠵᠢᠯ ᠤᠨ ᠡᠭᠡᠯᠵᠢᠳᠤ ᠬᠤᠷᠠᠯ ᠤᠨ ᠬᠤᠭᠤᠴᠠᠭᠠᠨ ᠳᠤ ᠠᠦ᠋ᠰᠲᠷᠠᠯᠢᠶ᠎ᠠ ᠠᠴᠠ ᠭᠧᠷᠮᠠᠨ ᠳᠤ ᠢᠷᠡᠭᠰᠠᠨ 14 ᠬᠤᠨᠭ᠌ ᠪᠤᠤ ᠰᠤᠳᠤᠯᠭᠠᠳᠠᠨ ᠤ ᠨᠢᠭᠡ ᠪᠤᠯᠤᠭᠰᠠᠨ ᠤ ᠬᠤᠪᠢ ᠳᠤ᠂ ᠲᠤᠬᠠᠢ ᠶᠢᠨ ᠦᠶ᠎ᠡ ᠵᠢᠨ‌‍ᠭᠧᠷᠮᠠᠨ ᠤ ᠶᠠᠷᠤᠩᠬᠡᠶᠢᠯᠡᠭᠴᠢ ᠭᠤᠣᠺᠧ ᠪᠠ ᠠᠦ᠋ᠰᠲᠷᠠᠯᠢᠶ᠎ᠠ  ᠠᠴᠠ ᠭᠧᠷᠮᠠᠨ   ᠳᠤ ᠰᠠᠭᠤᠭ᠎ᠠ ᠡᠯᠴᠢᠨ ᠰᠠᠶᠢᠳ ᠳ᠋ᠠᠢ ᠸᠧᠢ᠂ ᠯᠢᠴᠢ᠂ ᠶᠢᠨ ᠨᠠᠷ ᠤᠨ ᠬᠦᠯᠢᠶᠠᠨ ᠠᠪᠬᠤ ᠠᠭᠤᠯᠵᠠᠯᠲᠠ  ᠳᠤ ᠤᠷᠤᠯᠴᠠᠪᠠ᠃              2015 ᠤᠨ ᠤ 7 ᠰᠠᠷ᠎ᠠ ᠳᠤ ᠬᠤᠨᠭ᠌ ᠪᠤᠤ ᠰᠠᠭᠤᠷᠢ ᠮᠦᠡᠭᠬᠦᠨ ᠤ ᠨᠠᠶᠢᠭᠡᠮᠯᠢᠭ ᠪᠠ ᠯᠢᠨ ᠳ᠋ᠤᠤ ᠶᠢᠨ ᠨᠤᠫᠧᠯ ᠤᠨ ᠱᠠᠩᠨᠠᠯ ᠤᠨ ᠶᠡᠭᠡ ᠬᠤᠷᠠᠯ ᠤᠨ ᠵᠦᠪᠯᠠᠯ ᠤᠨ ᠴᠢᠩᠭ᠎ᠠ ᠨᠢᠮᠪᠠᠢ ᠰᠢᠯᠭᠠᠷᠠᠭᠤᠯᠤᠯᠳᠠ ᠪᠠᠷ ᠲᠠᠮᠵᠢᠨ᠂ ᠬᠤᠨᠭ᠌ ᠪᠤᠤ ᠰᠠᠭᠤᠷᠢ ᠮᠦᠡᠭᠬᠦᠨ ᠤ ᠨᠠᠶᠢᠭᠡᠮᠯᠢᠭ   ᠤᠨ 8 ᠲᠦᠯᠦᠭᠡᠯᠡᠭᠴᠢ ᠶᠢᠨ ᠨᠢᠭᠡ ᠪᠠᠷ ᠰᠤᠩᠭᠤᠭᠳᠠᠨ᠂ 2015 ᠤᠨ ᠤ 65 ᠳ᠋ᠤᠭᠠᠷ ᠬᠤᠭᠤᠴᠠᠭᠠᠨ ᠤ  ᠯᠢᠨ  ᠳ᠋ᠤᠤ   ᠶᠢᠨ  ᠨᠤᠫᠧᠯ   ᠤᠨ ᠱᠠᠩᠨᠠᠯ ᠤᠨ ᠶᠡᠭᠡ ᠬᠤᠷᠠᠯ ᠳᠤ ᠤᠷᠤᠯᠴᠠᠵᠤ᠂ ᠨᠤᠫᠧᠯ ᠤᠨ ᠱᠠᠩᠨᠠᠯ ᠬᠦᠷᠳᠡᠭᠰᠡᠳ   ᠤᠨ  ᠦᠪᠡᠷᠮᠢᠴᠠ  ᠭᠤᠴᠤ  ᠶᠠᠷᠢᠶ᠎ᠠ  ᠢᠯᠡᠳᠭᠡᠯ   ᠢ ᠨᠢᠭᠤᠷᠳᠠᠨ ᠰᠤᠨᠤᠰᠴᠤ᠂ ᠲᠠᠳᠡᠨᠡᠷ ᠤᠨ ᠠᠭᠤᠤ ᠶᠡᠭᠡ ᠤᠶᠤᠨ ᠤᠬᠠᠭᠠᠨ᠂ ᠠᠯᠳᠠᠷ ᠬᠦᠨᠳᠤ᠂ ᠭᠠᠪᠢᠶ᠎ᠠ ᠵᠢᠳᠬᠦᠯ ᠢ ᠪᠢᠰᠢᠷᠡᠨ ᠪᠠᠭ᠋ᠠᠷᠬᠠᠵᠤ᠂ ᠵᠠᠯᠠᠭᠤ ᠨᠢᠭᠡ ᠦᠶ᠎ᠠ ᠶᠢᠨ ᠰᠢᠨᠵᠢᠯᠠᠬᠦ ᠤᠬᠠᠭᠠᠳᠡᠳ ᠳᠤ ᠲᠠᠯᠪᠢᠵᠤ ᠪᠠᠶᠢᠭ᠎ᠠ  ᠬᠦᠰᠡᠯ  ᠨᠠᠶᠢᠳᠠᠯᠭ᠎ᠠ ᠶᠢ  ᠬᠦᠨ  ᠬᠦᠨᠵᠡᠬᠡᠢ  ᠣᠶᠢᠯᠭᠠᠭᠰᠠᠨ ᠪᠢᠯᠠ᠃              ᠰᠠᠷᠠᠨ᠎ᠠ ᠬᠠᠷᠢ ᠬᠦᠷᠦᠨ ᠢᠶᠠᠷ ᠨᠠᠢᠮᠠᠨ ᠵᠢᠯ ᠠᠵᠢᠯᠯᠠᠵᠤ ᠰᠤᠷᠤᠯᠴᠠᠨ ᠰᠤᠳᠤᠯᠭᠠᠨ ᠬᠢᠭᠰᠡᠨ ᠴᠦᠭᠡᠨ ᠲᠤᠭᠠᠨ  ᠤ ᠮᠤᠩᠭᠤᠯ  ᠵᠠᠯᠠᠭᠤ ᠳ᠋ᠤᠺᠲ᠋ᠤᠷ ᠪᠤᠯᠤᠭᠰᠠᠨ ᠤ ᠬᠤᠪᠢ ᠳᠤ᠂ ᠨᠠᠩ ᠤᠯᠠᠨ ᠮᠤᠩᠭᠤᠯ ᠤᠶᠤᠳᠡᠳ᠂ ᠰᠤᠳᠤᠯᠭᠠᠨ ᠤ ᠪᠠᠭ᠋ᠠᠳᠠᠢ ᠵᠠᠯᠠᠭᠤᠴᠤᠳ   ᠢ  ᠪᠠᠶᠢᠭᠠᠯᠢ   ᠶᠢᠨ ᠰᠢᠨᠵᠢᠯᠠᠬᠦ ᠤᠬᠠᠭᠠᠨ   ᠳᠤ  ᠢᠳᠡᠪᠬᠢᠳᠠᠢ  ᠤᠷᠤᠯᠴᠠᠨ᠂  ᠦᠨᠳᠤᠷ  ᠠᠮᠵᠢᠯᠳᠠ  ᠡᠬᠦᠳᠬᠦ   ᠢ  ᠬᠦᠰᠡᠨ᠂  ᠰᠢᠨᠵᠢᠯᠠᠬᠦ  ᠤᠬᠠᠭᠠᠨ   ᠢᠶᠠᠷ ᠦᠨᠳᠤᠰᠤᠳᠠᠨ ᠢᠶᠠᠨ ᠮᠠᠨᠳᠤᠭᠤᠯᠬᠤ ᠪᠠᠷ ᠬᠠᠮᠳᠤ  ᠪᠠᠷ ᠴᠢᠷᠮᠠᠶᠢᠬᠤ ᠶᠢ ᠰᠠᠨᠠᠭᠠᠴᠢᠯᠠᠵᠤ᠂ ᠤᠳᠤ ᠭᠧᠷᠮᠠᠨ ᠤᠯᠤᠰ   ᠲᠠᠬᠢ  ᠰᠤᠳᠤᠯᠭᠠᠨ   ᠤ ᠠᠵᠢᠯ ᠢᠶᠠᠨ ᠠᠮᠵᠢᠯᠳᠠ ᠲᠠᠢ ᠪᠠᠶᠠᠯᠠᠬᠦᠯᠵᠤ᠂ ᠠᠦ᠋ᠰᠲᠷᠠᠯᠢᠶ᠎ᠠ ᠶᠢᠨ ᠺᠦᠢᠨᠰᠯᠠᠨᠳ᠋ ᠤᠨ ᠰᠢᠨᠵᠢᠯᠠᠬᠦ ᠤᠬᠠᠭᠠᠨ ᠲᠧᠭᠨᠢᠭ  ᠮᠡᠷᠭᠡᠵᠢᠯ   ᠤᠨ ᠶᠡᠭᠡ ᠰᠤᠷᠭᠠᠭᠤᠯᠢ ᠳᠠᠭᠠᠨ ᠭᠠᠨᠵᠤᠭ᠎ᠠ ᠲᠦᠬᠦᠷᠡᠩ ᠪᠤᠴᠠᠨ ᠢᠷᠠᠵᠤ᠂ ᠰᠤᠳᠤᠯᠭᠠᠨ ᠤ  ᠠᠵᠢᠯ   ᠢᠶᠠᠨ  ᠦᠷᠬᠦᠯᠵᠢᠯᠠᠬᠦᠯᠵᠤ  ᠪᠠᠶᠢᠬᠤ  ᠪᠦᠭᠡᠳ 2018 ᠤᠨ ᠳᠤ ᠡᠬᠡ ᠤᠷᠤᠨ ᠳᠤ ᠪᠠᠨ ᠪᠤᠴᠠᠨ ᠢᠷᠡᠵᠦ ᠠᠵᠢᠯᠯᠠᠬᠤ ᠪᠠᠷ ᠨᠢᠭᠡᠨᠲᠡ‌‍ᠲ᠋ᠣᠭᠲᠠᠭᠠᠳ ᠪᠠᠶᠢᠨᠠᠮ᠃ (ᠳᠣᠷᠣᠨ᠎ᠠ︶  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号