ᠨᠢᠭᠡ᠂ ᠮᠣᠩᠭᠤᠯ ᠢ ᠲᠦᠷᠦᠭᠦᠯᠦᠭᠰᠡᠨ ᠭᠤᠸ᠎ᠠ ᠮᠠᠷᠠᠯ | ᠮᠠᠷᠠᠯ ᠭᠤᠸ᠎ᠠ ᠪᠣᠯ ᠮᠣᠩᠭᠤᠯᠴᠣᠳ ᠢ ᠲᠦᠷᠦᠭᠦᠯᠦᠭᠰᠡᠨ ᠪᠤᠭᠳᠠ ᠡᠮᠡᠭᠡ ᠪᠤᠯᠤᠨ᠎ᠠ᠃ ᠮᠠᠷᠠᠯ ᠭᠤᠸ᠎ᠠ ᠪᠤᠯ | ᠮᠣᠩᠭᠤᠯᠴᠣᠳ ᠤᠨ ᠢᠵᠠᠭᠤᠷ ᠡᠪᠦᠭᠡ ᠪᠦᠷᠳᠡ ᠴᠢᠨᠸ᠎ᠠ ᠶᠢᠨ ᠬᠠᠳᠣᠨ᠃ ᠠᠶᠢᠮᠠᠭ ᠣᠭᠰᠠᠭ᠎ᠠ ᠮᠦᠬᠦᠵᠤ ᠰᠦᠨᠦᠬᠦ | ᠶᠡᠷᠦ ᠪᠤᠰᠤ ᠶᠢᠨ ᠴᠠᠭᠦᠶ᠎ᠡ ᠳᠤ ᠲᠡᠷᠡ ᠪᠦᠷᠳᠡ ᠴᠢᠨ᠋ᠸ᠎ᠠ ᠲᠠᠢ ᠬᠤᠷᠢᠮᠯᠠᠵᠤ᠂ ᠲᠠᠯ᠎ᠠ ᠨᠤᠳᠤᠭ ᠲᠡᠭᠡᠷ᠎ᠡ ᠮᠣᠩᠭᠤᠯ ᠭᠦᠬᠦ | ᠲᠤᠭ ᠢ ᠡᠷᠭᠦᠨ ᠡᠪᠦᠭᠡ ᠲᠡᠭᠡᠳᠣᠰ ᠤᠨ ᠢᠶᠠᠨ ᠠᠯᠳᠠᠭᠰᠠᠨ ᠲᠦᠷᠦ ᠭᠦᠷᠦᠨ ᠢ ᠪᠣᠴᠠᠭᠠᠨ ᠪᠠᠶᠢᠭᠤᠯᠬᠤ ᠳᠤ ᠭᠤᠸ᠎ᠠ | ᠮᠠᠷᠠᠯ ᠬᠠᠳᠣᠨ ᠲᠣᠶᠢᠯ ᠤᠨ ᠶᠡᠭᠡ ᠦᠢᠯᠡᠳᠦᠯ ᠦᠵᠡᠭᠦᠯᠦᠭᠰᠡᠨ ᠶᠤᠮ᠃ | ᠬᠤᠶᠠᠷ᠂ ᠰᠢᠳᠦᠭᠡᠨ ᠡᠬᠡ ᠠᠯᠤᠨ ᠭᠤᠸ᠎ᠠ | ᠠᠯᠤᠨ ᠭᠤᠸ᠎ᠠ ᠡᠬᠡ ᠪᠤᠯ ᠮᠣᠩᠭᠤᠯᠴᠣᠳ ᠤᠨ ᠲᠡᠭᠡᠳᠤ ︿︿ᠰᠢᠳᠦᠭᠡᠨ ᠡᠬᠡ﹀﹀ ᠪᠤᠯᠤᠨ᠎ᠠ᠃ ᠲᠡᠭᠦᠨ ᠤ ︿ | ︿ᠲᠠᠪᠤᠨ ᠮᠦᠰᠦ ᠶᠢᠨ ᠰᠣᠷᠭᠠᠯ﹀﹀ ᠨᠢ ᠮᠢᠩᠭ᠎ᠠ ᠭᠠᠷᠦᠢ ᠵᠢᠯ ᠤᠨ ᠲᠣᠷᠰᠢ ᠮᠣᠩᠭᠤᠯᠴᠣᠳ ᠢ ᠨᠦᠯᠦᠭᠡᠯᠡᠨ᠂ | ᠣᠬᠠᠭᠠᠨ ᠤ ᠨᠠᠷᠠ᠂ ᠡᠪ ᠤᠨ ᠬᠦᠴᠦᠨ ᠪᠤᠯᠵᠤ ᠰᠢᠳᠦᠭᠳᠡᠨ ᠲᠡᠭᠡᠳᠦᠯᠡᠭᠳᠡᠭᠰᠡᠭᠡᠷ ᠢᠷᠡᠭᠰᠡᠨ ᠲᠡᠳᠦᠢ ᠦᠭᠡᠢ | ᠣᠳᠣᠬᠢ ᠮᠣᠩᠭᠤᠯᠴᠣᠳ ᠤᠨ ᠲᠣᠳᠣᠷ᠎ᠠ ᠦᠷᠭᠡᠨ ᠵᠠᠢ ᠠᠪᠴᠤ᠂ ᠬᠡᠤᠬᠡᠳ ᠪᠠᠭᠠᠴᠣᠳ ᠤᠨ ᠬᠦᠮᠦᠵᠢᠯ ᠤᠨ | ᠴᠢᠬᠤᠯᠠ ᠰᠣᠷᠭᠠᠨ ᠪᠤᠯᠤᠨ ᠭᠡᠭᠡᠷᠡᠭᠦᠯᠵᠤ ᠪᠤᠢ᠃ ᠠᠯᠤᠨ ᠭᠤᠸ᠎ᠠ ᠪᠤᠯ ᠬᠤᠷᠢ ᠲᠦᠮᠡᠳ ᠤᠨ ᠠᠷᠢᠭ ᠤᠰᠣᠨ ᠭᠡᠮᠡᠬᠦ | ᠭᠠᠵᠠᠷ ᠮᠡᠨᠳᠦᠯᠡᠵᠣ᠂ ᠪᠠᠷᠤᠭ ᠤᠨ ᠲᠤᠭᠠᠯᠠᠯ ᠠᠴᠠ ᠡᠮᠦᠨ᠎ᠡ220 ᠤᠨ ᠤ ᠣᠷᠴᠢᠮ ᠠᠮᠢᠳᠣᠷᠠᠵᠤ ᠪᠠᠶᠢᠪᠠ᠃ | ᠭᠤᠷᠪᠠ᠂ ᠨᠤᠮᠤᠯᠤᠨ ᠲᠠᠷᠬᠠᠨ ᠬᠠᠳᠣᠨ | ᠨᠤᠮᠤᠯᠤᠨ ᠲᠠᠷᠬᠠᠨ ᠬᠠᠳᠣᠨ ᠪᠣᠯ ᠮᠣᠩᠭᠤᠯ ᠤᠨ ᠡᠷᠳᠡᠨ ᠤ ᠲᠡᠤᠬᠡᠨ ᠳᠤ ᠠᠯᠤᠨ ᠭᠤᠸ᠎ᠠ ᠡᠬᠡ ᠶᠢᠨ | ᠲᠠᠷᠠᠭᠠᠪᠠᠷ ᠨᠡᠷ᠎ᠡ ᠮᠠᠨᠳᠣᠭᠰᠡᠨ ᠪᠠᠰᠠ ᠨᠢᠭᠡ ᠠᠯᠳᠠᠷᠳᠠᠢ ᠡᠬᠡ ᠪᠤᠯᠤᠨ᠎ᠠ᠂᠃ ᠨᠤᠮᠤᠯᠤᠨ ᠬᠠᠳᠣᠨ ᠪᠤᠯ ᠴᠢᠩᠭᠢᠰ ᠤᠨ | ᠬᠠᠭᠠᠨ ᠠᠴᠠ ᠲᠡᠭᠡᠭᠰᠢᠬᠢ ᠲᠤᠯᠤᠳᠣᠭᠠᠷ ᠦᠶ᠎ᠡ ᠡᠯᠦᠨᠴᠡ ᠬᠠᠴᠢᠭᠦ᠋ᠯᠦᠭ ᠤᠨ ᠬᠠᠳᠣᠨ᠂ ᠬᠠᠶᠢᠳᠣ ᠬᠠᠭᠠᠨ ᠤ ᠡᠬᠡ | ᠪᠣᠯᠤᠨ᠎ᠠ᠃ ᠲᠡᠷᠡ ᠪᠠᠷ ︿︿ᠦᠡᠭᠡᠨ ᠬᠡᠰᠢᠭ ᠲᠠᠢ᠂ ᠠᠭᠤᠵᠢᠭᠤ ᠰᠡᠳᠬᠢᠯ ᠲᠠᠢ᠂ ᠰᠠᠶᠢᠬᠠᠨ ᠠᠭᠠᠯᠢ ᠲᠠᠢ᠂ ᠭᠦᠨ | ᠤᠬᠠᠭᠠᠨ ᠲᠠᠢ᠂ ᠲᠠᠶᠢᠪᠤᠩ ᠲᠡᠰᠪᠤᠷᠢ ᠲᠠᠢ᠂ ᠴᠢᠳᠠᠪᠣᠷᠢᠯᠢᠭ ᠡᠮᠡᠭᠳᠡᠢ ᠡᠮᠡᠭᠳᠡᠢ ᠪᠠᠶᠢᠵᠤ᠂ ᠲᠦᠪ ᠭᠤᠣᠯᠴᠢ ᠪᠠᠷ | ᠲᠦᠮᠡᠨ ᠲᠦᠪᠯᠡᠵᠤ᠂ ᠮᠣᠩᠭᠤᠯ ᠣᠭᠰᠠᠭᠠᠳᠠᠨ ᠳᠠᠭᠠᠨ ᠬᠠᠭᠠᠨ ᠰᠠᠭᠤᠵᠤ﹀﹀ ᠪᠠᠶᠢᠭᠰᠠᠨ ᠶᠤᠮ᠃ | ᠲᠦᠷᠪᠡ᠂ ᠨᠠᠷᠠᠨ ᠬᠠᠭᠠᠨ ᠦᠭᠡᠯᠦᠨ ᠦᠵᠢᠨ | ᠦᠭᠡᠯᠦᠨ ᠦᠵᠢᠨ ᠪᠤᠯ ᠡᠷᠳᠡᠨ ᠤ ᠮᠣᠩᠭᠤᠯ ᠤᠨ ᠲᠡᠤᠬᠡᠨ ᠳᠠᠬᠢ ︿︿ᠭᠤᠷᠪᠠᠨ ᠠᠭᠤᠤ ᠡᠬᠡ﹀﹀ ᠶᠢᠨ | ᠨᠢᠭᠡ ᠪᠤᠯᠤᠨ᠎ᠠ᠃ ᠠᠯᠤᠨ ᠭᠤᠸ᠎ᠠ ᠡᠬᠡ ︿︿ᠲᠠᠪᠤᠨ ᠮᠦᠰᠦ ᠶᠢᠨ ᠰᠣᠷᠭᠠᠯ﹀﹀ ᠢᠶᠠᠷ ᠡᠪ ᠤᠨ ᠬᠦᠴᠦᠨ ᠢ | ᠢᠪᠡᠭᠡᠭᠰᠡᠨ ᠪᠤᠯ᠂ ᠮᠠᠨᠳᠣᠬᠠᠢ ᠰᠡᠴᠡᠨ ᠬᠠᠳᠣᠨ ᠪᠣᠳᠠᠷᠠᠭᠰᠠᠨ ᠣᠯᠠᠨ ᠠᠶᠢᠮᠠᠭ ᠤᠳ ᠢ ᠨᠢᠭᠡᠨ ᠵᠢᠯᠣᠭᠤᠨ ᠳᠤ | ᠬᠤᠷᠢᠶᠠᠨ ᠮᠣᠩᠭᠤᠯ ᠤᠨ ᠨᠡᠶᠢᠭᠡᠮ ᠤᠨ ᠪᠠᠰᠠ ᠨᠢᠭᠡ ᠣᠳᠠᠭᠠᠨ ᠤ ᠶᠡᠭᠡ ᠨᠢᠭᠡᠳᠦᠯ ᠢ ᠪᠡᠶᠡᠯᠡᠭᠦᠯᠦᠭᠰᠡᠨ ᠢᠶᠠᠷ | ᠮᠣᠩᠭᠤᠯᠴᠣᠳ ᠲᠤ ᠰᠢᠳᠦᠭᠳᠡᠨ ᠠᠯᠳᠠᠷᠰᠢᠪᠠ᠃ ᠦᠭᠡᠯᠦᠨ ᠦᠵᠢᠨ ᠡᠬᠡ ᠡᠶᠢᠮᠦᠷᠬᠦ ᠣᠨᠴᠠᠯᠢᠭ ᠢ ᠪᠡᠶ᠎ᠡ ᠳᠤ ᠪᠠᠨ | ᠠᠭᠤᠰᠬᠠᠨ ᠪᠦᠷᠢᠯᠳᠦᠭᠦᠯᠵᠤ᠂ ᠬᠠᠳᠠᠭᠤ ᠰᠣᠷᠭᠠᠯ᠂ ᠮᠡᠷᠭᠡᠨ ᠣᠬᠠᠭᠠᠨ᠂ ᠡᠷᠡᠮᠡᠬᠡᠢ ᠵᠤᠷᠢᠭ ᠢᠶᠠᠷ ᠦᠨᠦᠴᠢᠨ | ᠬᠡᠤᠬᠡᠳ ᠢᠶᠠᠨ ᠦᠰᠭᠡᠨ᠂ ᠡᠷ᠎ᠡ ᠶᠢᠨ ᠵᠡᠷᠭᠡ ᠳᠤ ᠬᠦᠷᠭᠡᠵᠤ᠂ ᠶᠢᠷᠳᠢᠨᠴᠤ ᠶᠢᠨ ᠮᠠᠩᠯᠠᠢ ᠪᠤᠯᠭᠠᠭᠰᠠᠨ ᠠᠭᠤᠤ ᠡᠬᠡ | ᠪᠣᠯᠬᠤ ᠶᠤᠮ᠃ ᠲᠠᠷᠦᠢ ᠨᠢᠭᠡᠨ ᠦᠶ᠎ᠡ ᠶᠢᠨ ᠲᠡᠭᠷᠢᠯᠢᠭ ᠬᠦᠪᠡᠭᠦᠨ᠂ ᠮᠢᠩᠭᠠᠨ ᠣᠨ ᠤ ᠠᠯᠳᠠᠷᠳᠣ ᠬᠦᠮᠦᠨ — | ᠬᠦᠮᠦᠨ ᠲᠦᠷᠦᠯᠬᠢᠳᠡᠨ ᠤ ᠴᠠᠭ ᠦᠶ᠎ᠡ ᠶᠢ ᠵᠠᠭᠠᠭᠯᠠᠭᠰᠠᠨ ᠠᠯᠳᠠᠨ ᠤᠷᠭᠢᠯ ᠢ ᠡᠭᠦᠳᠦᠨ᠂ ᠦᠩᠭᠡᠷᠡᠭᠰᠡᠨ ᠤ ᠬᠦᠮᠦᠰ | ᠤᠨ ᠪᠡᠶᠡᠯᠡᠭᠦᠯᠵᠤ ᠲᠡᠶᠢᠯᠦᠭᠰᠡᠨ ᠦᠭᠡᠢ ᠪᠤᠶᠤ ᠢᠷᠡᠭᠡᠳᠦᠢ ᠶᠢᠨ ᠬᠦᠮᠦᠰ ᠤᠨ ᠪᠡᠶᠡᠯᠡᠭᠦᠯᠵᠤ ᠲᠡᠶᠢᠯᠦᠰᠢ ᠦᠭᠡᠢ | ᠠᠭᠤᠤ ᠦᠢᠯᠡᠰ ᠢ ᠪᠦᠲᠦᠭᠡᠭᠰᠡᠨ ᠠᠭᠤᠣ ᠶᠡᠭᠡ ᠤᠯᠤᠰ ᠲᠦᠷᠦᠴᠢᠨ᠂ ᠠᠭᠤᠤ ᠶᠡᠭᠡ ᠴᠡᠷᠢᠭ ᠲᠠᠶᠢᠨ ᠤ | ᠪᠤᠳᠤᠯᠭᠠᠳᠠᠨ᠂ ᠠᠭᠤᠤ ᠶᠡᠭᠡ ᠨᠡᠶᠢᠭᠡᠮ ᠵᠢᠳᠬᠦᠯᠳᠡᠨ᠂ ᠲᠡᠯᠡᠬᠡᠢ ᠶᠢᠨ ᠲᠡᠤᠬᠡ ᠶᠢ ᠰᠢᠨ᠎ᠡ ᠪᠠᠷ ᠡᠮᠬᠢᠯᠡᠨ | ᠲᠤᠭᠳᠠᠭᠠᠭᠰᠠᠨ ᠲᠠᠯᠠᠢ ᠶᠡᠭᠡ ᠴᠢᠩᠭᠢᠰ ᠶᠢ ᠪᠤᠭᠳᠠ ᠲᠦᠷᠦᠭᠦᠯᠦᠨ ᠦᠰᠭᠡᠭᠰᠡᠨ ᠨᠠᠷᠠᠨ ᠬᠠᠭᠠᠨ ᠡᠬᠡ ᠪᠤᠯᠤᠨ᠎ᠠ᠃ | ᠦᠭᠡᠯᠦᠨ ᠦᠵᠢᠨ ᠪᠤᠯ ᠶᠢᠰᠦᠬᠡᠢ ᠪᠠᠭᠠᠳᠣᠷ ᠤᠨ ᠬᠠᠳᠣᠨ ᠶᠤᠮ᠃ ᠲᠡᠷᠡ ᠪᠤᠯ ᠬᠤᠩᠭᠢᠷᠠᠳ ᠠᠶᠢᠮᠠᠭ ᠤᠨ ᠰᠠᠯᠪᠤᠷᠢ | ᠪᠤᠯᠬᠤ ᠤᠯᠬᠤᠨᠤᠳ ᠤᠪᠤᠭᠳᠠᠨ ᠤ ᠬᠦᠮᠦᠨ ᠪᠤᠯᠬᠤ ᠶᠤᠮ᠃ | ᠲᠠᠪᠤ᠂ ᠡᠰᠢ ᠬᠠᠳᠣᠨ ᠪᠦᠷᠳᠡ | ᠪᠦᠷᠳᠡ ︵ᠪᠦᠷᠳᠡᠭᠡᠯᠵᠢᠨ︶ ᠬᠠᠳᠣᠨ ᠪᠤᠯ ᠴᠢᠩᠭᠢᠰ ᠬᠠᠭᠠᠨ ᠤ ᠭᠤᠣᠯ ᠬᠠᠳᠣᠨ᠂ ᠮᠣᠩᠭᠤᠯ ᠬᠠᠭᠠᠨᠳᠣ ᠣᠯᠤᠰ | ᠤᠨ ᠲᠦᠷᠦ ᠶᠢᠨ ᠨᠢᠭᠡᠳᠦᠭᠡᠷ ᠬᠠᠳᠣᠨ ᠪᠤᠯᠤᠨ᠎ᠠ᠃ ᠲᠡᠷᠡ ᠲᠡᠮᠦᠵᠢᠨ ᠤ ᠬᠠᠮᠤᠭ ᠤᠨ ᠭᠠᠴᠢᠭ ᠵᠦᠳᠡᠭᠦᠷᠢ ᠲᠠᠢ | ᠦᠶ᠎ᠡ ᠳᠤ ᠬᠠᠶᠢᠷ᠎ᠠ ᠪᠠᠨ ᠦᠭᠴᠤ ᠲᠡᠭᠦᠨ ᠲᠠᠢ ᠬᠤᠷᠢᠮᠯᠠᠨ᠂ ᠴᠢᠩᠭᠢᠰ ᠬᠠᠭᠠᠨ ᠤ ᠰᠠᠶᠢᠨ ᠬᠠᠨᠢ᠂ ᠮᠡᠷᠭᠡᠨ | ᠵᠦᠪᠯᠡᠭᠴᠢ᠂ ᠲᠦᠷᠦ ᠤᠯᠤᠰ ᠤᠨ ᠬᠢᠨᠢ ᠨᠠᠶᠢᠳᠠᠪᠤᠷᠢᠳᠠᠢ ᠲᠦᠰᠢᠭ᠂ ᠲᠦᠷᠪᠡᠨ ᠬᠠᠭᠠᠨ ᠬᠦᠪᠡᠭᠦᠨ ᠤ ᠬᠢᠨᠢ ᠠᠭᠤᠤ | ᠰᠣᠳᠤᠨ ᠡᠬᠡ ᠪᠤᠯᠤᠭᠰᠠᠨ ᠶᠤᠮ᠃ ᠲᠡᠷᠡ ᠵᠢᠰᠣ ᠭᠠᠯᠪᠢᠷ ᠭᠡᠭᠡᠨᠴᠢᠷ ᠦᠵᠡᠰᠭᠦᠯᠡᠩ᠂ ᠮᠦᠷᠳᠡᠭᠡᠨ ᠤᠬᠠᠭᠠᠨ ᠪᠤᠳᠤᠯ | ᠂ ᠵᠤᠷᠢᠭ ᠰᠠᠮᠪᠠᠭ᠎ᠠ᠂ ᠦᠷᠦᠰᠢᠶᠡᠯ[ ᠪᠠᠭᠳᠠᠭᠠᠮᠵᠢ ᠵᠡᠷᠭᠡ ᠪᠦᠬᠦ ᠲᠠᠯ᠎ᠠ ᠪᠠᠷ ᠮᠣᠩᠭᠤᠯ ᠡᠮᠡᠭᠳᠡᠶᠢᠴᠣᠳ ᠤᠨ ᠮᠠᠩᠯᠠᠢ | ᠪᠤᠯᠵᠤ ᠴᠤᠯᠭᠤᠷᠠᠭᠰᠠᠨ ᠲᠤᠯᠠ ᠲᠦᠷᠦ ᠲᠦᠮᠡᠨ ᠳᠤ ᠪᠠᠨ ᠠᠰᠠᠷᠤ ᠶᠡᠭᠡ ᠬᠦᠨᠳᠣᠳᠬᠡᠯ ᠲᠠᠢ ᠪᠠᠶᠢᠵᠤ᠂ ᠲᠡᠯᠡᠬᠡᠢ | ᠶᠢᠨ ᠲᠡᠤᠬᠡᠨ ᠳᠤ ᠴᠦ ᠠᠯᠳᠠᠷ ᠢᠶᠠᠨ ᠮᠦᠩᠬᠡᠯᠡᠭᠰᠡᠨ ᠰᠣᠳᠣᠨ ᠡᠮᠡᠭᠳᠡᠢ ᠶᠤᠮ᠃ | ᠪᠦᠷᠳᠡ ᠬᠠᠳᠣᠨ ᠠᠴᠠ ᠵᠦᠴᠢ᠂ ᠴᠠᠭᠠᠳᠠᠢ᠂ ᠦᠭᠡᠳᠡᠢ᠂ ᠲᠤᠯᠢ ᠭᠡᠬᠦ ᠲᠦᠷᠪᠡᠨ ᠬᠠᠭᠠᠨ ᠬᠦᠪᠡᠭᠦᠨ ᠪᠠ ᠬᠤᠵᠢᠨ | ᠪᠠᠬᠢ᠂ ᠴᠡᠴᠡᠶᠢᠬᠡᠨ ᠪᠠᠬᠢ᠂ ᠠᠯᠠᠭ᠎ᠠ ᠪᠠᠬᠢ᠂ ᠲᠡᠮᠡᠤᠯᠤᠨ ︵ᠲᠦᠮᠡᠯᠤᠨ︶ ᠠᠯᠳᠣᠯᠣᠬᠠᠨ ᠭᠡᠬᠦ ᠲᠠᠪᠤᠨ ᠦᠬᠢᠨ | ᠵᠠᠶᠠᠭᠠᠵᠡᠢ᠃ ᠲᠦᠷᠪᠡᠨ ᠬᠦᠪᠡᠭᠦᠨ ᠨᠢ ᠲᠦᠷᠪᠡᠨ ᠬᠠᠭᠠᠨᠳᠣ ᠤᠯᠤᠰ ᠤᠨ ᠡᠵᠡᠨ ᠪᠤᠯᠵᠤ᠂ ᠬᠡᠳᠣᠨ ᠵᠠᠭᠤᠨ ᠵᠢᠯ ᠤᠨ | ᠲᠣᠷᠰᠢ ᠲᠡᠯᠡᠬᠡᠢ ᠳ᠋ᠠᠬᠢᠨ ᠢ ᠭᠠᠶᠢᠬᠠᠭᠤᠯᠵᠤ ᠪᠠᠶᠢᠭᠰᠡᠨ ᠶᠤᠮ᠃ ᠲᠡᠭᠦᠨ ᠤ ᠦᠬᠢᠳ ᠨᠢ ᠴᠦ ᠰᠡᠴᠡᠨ ᠰᠡᠷᠭᠦᠯᠡᠩ | ᠮᠦᠷᠳᠡᠭᠡᠨ ᠣᠯᠤᠰ ᠲᠦᠷᠦ ᠶᠢᠨ ᠠᠯᠣᠰ ᠤᠨ ᠬᠠᠷᠠᠴᠠ ᠲᠠᠢ ᠪᠠᠶᠢᠵᠤ᠂ ︿︿ᠠᠯᠠᠭ᠎ᠠ ᠪᠠᠬᠢ﹀﹀ ᠨᠢ ︿︿ᠲᠦᠷᠦ | ᠬᠠᠮᠢᠶᠠᠷᠣᠭᠴᠢ ᠭᠦᠩᠵᠤ﹀﹀ ᠬᠡᠮᠡᠨ ᠲᠡᠤᠬᠡᠨ ᠳᠤ ᠠᠯᠳᠠᠷᠰᠢᠭᠰᠠᠨ ᠶᠤᠮ᠃ | ᠵᠢᠷᠭᠤᠭ᠎ᠠ᠂ ᠬᠡᠷᠡᠶᠢᠳ ᠤᠨ ᠨᠠᠢᠮᠠᠯᠵᠢᠨ ᠡᠮᠡᠭᠡᠨ | ᠨᠠᠢᠮᠠᠯᠵᠢᠨ ᠡᠮᠡᠭᠡᠨ ᠡᠷᠬᠢᠮ ᠲᠡᠭᠡᠳᠣ ᠣᠬᠠᠭᠠᠨ ᠪᠣᠳᠣᠯ ᠲᠠᠢ ᠰᠣᠳᠣᠨ ᠡᠮᠡᠭᠳᠡᠢ ᠪᠤᠯᠤᠨ᠎ᠠ᠃ ᠲᠡᠷᠡ ᠪᠠᠷ | ᠮᠣᠩᠭᠤᠯᠴᠣᠳ ᠤᠨᠬᠤᠭᠤᠷᠤᠨᠳᠣ ᠪᠠᠨ ᠲᠡᠮᠡᠴᠡᠯᠳᠦᠬᠦ ᠠᠷᠬᠠᠭ ᠭᠡᠮ ᠵᠤᠷᠢᠭᠳᠠᠢ ᠢᠯᠡᠴᠢᠯᠡᠵᠤ᠂ ᠡᠪ ᠨᠢᠭᠡᠳᠦᠯ᠂ | ᠨᠢᠭᠳᠠᠷᠠᠯ ᠪᠦᠯᠬᠦᠮᠳᠡᠯ ᠢ ᠤᠷᠢᠶᠠᠯᠠᠨ᠂ ᠡᠩᠬᠡ ᠲᠠᠶᠢᠪᠤᠩ ᠢ ᠬᠦᠰᠡᠨ ᠡᠷᠡᠮᠡᠯᠵᠢᠯᠡᠭᠰᠡᠨ ᠶᠤᠮ᠃ ᠡᠨᠡᠬᠦ ᠠᠯᠤᠰ ᠬᠡᠳᠤ | ᠶᠢᠨ ᠠᠴᠢ ᠬᠤᠯᠪᠤᠭᠳᠠᠯ ᠲᠠᠢ ᠣᠬᠠᠭᠠᠯᠢᠭ ᠢᠳᠬᠠᠯ ᠨᠢ ᠮᠣᠩᠭᠤᠯᠴᠣᠳ ᠲᠤ ᠦᠶ᠎ᠡ ᠲᠠᠮᠵᠢᠨ ᠣᠯᠠᠮᠵᠢᠯᠠᠭᠳᠠᠵᠤ᠂ | ᠡᠭᠦᠷᠢᠳᠡ ᠲᠡᠭᠡᠳᠦᠯᠡᠵᠤ ᠶᠠᠪᠤᠬᠤ ᠡᠪ ᠪᠦᠯᠬᠦᠮᠳᠡᠯ ᠤᠨ ᠬᠦᠴᠦᠨ ᠪᠤᠯᠵᠤ ᠪᠤᠢ᠃ | ᠲᠤᠯᠤᠭ᠎ᠠ᠂ ᠬᠤᠯᠠᠨ ᠴᠠᠭᠠᠨ ᠬᠠᠳᠣᠨ ᠬᠤᠯᠠᠨ ᠬᠠᠳᠣᠨ ᠪᠤᠯ ᠴᠢᠩᠭᠢᠰ ᠬᠠᠭᠠᠨ ᠤ ᠬᠤᠶᠠᠳᠣᠭᠠᠷ | ᠬᠠᠳᠣᠨ ᠪᠤᠯᠤᠨ᠎ᠠ᠂ ᠲᠡᠷᠡ ᠭᠤᠪᠠᠢ ᠭᠡᠭᠡᠨᠴᠢᠷ᠂ ᠰᠡᠴᠡᠨ ᠮᠡᠷᠭᠡᠨ ᠮᠦᠷᠳᠡᠭᠡᠨ ᠡᠷᠡᠰ ᠰᠢᠭᠤᠷᠬᠠᠢ ᠪᠠᠶᠢᠳᠠᠭ ᠠᠴᠠ | ᠴᠢᠩᠭᠢᠰ ᠬᠠᠭᠠᠨ ᠤ ᠭᠦᠨ ᠢᠳᠡᠭᠡᠯ ᠢ ᠤᠯᠤᠭᠰᠠᠨ ᠪᠠᠶᠢᠳᠠᠭ᠃ ᠬᠤᠯᠠᠨ ᠪᠤᠯ ᠣᠪᠰᠣ ᠮᠡᠷᠭᠡᠳ ᠤᠨ ᠲᠦᠷᠦᠭᠦᠤ | ᠲᠠᠶᠢᠷ — ᠣᠰᠣᠨ ᠤ ᠦᠬᠢᠨ᠃ ᠬᠤᠯᠠᠨ ᠬᠠᠳᠣᠨ ᠨᠢ ᠮᠣᠩᠭᠤᠯ ᠦᠨᠳᠦᠰᠦᠳᠡᠨ ᠳᠡᠭᠡᠨ ᠨᠡᠷ᠎ᠡ ᠬᠦᠨᠳᠦᠳᠡᠢ | ᠴᠢᠩᠭᠢᠰ ᠤᠨ ᠰᠢᠳᠣᠷᠭᠤ ᠵᠢᠷᠤᠮᠳᠣ ᠬᠠᠳᠣᠨ ᠨᠢ ᠶᠤᠮ᠂ ᠴᠢᠩᠭᠢᠰ ᠬᠠᠭᠠᠨ ᠲᠠᠢ ᠬᠠᠮᠤᠭ ᠤᠨ ᠬᠤᠯᠠ ᠠᠶᠠᠨ ᠲᠠᠶᠢᠨ | ᠳᠤ ᠬᠠᠮᠳᠣ ᠶᠠᠪᠤᠵᠤ ᠪᠠᠶᠢᠭᠰᠠᠨ ᠢᠳᠡᠭᠡᠯᠳᠡᠢ ᠬᠠᠨᠢ ᠨᠦᠬᠦᠷ ᠶᠤᠮ᠃ | ᠨᠠᠢᠮᠠ᠂ ᠶᠢᠰᠦᠢ ᠮᠡᠷᠭᠡᠨ ᠬᠠᠳᠣᠨ ᠶᠢᠰᠦᠢ ᠬᠠᠳᠣᠨ ᠪᠣᠯ ᠮᠣᠩᠭᠤᠯ ᠤᠨ ᠲᠡᠤᠬᠡᠨ ᠳᠤ ᠠᠯᠳᠠᠷᠰᠢᠭᠰᠡᠨ | ᠦᠵᠡᠰᠭᠦᠯᠡᠩ ᠭᠤᠸ᠎ᠠ ᠮᠦᠷᠳᠡᠭᠡᠨ ᠭᠡᠭᠡᠨ ᠮᠡᠷᠭᠡᠨ ᠬᠠᠳᠣᠨ ᠪᠣᠯᠤᠨ᠎ᠠ᠃ ᠲᠡᠷᠡ ᠨᠢ ᠴᠢᠩᠭᠢᠰ ᠬᠠᠭᠠᠨ ᠤ ᠲᠦᠷᠦ | ᠶᠢᠨ ᠲᠦᠷᠪᠡᠨ ᠬᠠᠳᠣᠨ ᠤ ᠭᠤᠷᠪᠠᠳᠣᠭᠠᠷ ᠬᠠᠳᠣᠨ ᠮᠥᠨ᠃ ᠶᠢᠰᠦᠢ ᠬᠠᠳᠣᠨ ᠲᠦᠷᠦᠯᠬᠢ ᠶᠢᠨ ᠴᠡᠴᠡᠨ | ᠣᠬᠠᠭᠠᠯᠢᠭ ᠪᠠᠶᠢᠵᠤ᠂ ᠴᠢᠩᠭᠢᠰ ᠬᠠᠭᠠᠨ ᠤ ᠨᠠᠰᠣᠨ ᠲᠣᠷᠰᠢ ᠤᠨ ᠰᠠᠶᠢᠨ ᠬᠠᠨᠢ᠂ ᠦᠨᠡᠨᠴᠢ ᠵᠦᠪᠯᠡᠭᠴᠢ ᠨᠢ | ᠪᠣᠯᠤᠨ᠎ᠠ᠃ ᠲᠡᠷᠡ ᠶᠡᠭᠡ ᠮᠣᠩᠭᠤᠯ ᠬᠠᠭᠠᠨᠳᠣ ᠲᠦᠷᠦ ᠶᠢᠨ ᠦᠨᠢ ᠮᠦᠩᠬᠡ ᠶᠢᠨ ᠠᠮᠤᠷ ᠲᠦᠪᠰᠢᠨ ᠤ ᠲᠦᠯᠦᠭᠡ | ᠪᠤᠳᠣᠯᠬᠢᠯᠠᠵᠤ᠂ ᠴᠢᠩᠭᠢᠰ ᠬᠠᠭᠠᠨ ᠳᠤ ᠵᠠᠯᠭᠠᠮᠵᠢᠯᠠᠭᠴᠢ ᠪᠠᠨ ᠡᠷᠳᠡ ᠡᠳᠦᠷ ᠰᠣᠩᠭᠤᠨ ᠲᠣᠭᠳᠠᠭᠠᠬᠤ ᠲᠤᠬᠠᠢ | ᠦᠪᠡᠷ ᠤᠨ ᠪᠤᠳᠤᠯ ᠪᠠᠨ ᠵᠤᠷᠢᠭᠳᠠᠢ ᠠᠶᠢᠯᠠᠳᠬᠠᠭᠰᠠᠨ ᠠᠴᠠ ᠬᠠᠭᠠᠨ ᠡᠵᠡᠨ ᠤ ᠢᠳᠡᠭᠡᠯ ᠬᠠᠶᠢᠷ᠎ᠠ ᠶᠢ ᠣᠯᠤᠭᠰᠠᠨ | ᠮᠦᠷᠳᠡᠭᠡᠨ ᠠᠯᠳᠠᠨ ᠣᠷᠤᠭ ᠤᠨ ᠬᠢᠨ᠂ ᠵᠢᠴᠢ ᠲᠦᠷᠦ ᠶᠢᠨ ᠤᠯᠠᠨ ᠨᠣᠶᠠᠳ ᠲᠦᠰᠢᠮᠡᠳ ᠤᠨ ᠬᠦᠨᠳᠦᠳᠬᠡᠯ | ᠪᠠᠰᠢᠷᠡᠯ ᠢ ᠣᠯᠵᠤ᠂ ᠤᠯᠠᠨ ᠦᠶ᠎ᠡ ᠶᠢᠨ ᠬᠠᠳᠣᠳ ᠤᠨ ᠲᠠᠭᠤᠷᠢᠶᠠᠯ ᠪᠤᠯᠤᠭᠰᠠᠨ ᠢᠶᠠᠷ ᠪᠠᠷᠠᠬᠤ ᠦᠭᠡᠢ ᠪᠦᠬᠦᠶᠢᠯᠡ | ᠮᠣᠩᠭᠤᠯᠴᠣᠳ ᠤᠨ ᠲᠣᠷᠠᠳᠬᠠᠯ ᠳᠤ ᠮᠦᠩᠬᠡᠷᠡᠭᠰᠡᠨ ᠠᠭᠤᠤ ᠰᠣᠳᠤᠨ ᠡᠮᠡᠭᠳᠡᠢ ᠪᠤᠯᠤᠨ᠎ᠠ᠃ ᠶᠢᠰᠦᠢ ᠬᠠᠳᠣᠨ ᠪᠤᠯ | ᠣᠣᠯ ᠨᠢ ᠲᠠᠲ᠋ᠠᠷ ᠠᠶᠢᠮᠠᠭ ᠤᠨ ᠬᠦᠮᠦᠨ ᠪᠤᠯᠤᠨ᠎ᠠ᠃ | ᠶᠢᠰᠣ᠂ ᠰᠦᠯᠳᠣᠰᠣᠨ ᠤ ᠬᠠᠳᠠᠭᠠᠨ ᠬᠠᠳᠠᠭᠠᠨ ᠪᠤᠯ ᠴᠢᠩᠭᠢᠰ ᠬᠠᠭᠠᠨ ᠤ ᠬᠠᠶᠢᠷ᠎ᠠ ᠶᠢ ᠤᠯᠤᠭᠰᠠᠨ | ᠬᠡᠳᠣᠨ ᠡᠮᠡᠭᠳᠡᠶᠢᠴᠣᠳ ᠤᠨ ᠨᠢᠭᠡ ᠪᠤᠯᠤᠨ᠎ᠠ᠃ ᠲᠡᠷᠡ ᠪᠠᠷ ᠲᠡᠮᠣᠵᠢᠨ ᠤ ᠣᠷᠤᠭᠤᠳᠠᠨ ᠭᠠᠴᠢᠭᠳᠠᠵᠤ ᠪᠠᠶᠢᠭᠰᠠᠨ | ᠠᠵᠠ ᠦᠭᠡᠢ ᠦᠶ᠎ᠡ ᠳᠤ᠂ ᠨᠢ ᠲᠠᠨᠢᠯᠴᠠᠵᠤ᠂ ᠲᠡᠭᠦᠨ ᠢ ᠲᠣᠰᠠᠯᠠᠵᠤ ᠶᠠᠪᠤᠭᠰᠠᠨ ᠶᠤᠮ᠃ ᠬᠠᠳᠠᠭᠠᠨ ᠭᠤᠸ᠎ᠠ | ᠦᠵᠡᠰᠭᠦᠯᠡᠩ ᠮᠦᠷᠳᠡᠭᠡᠨ ᠤᠬᠠᠭᠠᠯᠢᠭ ᠪᠠᠭᠳᠠᠭᠠᠮᠵᠢᠳᠠᠢ᠂ ᠡᠷᠡᠰ ᠰᠢᠭᠤᠷᠬᠠᠢ ᠰᠦᠰᠣ ᠵᠤᠷᠢᠭᠳᠡᠢ᠂ ᠦᠨᠡᠨᠴᠢ | ᠰᠢᠳᠣᠷᠭᠤ ᠡᠮᠡᠭᠳᠡᠢ ᠶᠤᠮ᠃ ᠲᠡᠮᠦᠵᠢᠨ ᠠᠮᠢ ᠨᠠᠰᠣᠨ ᠤ ᠠᠶᠤᠯ ᠲᠤᠯᠭᠠᠷᠠᠭᠰᠠᠨ ᠦᠶ᠎ᠡ ᠳᠤ᠂ ᠲᠡᠷᠡ ᠡᠴᠢᠭᠡ | ᠪᠤᠯᠤᠨ ᠠᠬ᠎ᠠ ᠲᠠᠢ ᠪᠠᠨ ᠠᠶᠣᠯ ᠰᠦᠷᠦᠨ ᠲᠡᠮᠡᠴᠡᠵᠤ᠂ ᠤᠷᠠᠨ ᠣᠬᠠᠭᠠᠨ ᠢᠶᠠᠷ ᠢᠶᠠᠨ ᠲᠡᠮᠦᠵᠢᠨ ᠤ ᠠᠮᠢ ᠶᠢ | ᠠᠪᠤᠷᠠᠭᠰᠠᠨ ᠠᠴᠢᠳᠠᠨ ᠢᠶᠠᠷ ᠵᠤᠭᠰᠣᠬᠤ ᠪᠢᠰᠢ ᠶᠡᠭᠡ ᠮᠣᠩᠭᠤᠯ ᠤᠨ ᠲᠦᠷᠦ ᠶᠢᠨ ᠨᠢᠭᠡᠳᠦᠯ ᠦᠯᠡᠮᠵᠢᠬᠡᠨ ᠭᠠᠪᠢᠶ᠎ᠠ | ᠵᠢᠳᠬᠦᠯ ᠦᠵᠡᠭᠦᠯᠦᠭᠰᠡᠨ ᠶᠤᠮ᠃ ᠬᠠᠳᠠᠭᠠᠨ ᠪᠤᠯ ᠲᠠᠶᠢᠴᠢᠭᠤᠳ ᠤᠨ ᠬᠠᠷᠢᠶᠠᠨ ᠳᠤ ᠪᠠᠶᠢᠭᠰᠡᠨ | ᠰᠦᠯᠳᠦᠰᠦᠨ ᠤᠪᠤᠭ ᠤᠨ ᠰᠣᠷᠬᠠᠨ ᠰᠢᠷ᠎ᠠ ᠶᠢᠨ ᠭᠠᠭᠴᠠ ᠦᠬᠢᠨ ᠨᠢ ᠪᠤᠯᠤᠨ᠎ᠠ᠃ ᠬᠠᠳᠠᠭᠠᠨ ᠴᠢᠩᠭᠢᠰ ᠬᠠᠭᠠᠨ ᠤ | ᠰᠣᠯᠠ ᠬᠠᠳᠣᠨ ᠪᠤᠯᠤᠭᠰᠠᠨ ᠤ ᠲᠠᠷᠠᠭ᠎ᠠ ᠬᠠᠭᠠᠨ ᠳᠤ ᠮᠠᠰᠢ ᠬᠠᠶᠢᠷᠠᠯᠠᠭᠳᠠᠵᠤ᠂ ᠲᠠᠲ᠋ᠠᠷ ᠢ ᠲᠠᠶᠢᠯᠠᠬᠤ ᠲᠠᠶᠢᠨ ᠳᠤ | ᠲᠠᠭᠠᠵᠤ ᠮᠣᠷᠳᠠᠭᠰᠠᠨ ᠶᠤᠮ᠃ | ᠠᠷᠪᠠ᠂ ᠲᠡᠮᠤᠯᠣᠨ ᠭᠤᠸ᠎ᠠ ᠲᠡᠮᠦᠯᠤᠨ ᠭᠤᠸ᠎ᠠ ᠪᠣᠯ ᠦᠭᠡᠯᠦᠨ ᠡᠬᠡ ᠶᠢᠨ ᠭᠠᠭᠴᠠ ᠦᠬᠢᠨ᠂ | ᠴᠢᠩᠭᠢᠰ ᠬᠠᠭᠠᠨ ᠤ ᠦᠬᠢᠨ ᠲᠡᠭᠦᠤ ᠪᠤᠯᠤᠨ᠎ᠠ᠃ ᠲᠡᠷᠡ ᠣᠬᠠᠭᠠᠨ ᠰᠡᠷᠭᠦᠯᠡᠩ ᠵᠤᠷᠢᠭ ᠬᠠᠳᠠᠭᠤ ᠮᠦᠷᠳᠡᠭᠡᠨ | ᠠᠭᠠᠳᠠᠮ ᠪᠠᠭᠳᠠᠭᠠᠮᠵᠢᠳᠠᠢ ᠃ ᠬᠡᠳᠦᠶᠢᠪᠠᠷ ᠭᠠᠯ ᠵᠠᠯᠠᠭᠤ ᠨᠠᠰᠣᠨ ᠳᠤ ᠪᠠᠨ ᠠᠵᠠ ᠪᠤᠰᠤ ᠪᠠᠷ ᠪᠡᠶ᠎ᠡ ᠦᠷᠡᠭᠳᠡᠭᠰᠡᠨ | ᠪᠤᠯᠪᠠᠴᠣ᠂ ᠲᠡᠷᠡ ᠲᠤᠭ᠎ᠠ ᠲᠠᠢ ᠤᠬᠤᠷᠬᠠᠨ ᠨᠠᠰᠣᠨ ᠳᠤ ᠪᠠᠨ ᠮᠣᠩᠭᠤᠯ ᠦᠨᠳᠦᠰᠦᠳᠡᠨ ᠤ ᠨᠢᠭᠡᠳᠦᠨ | ᠬᠦᠴᠦᠷᠬᠡᠭᠵᠢᠬᠦ ᠶᠡᠭᠡ ᠦᠢᠯᠡᠰ ᠲᠤ ᠭᠠᠷᠮᠠᠭᠠᠶᠢᠯᠠᠨ ᠵᠢᠳᠬᠦᠵᠤ ᠶᠠᠪᠤᠭᠰᠠᠨ ᠪᠦᠭᠡᠳ ᠠᠯᠳᠠᠨ ᠣᠷᠤᠭ ᠤᠨ | ᠲᠣᠳᠣᠭᠠᠳᠣ ᠶᠢᠨ ᠨᠢᠭᠳᠠᠷᠠᠯ ᠪᠦᠯᠬᠦᠮᠳᠡᠯ ᠶᠢᠨ ᠲᠦᠯᠦᠭᠡ ᠬᠠᠯᠠᠭᠤᠨ ᠠᠮᠢ ᠪᠠᠨ ᠦᠷᠡᠭᠳᠡᠬᠦᠯᠦᠭᠰᠡᠨ ᠠᠯᠳᠠᠷᠳᠣ | ᠡᠮᠡᠭᠳᠡᠢ ᠪᠤᠯᠤᠨ᠎ᠠ᠃ ᠲᠡᠭᠦᠨ ᠤ ᠭᠠᠪᠢᠶ᠎ᠠ ᠵᠢᠳᠬᠦᠯ ᠪᠤᠯᠤᠨ ᠦᠢᠯᠡ ᠠᠵᠢᠯᠯᠠᠭ᠎ᠠ ᠪᠠᠷ ᠪᠦᠬᠦᠶᠢᠯᠡ ᠮᠣᠩᠭᠤᠯᠴᠣᠳ | ᠤᠨ ᠬᠠᠶᠢᠷ᠎ᠠ ᠬᠦᠨᠳᠦᠳᠬᠡᠯ ᠢ ᠤᠯᠵᠤ᠂ ᠮᠣᠩᠭᠤᠯ ᠤᠨ ᠬᠦᠬᠡ ᠰᠣᠳᠣᠷ ᠲᠤ ᠠᠯᠳᠠᠷ ᠢᠶᠠᠨ ᠲᠡᠮᠳᠡᠭᠯᠡᠭᠦᠯᠦᠭᠰᠡᠨ ᠶᠤᠮ | ᠃ | ᠠᠷᠪᠠᠨ ᠨᠢᠭᠡ᠂ ᠪᠤᠷᠤᠬᠤᠯ ᠤᠨ ᠬᠠᠳᠣᠨ ᠠᠯᠳᠠᠨᠢ ᠠᠯᠳᠠᠨᠢ ᠬᠠᠳᠣᠨ ᠪᠤᠯ ᠮᠣᠩᠭᠤᠯ ᠤᠨ ᠲᠡᠤᠬᠡᠨ | ᠭᠠᠷᠮᠠᠭᠠᠢ ᠵᠢᠳᠬᠦᠯ ᠦᠵᠡᠭᠦᠯᠦᠭᠰᠡᠨ ᠪᠠᠭᠠᠳᠣᠷ ᠴᠢᠭᠴᠢ ᠡᠮᠡᠭᠳᠡᠢ ᠪᠣᠯᠤᠨ᠎ᠠ᠃ ᠲᠡᠷᠡ ᠪᠠᠷ ᠰᠡᠴᠡᠨ ᠰᠡᠷᠭᠦᠯᠡᠩ | ᠤᠬᠠᠭᠠᠨ ᠪᠢᠯᠢᠭ ᠲᠠᠢ ᠪᠦᠭᠡᠳ ᠪᠠᠭᠠᠳᠣᠷ ᠵᠤᠷᠢᠭ ᠲᠠᠢ ᠪᠠᠶᠢᠵᠤ᠂ ᠠᠮᠢ ᠪᠠᠨ ᠴᠦᠯᠡᠬᠦ ᠰᠢᠳᠣᠷᠭᠤ ᠡᠷᠡᠮᠡᠬᠡᠢ ᠦᠢᠯᠡ | ᠠᠵᠢᠯᠯᠠᠭ᠎ᠠ ᠪᠠᠷ ᠢᠶᠠᠨ ᠮᠣᠩᠭᠤᠯ ᠤᠨ ᠲᠡᠤᠬᠡᠨ ᠳᠤ ᠠᠯᠳᠠᠷᠰᠢᠵᠤ᠂ ᠦᠶ᠎ᠡ ᠦᠶ᠎ᠡ ᠶᠢᠨ ᠬᠦᠮᠦᠰ ᠤᠨ ᠬᠦᠨᠳᠦᠳᠬᠡᠯ ᠢ | ᠤᠯᠵᠤ ᠢᠷᠡᠪᠡ᠃ | ᠠᠯᠳᠠᠨᠢ ᠬᠠᠳᠣᠨ ᠪᠤᠯ ᠦᠭᠡᠯᠦᠨ ᠡᠬᠡ ᠶᠢᠨ ᠡᠷᠭᠦᠭᠰᠡᠨ ᠬᠦᠤ᠂ ᠴᠢᠩᠭᠢᠰ ᠬᠠᠭᠠᠨ ᠤ ᠲᠦᠷᠪᠡᠨ ᠬᠦᠯᠦᠭ᠂ | ᠶᠢᠰᠦᠨ ᠦᠷᠯᠦᠭ ᠤᠨ ᠨᠢᠭᠡ ᠪᠤᠯᠬᠤ ᠪᠤᠷᠤᠬᠤᠯ ᠤᠨ ᠬᠠᠳᠣᠨ᠃ ᠲᠡᠷᠡ ᠶᠡᠷᠤ ᠪᠤᠰᠤ ᠶᠢᠨ ᠪᠠᠭᠠᠳᠣᠷ ᠡᠮᠡᠭᠳᠡᠢ ᠪᠤᠯᠬᠤ | ᠣᠴᠢᠷ ᠬᠠᠭᠠᠨ᠂ ︿︿ᠪᠤᠷᠤᠬᠤᠯ ᠤᠨ ᠭᠡᠷᠭᠡᠢ᠂ ᠡᠷ᠎ᠡ ᠨᠦᠬᠦᠷ ᠲᠡᠭᠡᠨ ᠦᠷᠦᠭᠡᠰᠦᠨ ᠠᠷᠠᠯ ᠪᠤᠯᠵᠤ ᠶᠠᠪᠤᠭᠰᠠᠨ | ᠲᠡᠭᠡᠷ᠎ᠡ᠂ ᠲᠤᠯᠢ ᠶᠢᠨ ᠠᠮᠢ ᠶᠢ ᠠᠪᠤᠷᠠᠵᠤ ᠶᠡᠭᠡ ᠲᠣᠰᠠ ᠬᠦᠷᠭᠡᠪᠡ﹀﹀ ᠭᠡᠵᠤ ᠲᠡᠭᠦᠨ ᠭᠠᠪᠢᠶ᠎ᠠ ᠶᠢ ᠦᠨᠡᠯᠡᠪᠡ᠃ | ᠬᠡᠷᠪᠡ ᠠᠯᠳᠠᠨᠢ ᠬᠠᠳᠤᠨ ᠲᠤᠯᠢ ᠶᠢ ᠦᠬᠦᠯ ᠤᠨ ᠠᠶᠤᠯ ᠠᠴᠠ ᠠᠪᠤᠷᠠᠭᠰᠠᠨ ᠦᠭᠡᠢ ᠪᠤᠯ ᠲᠤᠯᠢ ᠵᠢᠴᠢ ᠲᠡᠭᠦᠨ ᠤ | ᠭᠤᠷᠪᠠᠨ ᠬᠠᠭᠠᠨ ᠬᠦᠪᠡᠭᠦᠨ ᠤ ᠮᠣᠩᠭᠤᠰ ᠤᠨ ᠲᠡᠤᠬᠡ ᠶᠢ ᠭᠡᠶᠢᠭᠦᠯᠦᠭᠰᠡᠨ ᠠᠭᠤᠤ ᠵᠢᠳᠬᠦᠯ ᠪᠠᠶᠢᠵᠤ ᠴᠢᠳᠠᠬᠤ | ᠦᠭᠡᠢ ᠮᠦᠷᠳᠡᠭᠡᠨ ᠮᠣᠩᠭᠤᠯ ᠬᠠᠭᠠᠨᠳᠣ ᠣᠯᠤᠰ ᠤᠨ ᠲᠡᠤᠬᠡ ᠨᠢ ᠦᠭᠡᠷ᠎ᠡ ᠨᠢᠭᠡᠨ ᠴᠢᠭᠯᠡᠯ ᠢᠶᠠᠷ ᠭᠦᠭᠵᠢᠭᠰᠡᠨ ᠴᠦ | ᠪᠠᠶᠢᠵᠤ ᠮᠡᠳᠡᠨ᠎ᠡ᠃ | ᠠᠷᠪᠠᠨ ᠬᠤᠶᠠᠷ᠂ ᠪᠤᠳᠤᠬᠤᠢ ᠲᠠᠷᠭᠤᠨ ᠬᠠᠳᠣᠨ ᠪᠤᠳᠣᠬᠤᠢ ᠲᠠᠷᠭᠤᠨ ᠬᠠᠳᠣᠨ ᠪᠤᠯ ᠤᠳᠤᠬᠢ | ᠲᠦᠮᠡᠳ ᠣᠭᠰᠠᠭᠠᠳᠠᠨ ᠤ ᠲᠡᠭᠡᠳᠦ ᠦᠶ᠎ᠡ ᠶᠢᠨ ᠠᠬᠠᠯᠠᠭᠴᠢ ᠪᠠᠶᠢᠭᠰᠠᠨ᠃ ᠲᠡᠷᠡ ᠮᠣᠩᠭᠤᠯ ᠡᠮᠡᠭᠳᠡᠶᠢᠴᠣᠳ ᠤᠨ | ᠠᠭᠤᠳᠠᠮ ᠡᠬᠡᠨᠴᠢᠷ ᠬᠠᠶᠢᠷ᠎ᠠ ᠪᠠ ᠡᠷᠡᠭᠳᠡᠶᠢᠴᠣᠳ ᠲᠤ ᠪᠠᠶᠢᠵᠤ ᠪᠤᠯᠤᠮ᠎ᠠ ᠦᠭᠡᠢ ᠡᠷᠡᠯᠬᠡᠭ ᠵᠢᠪᠬᠤᠭ᠎ᠠ ᠪᠠᠷ ᠠᠶᠢᠮᠠᠭ | ᠣᠭᠰᠠᠭ᠎ᠠ ᠪᠠᠨ ᠠᠬᠠᠯᠠᠨ᠂ ᠬᠤᠷᠢ ᠲᠦᠮᠡᠳ ᠤᠨ ᠢᠶᠠᠨ ᠢᠷᠭᠡᠳ ᠤᠨ ᠠᠮᠣᠷ ᠲᠦᠪᠰᠢᠨ ᠡᠩᠭᠡ ᠲᠠᠶᠢᠪᠤᠩ ᠢ | ᠬᠠᠮᠠᠭᠠᠯᠵᠤ ᠶᠠᠪᠤᠭᠰᠠᠨ ᠴᠤᠭ ᠪᠢᠯᠢᠭᠳᠦ ᠪᠠᠭᠠᠳᠣᠷ ᠡᠮᠡᠭᠳᠡᠢ ᠪᠤᠯᠬᠤ ᠶᠤᠮ᠃ ᠲᠡᠷᠡ ᠲᠦᠮᠡᠳᠴᠣᠳ ᠤᠨ ᠣᠮᠤᠭᠰᠢᠯ | ᠪᠤᠯᠬᠤ ᠪᠠᠷ ᠪᠠᠷᠠᠬᠤ ᠦᠭᠡᠢ ᠪᠦᠬᠦ ᠮᠣᠩᠭᠤᠯᠴᠣᠳ ᠤᠨ ᠤᠮᠤᠭᠰᠢᠯ ᠪᠠᠭ᠋ᠠᠷᠬᠠᠯ ᠪᠤᠯᠬᠤ ᠶᠤᠮ᠃ | ᠠᠷᠪᠠᠨ ᠭᠤᠷᠪᠠ᠂ ︿︿ᠲᠦᠷᠦ ᠵᠠᠬᠢᠷᠤᠭᠴᠢ ᠭᠦᠩᠵᠤ﹀﹀ ᠠᠯᠠᠭ᠎ᠠ ᠪᠠᠬᠢ ᠠᠯᠠᠭ᠎ᠠ ᠪᠠᠬᠢ ︵ | ᠠᠯᠠᠨ ᠭᠤᠸ᠎ᠠ ᠭᠡᠳᠡᠭ︶ ᠪᠣᠯ ᠴᠢᠩᠭᠢᠰ ᠬᠠᠭᠠᠨ ᠪᠠ ᠪᠦᠷᠳᠡ ᠦᠵᠢᠨ ᠬᠠᠳᠤᠨ ᠤ ᠭᠤᠷᠪᠠᠳᠣᠭᠠᠷ ᠦᠬᠢᠨ᠃ | ᠬᠠᠷᠠᠬᠠᠨ ᠪᠠᠭ᠎ᠠ ᠠᠴᠠ ᠡᠴᠢᠭᠡ ᠬᠠᠭᠠᠨ ᠤ ᠪᠠᠨ ᠰᠣᠷᠭᠠᠯ ᠢᠶᠠᠷ ᠬᠠᠷᠪᠤᠵᠤ ᠨᠠᠮᠨᠠᠬᠤ ᠶᠢ ᠪᠤᠯᠪᠠᠰᠣᠷᠠᠨ᠂ ᠴᠡᠷᠢᠭ | ᠲᠠᠶᠢᠨ ᠤ ᠬᠠᠳᠠᠭᠤ ᠰᠣᠷᠭᠠᠭᠤᠯᠢᠯ ᠳᠤ ᠴᠠᠭᠠᠷᠠᠭᠰᠠᠨ ᠶᠤᠮ᠃ ᠠᠯᠠᠭ᠎ᠠ ᠪᠠᠬᠢ ᠣᠬᠠᠭᠠᠨ ᠪᠢᠯᠢᠭ ᠴᠣᠭᠤᠷᠣᠬᠠᠢ᠂ | ᠠᠭᠤᠳᠠᠮ ᠪᠤᠳᠤᠯᠭ᠎ᠠ᠂ ᠦᠷᠭᠡᠨ ᠪᠠᠭᠳᠠᠭᠠᠮᠵᠢ ᠲᠠᠢ ᠪᠦᠭᠡᠳ ᠣᠯᠤᠰ ᠲᠦᠷᠦ ᠶᠢᠨ ᠬᠤᠯᠠ ᠬᠠᠷᠠᠴᠠ ᠲᠠᠢ ᠡᠮᠡᠭᠳᠡᠢ | ᠪᠠᠶᠢᠭᠰᠠᠨ ᠶᠤᠮ᠃ ᠲᠡᠷᠡ ᠬᠡᠷᠡᠭ ᠶᠠᠪᠣᠳᠠᠯ ᠳᠤ ᠬᠠᠨᠳᠣᠬᠤ ᠳᠤ ᠪᠠᠨ ᠬᠢᠨᠠᠭᠤᠷ ᠯᠠᠪᠳᠠᠭᠤᠨ ᠮᠦᠷᠳᠡᠭᠡᠨ ᠲᠦᠪ | ᠬᠢᠴᠢᠶᠡᠩᠭᠦᠢ ᠪᠠᠶᠢᠵᠤ᠂ ᠮᠤᠩᠭᠤᠯ ᠤᠨ ᠲᠡᠤᠬᠡᠨ ᠳᠤ ᠶᠡᠬᠡᠬᠡᠨ ᠦᠢᠯᠡᠳᠦᠯ ᠦᠵᠡᠭᠦᠯᠦᠭᠰᠡᠨ ᠪᠤᠯᠬᠤᠷ ᠬᠠᠭᠠᠨ ᠡᠴᠢᠭᠡ | ᠨᠢ ᠲᠡᠭᠦᠨ ᠳᠤ ᠲᠤᠩ ᠬᠠᠶᠢᠷᠠᠳᠠᠢ ᠪᠠᠶᠢᠭᠰᠠᠨ ᠭᠡᠳᠡᠭ᠃ | ᠴᠢᠩᠭᠢᠰ ᠬᠭᠠᠨ ᠠᠯᠠᠭ᠎ᠠ ᠪᠠᠬᠢ ᠶᠢ ᠣᠩᠭᠤᠳ ᠲᠤ ᠮᠣᠷᠳᠠᠭᠤᠯᠤᠭᠰᠠᠨ ᠨᠢ ᠮᠤᠩᠭᠤᠯ ᠠᠶᠢᠮᠠᠭ ᠤᠳ ᠤᠨ | ᠶᠡᠭᠡ ᠨᠢᠭᠡᠳᠦᠯ ᠢ ᠪᠡᠶᠡᠯᠡᠭᠦᠯᠬᠦ ᠵᠢᠴᠢ ᠤᠩᠭᠤᠳ ᠪᠠ ᠮᠤᠩᠭᠤᠯ ᠬᠠᠭᠠᠨᠳᠣ ᠤᠯᠤᠰ ᠤᠨ ᠮᠦᠩᠬᠡ ᠶᠢᠨ ᠬᠤᠯᠪᠤᠭ᠎ᠠ ᠶᠢ | ᠪᠠᠳᠣᠳᠬᠠᠬᠤ ᠶᠢᠨ ᠲᠦᠯᠦᠭᠡ ᠶᠤᠮ᠃ ᠴᠢᠩᠭᠢᠰ ᠬᠠᠭᠠᠨ ᠦᠬᠢᠨ ᠢᠶᠠᠨ ᠮᠣᠷᠳᠠᠭᠤᠯᠬᠤ ᠳᠠᠭᠠᠨ ᠰᠦᠲᠦᠭᠡᠷ | ᠬᠠᠶᠢᠷᠠᠯᠠᠵᠤ᠄ ︿︿ᠬᠠᠷᠠᠶᠢᠬᠤ ᠳᠤ ᠮᠢᠨᠢ ᠬᠦᠯ ᠪᠤᠯᠵᠤ᠂ ᠬᠠᠵᠠᠶᠢᠬᠤ ᠳᠤ ᠮᠢᠨᠢ ᠲᠦᠰᠢᠭ ᠪᠤᠯᠵᠤ᠂ | ᠬᠠᠯᠳᠣᠷᠢᠬᠤ ᠳᠤ ᠮᠢᠨᠢ ᠲᠠᠬ᠎ᠠ ᠪᠤᠯᠵᠤ᠂ ᠬᠠᠯᠠᠮᠵᠢ ᠲᠣᠰᠠ ᠶᠢ ᠬᠦᠷᠭᠡᠬᠦ ᠪᠠᠨ ᠬᠠᠶᠢᠷᠠᠳᠣ ᠠᠯᠠᠭ᠎ᠠ ᠮᠨᠢᠨ ᠮᠡᠳᠡᠳᠦᠭᠡᠢ᠃ | ᠡᠨᠡ ᠪᠡᠶ᠎ᠡ ᠬᠡᠪᠡᠷᠡᠭ ᠪᠤᠯᠪᠠᠴᠣ᠂ ᠡᠷᠬᠢᠮ ᠨᠡᠷ᠎ᠡ ᠮᠦᠩᠬᠡ ᠰᠢᠤ᠃ ᠰᠠᠷᠠᠭᠤᠯ ᠤᠬᠠᠭᠠᠨ ᠠᠴᠠ ᠢᠯᠭᠦᠤ ᠰᠠᠶᠢᠬᠠᠨ | ᠨᠦᠬᠦᠷ ᠪᠠᠶᠢᠳᠠᠭ ᠦᠭᠡᠢ᠂ ᠮᠣᠩᠬᠠᠭ ᠬᠢᠯᠢᠩ ᠠᠴᠠ ᠢᠯᠡᠭᠦᠤ ᠮᠠᠭᠤ ᠲᠠᠶᠢᠰᠣᠨ ᠪᠠᠶᠢᠳᠠᠭ ᠦᠭᠡᠢ᠂ ᠡᠷᠬᠢᠮ ᠢᠳᠡᠭᠡᠯ | ᠣᠯᠠᠨ ᠪᠤᠯᠪᠠᠴᠣ ᠡᠨᠡ ᠪᠡᠶ᠎ᠡ ᠪᠦᠭᠦᠳᠡ ᠠᠴᠠ ᠢᠳᠡᠭᠡᠯ ᠲᠠᠢ᠂ ᠬᠠᠶᠢᠷᠠᠯᠠᠬᠤ ᠶᠠᠭᠤᠮ᠎ᠠ ᠤᠯᠠᠨ ᠪᠤᠯᠪᠠᠴᠣ ᠬᠠᠯᠠᠭᠤᠨ | ᠠᠮᠢ ᠶᠢ ᠬᠠᠮᠤᠭ ᠠᠴᠠ ᠬᠠᠶᠢᠷᠠᠯᠠᠯᠳᠠᠢ᠃᠃ ᠬᠠᠳᠠᠭᠤᠵᠢᠵᠤ ᠶᠠᠪᠤᠪᠠᠰᠣ ᠬᠠᠮᠤᠭ ᠲᠤ ᠬᠡᠷᠡᠭ ᠲᠠᠢ᠂ ᠠᠷᠢᠭᠤᠨ | ᠶᠠᠪᠣᠪᠠᠰᠣ ᠠᠰᠢᠳᠠ ᠲᠣᠰᠠ ᠲᠠᠢ᠃﹀﹀ ᠭᠡᠵᠤ ᠰᠤᠷᠭᠠᠵᠡᠢ᠃ ᠠᠯᠠᠭ᠎ᠠ ᠪᠠᠬᠢ ᠪᠤᠯ ᠨᠢᠭᠡᠨ ᠰᠢᠯᠭᠠᠷᠠᠭᠰᠠᠨ ᠣᠯᠤᠰ | ᠲᠦᠷᠦᠴᠢ ᠡᠮᠡᠭᠳᠡᠢ ᠪᠤᠯᠤᠨ᠎ᠠ᠃ ᠲᠡᠷᠡ ᠡᠴᠢᠭᠡ ᠬᠠᠭᠠᠨ ᠤ ᠪᠠᠨ ᠶᠡᠭᠡ ᠪᠤᠳᠤᠯᠭ᠎ᠠ ᠪᠠ ᠪᠦᠷᠳᠡ ᠡᠬᠡ ᠶᠢᠨ ᠢᠶᠠᠨ | ᠠᠭᠤᠳᠠᠮ ᠪᠠᠭᠳᠠᠭᠠᠮᠵᠢ ᠰᠣᠣ ᠪᠢᠯᠢᠭ ᠢ ᠦᠪᠯᠡᠨ ᠲᠦᠷᠦᠭᠰᠡᠨ ᠤ ᠬᠤᠪᠢ ᠳᠤ᠂ ᠣᠩᠭᠤᠳ ᠠᠶᠢᠮᠠᠭ ᠤᠨ | ᠲᠣᠳᠣᠭᠠᠳᠣ ᠳᠠᠬᠢ ᠰᠠᠮᠠᠭᠤᠷᠠᠯ ᠢ ᠲᠦᠪᠰᠢᠳᠬᠡᠨ ᠡᠪ ᠨᠢᠭᠡᠳᠦᠯ ᠡᠩᠬᠡ ᠲᠠᠶᠢᠪᠣᠩ ᠢ ᠬᠠᠮᠠᠭᠠᠯᠠᠭᠰᠠᠨ ᠪᠦᠭᠡᠳ | ᠣᠩᠭᠤᠳ ᠬᠢᠭᠡᠳ ᠮᠣᠩᠭᠤᠯ ᠬᠠᠭᠠᠨᠳᠣ ᠤᠯᠤᠰ ᠤᠨ ᠬᠠᠷᠢᠴᠠᠭ᠎ᠠ ᠶᠢ ᠪᠠᠳᠣᠳᠬᠠᠵᠤ᠂ ᠭᠤᠪᠢ ᠶᠢᠨ ᠡᠮᠦᠨᠡᠬᠢ ᠶᠢ | ᠲᠤᠭᠳᠠᠭᠤᠨ ᠪᠤᠯᠭᠠᠭᠰᠠᠨ ᠪᠠᠶᠢᠨ᠎ᠠ᠃ | ᠠᠷᠪᠠᠨ ᠲᠦᠷᠪᠡ᠂ ᠲᠣᠳᠣᠷᠬᠠᠢ ᠨᠢᠭᠦᠯᠡᠰᠦᠩᠭᠦᠢ ᠬᠠᠳᠣᠨ ᠲᠦᠷᠭᠡᠨ᠎ᠡ ᠲᠦᠷᠭᠡᠨ᠎ᠡ ᠬᠠᠳᠣᠨ ᠪᠤᠯ | ᠮᠣᠩᠭᠤᠯ ᠤᠨ ᠲᠡᠤᠬᠡᠨ ᠳᠤ ᠲᠦᠷᠦ ᠪᠠᠷᠢᠭᠰᠡᠨ ᠠᠩᠬᠠᠳᠠᠭᠴᠢ ᠡᠮᠡᠭᠳᠡᠢ ᠪᠣᠯᠣᠨ᠎ᠠ᠃ ᠲᠡᠷᠡ ᠲᠦᠷᠦ ᠵᠠᠰᠠᠭ ᠶᠢᠨ | ᠡᠷᠬᠡ ᠪᠠᠨ ᠪᠠᠬᠢᠵᠢᠭᠦᠯᠬᠦ ᠶᠢᠨ ᠲᠦᠯᠦᠭᠡ ᠤᠯᠤᠰ ᠲᠦᠷᠦ ᠶᠢᠨ ᠬᠡᠳᠦᠷᠮᠡᠬᠡᠢ ᠠᠷᠭ᠎ᠠ ᠶᠢ ᠬᠡᠷᠡᠭᠯᠡᠨ ᠨᠢᠭᠡ ᠪᠦᠯᠦᠭ | ᠭᠠᠪᠢᠶᠠᠳᠣ ᠨᠤᠶᠠᠳ ᠲᠦᠰᠢᠮᠡᠳ ᠢ ᠭᠠᠳᠠᠭᠤᠷᠬᠠᠨ ᠶᠠᠯᠠᠯᠠᠵᠤ᠂ ᠮᠤᠩᠭᠤᠯ ᠬᠠᠭᠠᠨᠳᠣ ᠲᠦᠷᠦ ᠶᠢᠨ ᠪᠠᠬᠢᠵᠢᠯ ᠳᠤ | ᠬᠦᠨᠳᠣ ᠨᠤᠴᠢᠳᠠᠢ ᠨᠦᠯᠦᠭᠡ ᠣᠴᠠᠷᠠᠭᠤᠯᠤᠭᠰᠠᠨ ᠪᠤᠯᠪᠠᠴᠣ ᠡᠷᠬᠡ ᠶᠢ ᠲᠦᠪᠯᠡᠷᠡᠭᠦᠯᠦᠨ ᠲᠦᠷᠦ ᠭᠦᠷᠦᠨ ᠤ | ᠨᠢᠭᠡᠳᠦᠯ ᠢ ᠪᠠᠳᠣᠯᠠᠵᠤ᠂ ᠮᠤᠩᠭᠤᠯ ᠬᠠᠭᠨᠳᠣ ᠲᠦᠷᠦ ᠶᠢᠨ ᠭᠤᠷᠪᠠᠳᠠᠬᠢ ᠬᠠᠭᠠᠨ ᠢ ᠰᠣᠩᠭᠤᠨ ᠲᠤᠭᠳᠠᠭᠠᠵᠤ | ᠵᠠᠯᠭᠠᠮᠵᠢᠯᠠᠭᠤᠯᠤᠭᠰᠠᠨ ᠭᠠᠪᠢᠶ᠎ᠠ ᠲᠠᠢ ᠶᠤᠮ᠃ ᠮᠥᠨ ᠴᠦ ᠴᠢᠩᠭᠢᠰ ᠬᠠᠭᠠᠨ ᠤ ᠲᠤᠭᠳᠠᠭᠠᠭᠰᠠ ᠶᠡᠭᠡ ᠬᠤᠷᠠᠯᠳᠠᠢ ᠶᠢ | ᠭᠠᠳᠠᠭᠰᠢ ᠪᠠᠨ ᠴᠢᠯᠦᠭᠡᠳᠡᠢ ᠨᠡᠭᠡᠭᠡᠵᠤ᠂ ᠲᠡᠯᠡᠬᠡᠢ ᠶᠢᠨ ᠤᠯᠠᠨ ᠤᠯᠤᠰ ᠤᠨ ᠤᠯᠠᠨ ᠲᠠᠯ᠎ᠠ ᠶᠢᠨ ᠨᠡᠷᠡᠳᠣ ᠬᠦᠮᠦᠰ ᠢ | ᠲᠦᠷᠦ ᠶᠢᠨ ᠴᠢᠬᠤᠯᠠ ᠵᠦᠪᠯᠡᠬᠦ ᠳᠤ ᠣᠷᠤᠯᠴᠠᠭᠤᠯᠤᠨ᠂ ᠶᠡᠭᠡ ᠮᠣᠩᠭᠤᠯ ᠬᠠᠭᠠᠨᠳᠣ ᠣᠯᠤᠰ ᠤᠨ ᠰᠦᠷ ᠬᠦᠴᠦᠨ | ᠪᠠ ᠪᠠᠶᠢᠷᠢ ᠰᠠᠭᠤᠷᠢ ᠶᠢ ᠲᠡᠯᠡᠬᠡᠢ ᠳ᠋ᠠᠬᠢᠨ ᠳᠤ ᠠᠯᠳᠠᠷᠰᠢᠭᠤᠯᠤᠭᠰᠠᠨ ᠶᠤᠮ᠃ | ᠲᠦᠷᠭᠡᠨ᠎ᠡ ᠬᠠᠳᠣᠨ ᠪᠤᠯ ᠮᠡᠷᠭᠡᠳ ᠠᠶᠢᠮᠠᠭ ᠤᠨ ᠬᠦᠮᠦᠨ ᠪᠤᠯᠤᠨ᠎ᠠ᠃ ᠲᠡᠷᠡ ᠤᠤᠯ ᠳᠤ ᠪᠠᠨ ᠮᠡᠷᠭᠡᠳ ᠠᠶᠢᠮᠠᠭ ᠤᠨ | ᠲᠦᠷᠦᠭᠦᠤ ᠪᠤᠯᠬᠤ ᠲᠤᠭᠳᠤᠭ᠎ᠠ ᠪᠠᠬᠢ ᠶᠢᠨ ᠠᠬᠠᠮᠠᠳ ᠬᠦᠪᠡᠭᠦᠨ ᠬᠤᠳᠤ ᠶᠢᠨ ᠪᠠᠭ᠎ᠠ ᠬᠠᠳᠣᠨ ᠪᠠᠶᠢᠵᠡᠢ᠃1204 | ᠤᠨ ᠳᠤ ᠴᠢᠩᠭᠢᠰ ᠬᠠᠭᠠᠨ ᠮᠣᠩᠭᠤᠯ ᠤᠨ ᠣᠯᠠᠨ ᠠᠶᠢᠮᠠᠭ ᠢᠶᠠᠨ ᠲᠠᠶᠢᠴᠢᠯᠠᠨ ᠬᠠᠷ᠎ᠠ ᠲᠠᠯ᠎ᠠ ᠶᠢᠨ ᠦᠵᠦᠭᠦᠷ ᠭᠡᠳᠡᠭ | ᠭᠠᠵᠠᠷ ᠲᠤ ᠮᠡᠷᠭᠢᠳ ᠠᠶᠢᠮᠠᠭ ᠲᠠᠢ ᠶᠡᠭᠡ ᠪᠠᠶᠢᠷᠢ ᠪᠠᠶᠢᠯᠳᠣᠭᠠᠨ ᠪᠣᠯᠤᠭᠰᠠᠨ ᠳᠤ ᠮᠡᠷᠭᠢᠳ ᠤᠨ ᠲᠤᠭᠳᠤᠭ᠎ᠠ ᠪᠠᠬᠢ | ᠲᠠᠶᠢᠨ ᠳᠤ ᠢᠯᠠᠬᠳᠠᠵᠤ᠂ ᠬᠤᠳᠤ ᠪᠤᠯᠤᠨ ᠴᠢᠯᠠᠭᠤᠨ ᠭᠡᠬᠦ ᠬᠤᠶᠠᠷ ᠬᠦᠪᠡᠭᠦᠨ ᠲᠠᠢ ᠪᠠᠨ ᠴᠦᠭᠡᠨ ᠬᠦᠮᠦᠰ ᠪᠠᠨ | ᠲᠠᠭᠠᠭᠤᠯᠣᠨ ᠲᠣᠳᠠᠭᠠᠵᠤ ᠭᠠᠷᠪᠠ᠃ ᠴᠢᠩᠭᠢᠰ ᠬᠠᠭᠠᠨ ᠲᠠᠶᠢᠨ ᠳᠤ ᠣᠯᠵᠠᠯᠠᠭᠰᠠᠠᠨ ᠮᠡᠷᠭᠢᠳ ᠤᠨ ᠣᠯᠠᠨ ᠦᠬᠢᠳ | ᠤᠨ ᠲᠤᠮᠳᠠ ᠠᠴᠠ ᠬᠤᠳᠤ ᠶᠢᠨ ᠪᠠᠭ᠎ᠠ ᠬᠠᠳᠤᠨ ᠪᠤᠯᠬᠤ ᠲᠦᠷᠭᠡᠨ᠎ᠡ ᠶᠢ ᠣᠯᠵᠤ ᠦᠪᠡᠷ ᠤᠨ ᠭᠤᠷᠪᠠᠳᠣᠭᠠᠷ | ᠬᠦᠪᠡᠭᠦᠨ ᠦᠭᠡᠳᠢ ᠳᠤ ᠪᠠᠨ ᠬᠠᠳᠣᠨ ᠪᠣᠯᠭᠠᠨ ᠱᠠᠩᠨᠠᠵᠡᠢ᠃ | ᠠᠷᠪᠠᠨ ᠲᠠᠪᠤ᠂ ᠲᠤᠳᠣᠷᠬᠠᠢ ᠪᠤᠶᠠᠨᠳᠣ ᠭᠡᠭᠡᠨ ᠮᠡᠷᠭᠡᠨ ᠬᠠᠳᠣᠨ ᠰᠣᠷᠬᠠᠭᠳᠠᠨᠢ ᠪᠠᠬᠢ ᠰᠣᠷᠬᠠᠭᠳᠠᠨᠢ | ᠬᠠᠳᠤᠨ ᠪᠤᠯ ᠴᠢᠩᠭᠢᠰ ᠬᠠᠭᠠᠨ ᠤ ᠤᠳᠬᠤᠨ ᠬᠦᠤ ᠲᠤᠯᠢ ᠶᠢᠨ ᠬᠠᠳᠣᠨ᠃ ᠲᠡᠷᠡ ᠪᠤᠯ ᠬᠡᠷᠡᠶᠢᠳ ᠤᠨ ᠤᠩ ᠬᠠᠨ | ᠤ ᠲᠡᠭᠦᠤ ᠵᠠᠬ᠎ᠠ ᠬᠠᠮᠪᠤ ᠶᠢᠨ ᠪᠠᠭ᠎ᠠ ᠦᠬᠢᠨ ᠪᠤᠯᠤᠨ᠎ᠠ᠃ ᠰᠣᠷᠬᠠᠭᠳᠠᠨᠢ ᠪᠠᠬᠢ ᠬᠠᠳᠣᠨ ᠠᠴᠠ ᠲᠦᠷᠪᠡᠨ ᠬᠦᠤ | ᠲᠦᠷᠦᠪᠡ᠃ ᠡᠨᠡ ᠲᠦᠷᠪᠡᠨ ᠬᠦᠤ ᠨᠢ ᠲᠡᠯᠡᠬᠡᠢ ᠳ᠋ᠠᠬᠢᠨ ᠳᠤ ᠠᠯᠳᠠᠷ ᠨᠡᠷ᠎ᠡ ᠮᠠᠨᠳᠣᠵᠤ᠂ ᠭᠤᠷᠪᠠ ᠨᠢ ᠬᠠᠭᠠᠨ | ᠰᠣᠭᠤᠪᠠ᠃ ᠶᠡᠭᠡ ᠬᠦᠪᠡᠭᠦᠨ ᠮᠦᠩᠬᠡ ᠨᠢ ᠮᠣᠩᠭᠤᠯ ᠬᠠᠭᠠᠨᠳᠣ ᠤᠯᠤᠰ ᠤᠨ ᠲᠦᠷᠪᠡᠳᠡᠬᠢ ᠬᠠᠭᠠᠨ ᠢᠶᠠᠷ | ᠡᠷᠭᠦᠮᠵᠢᠯᠡᠭᠳᠡᠵᠤ᠂ ᠮᠣᠩᠭᠤᠯ ᠤᠨ ᠲᠡᠤᠬᠡᠨ ᠲᠡᠭᠡᠷ᠎ᠡ ᠪᠠᠰᠠ ᠨᠢᠭᠡᠨ ᠰᠢᠵᠢᠷ ᠠᠯᠳᠠᠨ ᠴᠠᠭ ᠦᠶ᠎ᠡ ᠶᠢ ᠨᠡᠭᠡᠭᠡᠪᠡ᠃ | ᠺᠠᠷᠦ᠋ᠹᠦ᠋ᠵᠢ ᠲᠡᠺᠡᠶᠢᠰᠢ᠂ ᠣᠲ᠋ᠡᠭᠧ ᠮᠠᠴᠦ᠋ᠸᠤ᠋ ᠶᠢᠨ ᠪᠢᠴᠢᠭᠰᠡᠨ ︿︿ᠬᠤᠪᠢᠯᠠᠢ ᠬᠠᠭᠠᠨ﹀﹀ ᠭᠡᠬᠦ ᠨᠤᠮ ᠳᠤ ᠮᠦᠩᠬᠡ | ᠬᠠᠭᠠᠨ ᠤ ᠦᠶ᠎ᠡ ᠳᠤ ᠲᠦᠷᠦ ᠲᠦᠪᠰᠢᠨ ᠲᠦᠮᠡᠨ ᠠᠮᠣᠭᠤᠯᠠᠩ ᠪᠠᠶᠢᠳᠠᠯ ᠢ ︿︿ᠡᠶᠢᠮᠤᠷᠬᠦ ᠪᠠᠶᠢᠳᠠᠯ ᠲᠷᠡ ᠴᠡᠭ ᠢᠶᠠᠷ | ᠢᠶᠠᠨ ᠦᠷᠭᠦᠯᠵᠢᠯᠡᠭᠰᠡᠨ ᠪᠤᠯ ᠮᠣᠩᠭᠤᠯ ᠶᠡᠭᠡ ᠬᠠᠭᠠᠨᠳᠣ ᠤᠯᠤᠰ ᠪᠠᠷᠤᠭ ᠲᠦᠭ ᠲᠦᠮᠡᠨ ᠨᠠᠰᠣᠯᠠᠵᠤ ᠪᠤᠯᠬᠤ | ᠪᠠᠶᠢᠭᠰᠠᠨ ᠶᠤᠮ﹀﹀ ᠭᠡᠵᠤ ᠲᠡᠮᠳᠡᠭᠯᠡᠪᠡ᠃ ᠬᠤᠶᠠᠳᠣᠭᠷ ᠬᠦᠪᠡᠭᠦᠨ ᠬᠤᠪᠢᠯᠠᠢ ᠨᠢ ᠲᠣᠮᠳᠠᠳᠣ ᠣᠷᠤᠨ ᠢ | ᠨᠢᠭᠡᠳᠬᠡᠵᠤ᠂ ᠲᠠᠶᠢᠶᠣᠸᠠᠨ ᠣᠯᠤᠰ ᠤᠨ ᠲᠠᠶᠢᠽᠤ ᠬᠠᠭᠠᠨ ᠪᠤᠯᠪᠠ᠃ ᠭᠤᠷᠪᠠᠳᠣᠭᠠᠷ ᠬᠦᠪᠡᠭᠦᠨ ᠬᠦᠯᠦᠭ ︵ᠦᠯᠡᠬᠦ︶ | ᠨᠢ ᠢᠯ ᠬᠠᠭᠠᠨᠳᠣ ᠤᠯᠤᠰ ᠢ ᠪᠠᠶᠢᠭᠤᠯᠤᠨ ᠬᠠᠭᠠᠨ ᠰᠠᠭᠤᠪᠠ᠃ ᠣᠳᠬᠤᠨ ᠬᠦᠪᠡᠭᠦᠨ ᠠᠷᠢᠭᠪᠤᠬ᠎ᠠ ᠨᠢ ᠮᠤᠩᠭᠤᠯ | ᠨᠤᠳᠤᠭ ᠢᠶᠠᠨ ᠡᠵᠡᠯᠡᠨ ᠰᠠᠭᠤᠭᠰᠠᠨ ᠪᠠᠶᠢᠨ᠎ᠠ᠃ ᠰᠣᠷᠬᠠᠭᠳᠠᠨᠢ ᠪᠠᠬᠢ ᠬᠠᠳᠣᠨ ᠭᠤᠶᠣ ᠦᠵᠡᠰᠭᠦᠯᠡᠩ᠂ | ᠰᠡᠴᠡᠨ ᠰᠡᠷᠭᠦᠯᠡᠩ ᠮᠦᠷᠳᠡᠭᠡᠨ ᠣᠬᠠᠭᠠᠨ ᠪᠤᠳᠤᠯᠭ᠎ᠠ ᠭᠦᠨ᠂ ᠨᠠᠶᠢᠷ ᠰᠡᠳᠬᠢᠯᠭᠡ ᠵᠣᠵᠠᠭᠠᠨ᠂ ᠪᠠᠭᠳᠠᠭᠠᠮᠵᠢ ᠶᠡᠭᠡ | ᠲᠠᠢ ᠪᠠᠶᠢᠳᠠᠭ ᠢᠶᠠᠷ ᠢᠶᠠᠨ ᠲᠡᠯᠡᠬᠡᠢ ᠳ᠋ᠠᠬᠢᠨ ᠳᠤ ᠠᠯᠳᠠᠷᠰᠢᠪᠠ᠃ ᠦᠭᠡᠳᠡᠢ ᠬᠠᠭᠠᠨ ᠲᠡᠭᠦᠨ ᠤ ᠡᠷᠬᠢᠮ ᠲᠡᠭᠡᠳᠤ ᠵᠠᠩ | ᠴᠢᠨᠠᠷ ᠬᠢᠭᠳ ᠤᠬᠠᠭᠠᠨ ᠪᠤᠳᠤᠯᠭ᠎ᠠ ᠶᠡᠭᠡ ᠶᠢ ᠪᠢᠰᠢᠷᠠᠵᠤ᠂ ᠲᠦᠷᠦ ᠭᠦᠷᠦᠨ ᠤ ᠴᠢᠬᠤᠯᠠ ᠶᠡᠭᠡ ᠬᠡᠷᠡᠭ ᠶᠠᠪᠤᠳᠠᠯ | ᠤᠳ ᠢ ᠲᠡᠭᠦᠨ ᠲᠠᠢ ᠵᠦᠪᠳᠡᠳᠡᠭ ᠪᠤᠯᠤᠭᠰᠠᠨ ᠶᠤᠮ᠃ | ᠠᠷᠪᠠᠨ ᠵᠢᠷᠭᠤᠭ᠎ᠠ᠂ ᠰᠠᠶᠢᠨ ᠬᠠᠳᠣᠨ ᠪᠤᠷᠤᠭᠴᠢᠨ ᠭᠤᠸ᠎ᠠ ᠪᠤᠷᠤᠭᠴᠢᠨ ᠭᠤᠸ᠎ᠠ ᠬᠠᠳᠣᠨ ᠪᠤᠯ | ᠪᠠᠳᠣ ᠬᠠᠭᠠᠨ ᠤ ᠶᠡᠭᠡ ᠬᠠᠳᠣᠨ ᠪᠤᠯᠤᠨ᠎ᠠ᠃ ᠲᠡᠷᠡ ᠪᠠᠷ ᠭᠤᠶᠣ ᠭᠡᠭᠡᠨᠴᠢᠷ ᠮᠦᠷᠳᠡᠭᠡᠨ ᠠᠭᠤᠳᠠᠮᠴᠢ ᠪᠠᠭᠳᠠᠭᠠᠮᠵᠢᠳᠠᠢ | ᠬᠠᠳᠣᠨ ᠪᠠᠶᠢᠵᠤ᠂ ᠬᠢᠪᠴᠠᠭ ᠬᠠᠭᠠᠨᠳᠣ ᠤᠯᠤᠰ ᠲᠤ ᠬᠦᠨᠳᠦᠳᠬᠡᠯᠳᠡᠢ ᠬᠠᠳᠣᠨ ᠪᠤᠯᠤᠭᠰᠠᠨ ᠪᠠᠷᠠᠬᠤ ᠦᠭᠡᠢ ᠶᠡᠭᠡ | ᠮᠤᠩᠭᠤᠯ ᠬᠭᠠᠨᠳᠣ ᠤᠯᠤᠰ ᠲᠤ ᠴᠦ ᠲᠡᠭᠡᠭᠦᠷ ᠪᠠᠶᠢᠷᠢ ᠲᠠᠢ ᠦᠨᠡᠯᠡᠭᠳᠡᠵᠤ ᠪᠠᠶᠢᠭᠰᠠᠨ ᠶᠤᠮ᠃ | ᠮᠤᠩᠭᠤᠯ ᠤᠨ ᠲᠡᠤᠬᠡᠨ ᠳᠤ᠂ ᠲᠤᠩ ᠤᠯᠠᠨ ᠰᠢᠯᠭᠠᠷᠭᠰᠠᠨ ᠮᠤᠩᠭᠤᠯ ᠡᠮᠡᠭᠳᠡᠶᠢᠴᠣᠳ ᠲᠦᠷᠦ ᠶᠢᠨ ᠡᠷᠬᠡ | ᠠᠳᠬᠤᠵᠤ ᠦᠩᠭᠡᠷᠡᠭᠰᠡᠨ ᠪᠦᠭᠡᠳ ᠮᠤᠩᠭᠤᠯ ᠤᠨ ᠨᠡᠶᠢᠭᠡᠮ ᠲᠡᠤᠬᠡ ᠪᠠ ᠡᠪ ᠪᠦᠮᠬᠦᠮᠳᠡᠯ ᠳᠤ ᠪᠠᠯᠠᠷᠠᠰᠢ ᠦᠭᠡᠢ | ᠭᠠᠪᠢᠶ᠎ᠠ ᠵᠢᠳᠬᠦᠯ ᠪᠠᠶᠢᠭᠤᠯᠤᠭᠰᠠᠨ ᠶᠤᠮ᠃ ᠪᠤᠷᠤᠭᠴᠢᠨ ᠭᠤᠸ᠎ᠠ ᠬᠠᠳᠤᠨ ᠪᠤᠯ ᠡᠳᠡᠭᠡᠷ ᠰᠢᠯᠭᠠᠷᠠᠭᠰᠠᠨ ᠮᠤᠩᠭᠤᠯ | ᠡᠮᠡᠭᠳᠡᠶᠢᠴᠣᠳ ᠤᠨ ᠲᠣᠳᠣᠷᠠᠬᠢ ᠨᠢᠭᠡ ᠪᠤᠯᠤᠨ᠎ᠠ᠃ ᠲᠡᠷᠡ ᠪᠠᠳᠣ ᠬᠠᠭᠠᠨ ᠤ ᠲᠦᠷᠦ ᠶᠢᠨ ᠦᠢᠯᠡ ᠳᠤ ᠰᠢᠭᠤᠳ | ᠣᠷᠤᠯᠴᠠᠵᠤ᠂ ᠣᠯᠠᠨ ᠰᠠᠶᠢᠬᠠᠨ ᠤᠬᠠᠭᠠᠨ ᠪᠤᠳᠤᠯᠭ᠎ᠠ ᠡᠷᠭᠦᠵᠤ᠂ ᠠᠯᠳᠠᠨ ᠣᠷᠳᠣᠳᠣ ᠬᠠᠭᠠᠨᠳᠣ ᠣᠯᠤᠰ ᠤᠨ | ᠲᠦᠷᠦ ᠶᠢᠨ ᠡᠷᠬᠡ ᠶᠢ ᠪᠠᠬᠢᠵᠢᠭᠦᠯᠬᠦ᠂ ᠤᠯᠤᠰ ᠭᠡᠷ ᠤᠨ ᠡᠩᠬᠡ ᠲᠦᠪᠰᠢᠨ ᠢ ᠪᠠᠳᠣᠯᠠᠬᠤ ᠳᠤ ᠭᠢᠯᠠᠯᠵᠠᠭᠰᠠᠨ ᠣᠯᠠ | ᠮᠦᠷ ᠢᠶᠠᠨ ᠦᠯᠡᠳᠡᠭᠡᠭᠰᠡᠨ ᠶᠤᠮ᠃ ᠪᠤᠷᠤᠭᠴᠢᠨ ᠭᠤᠸ᠎ᠠ ᠲᠦᠷᠦ ᠶᠢᠨ ᠡᠷᠬᠡ ᠶᠢ ᠠᠳᠬᠤᠭᠰᠠᠨ ᠤ ᠲᠠᠷᠠᠭ᠎ᠠ ᠴᠦ | ᠣᠯᠠᠨ ᠰᠠᠶᠢᠬᠠᠨ ᠪᠤᠳᠤᠯᠭ᠎ᠠ ᠶᠢ ᠬᠡᠷᠡᠭᠵᠢᠭᠦᠯᠵᠤ ᠲᠦᠷᠦ ᠲᠦᠮᠡᠨ ᠳᠡᠭᠡᠨ ᠠᠯᠳᠠᠷᠰᠢᠵᠤ ᠶᠠᠪᠣᠭᠰᠠᠨ ᠶᠤᠮ᠃ ᠲᠡᠷᠡ | ᠪᠤᠯ ᠪᠠᠳᠣ ᠬᠠᠭᠠᠨ ᠤ ᠰᠠᠶᠢᠨ ᠵᠦᠪᠯᠡᠭᠴᠢ ᠮᠦᠷᠳᠡᠭᠡᠨ ᠰᠢᠯᠭᠠᠷᠠᠭᠰᠠᠨ ᠵᠠᠯᠭᠠᠮᠵᠢᠯᠠᠭᠴᠢ ᠨᠢ ᠪᠤᠯᠤᠨ᠎ᠠ᠃ | ᠠᠷᠪᠠᠨ ᠲᠤᠯᠤᠭ᠎ᠠ᠂ ᠤᠤᠭᠠᠯ ᠬᠠᠶᠢᠮᠢᠰᠢ ᠬᠠᠳᠣᠨ ᠮᠣᠩᠭᠤᠯ ᠬᠠᠭᠠᠨᠳᠣ ᠤᠯᠤᠰ ᠤᠨ ᠲᠡᠤᠬᠡᠨ ᠳᠤ᠂ | ᠣᠣᠭᠠᠯ ᠬᠠᠶᠢᠮᠢᠰᠢ ᠬᠠᠳᠣᠨ ᠪᠤᠯ ᠲᠦᠷᠦ ᠶᠢᠨ ᠡᠷᠬᠡ ᠶᠢ ᠠᠳᠬᠤᠭᠰᠠᠨ ᠬᠤᠶᠠᠳᠠᠭᠴᠢ ᠡᠮᠡᠭᠳᠡᠢ᠃ ᠬᠦᠶᠦᠭ ᠬᠠᠭᠠᠨ | ᠨᠠᠰᠣ ᠪᠠᠷᠠᠭᠰᠠᠨ ᠤ ᠲᠠᠷᠠᠭ᠎ᠠ᠂ ᠬᠠᠭᠠᠨ ᠰᠠᠭᠤᠷᠢᠨ ᠢ ᠵᠠᠯᠭᠠᠮᠵᠢᠯᠠᠬᠤ ᠲᠤᠬᠢᠳᠠᠢ ᠬᠦᠮᠦᠨ ᠢ ᠰᠣᠩᠭᠤᠨ ᠲᠤᠭᠳᠠᠭᠠᠬᠤ | ᠠᠴᠠ ᠡᠮᠦᠨ᠎ᠡ᠂ ᠲᠡᠷᠡ ᠶᠡᠭᠡ ᠮᠣᠩᠭᠤᠯ ᠬᠠᠭᠠᠨᠳᠣ ᠤᠯᠤᠰ ᠢ ᠵᠠᠰᠠᠭᠯᠠᠵᠤ ᠶᠠᠪᠣᠭᠰᠠᠨ ᠠᠪᠢᠶᠠᠰᠯᠢᠭ ᠤᠯᠤᠰ | ᠲᠦᠷᠦᠴᠢᠨ ᠡᠮᠡᠭᠳᠡᠢ ᠪᠤᠯᠤᠨ᠎ᠠ᠃ | ᠠᠷᠪᠠᠨ ᠨᠠᠢᠮᠠ᠂ ᠭᠡᠭᠡᠨ ᠮᠡᠷᠭᠡᠨ ᠡᠶᠡᠪᠡᠷᠭᠦᠤ ᠪᠤᠭᠳᠠ ᠬᠠᠳᠣᠨ ᠴᠢᠮᠪᠠᠢ ᠴᠢᠮᠪᠪᠠᠢ ︵ᠪᠠᠰᠠ | ᠴᠢᠮᠪᠤᠢ᠂ ᠴᠠᠮᠪᠢ ᠭᠡᠳᠡᠭ︶ ᠬᠠᠳᠤᠨ ᠪᠤᠯ ᠮᠣᠩᠭᠤᠯ ᠤᠨ ᠲᠡᠤᠬᠡ ᠶᠢ ᠭᠡᠶᠢᠭᠦᠯᠦᠭᠰᠡᠨ ᠪᠠᠰᠠ ᠨᠢᠭᠡ ᠭᠡᠭᠡᠨ ᠮᠡᠷᠭᠡᠨ | ᠡᠮᠡᠭᠳᠡᠢ ᠪᠤᠯᠤᠨ᠎ᠠ᠃ ᠲᠡᠷᠡ ᠶᠡᠭᠡ ᠶᠤᠸᠠᠨ ᠤᠯᠤᠰ ᠤᠨ ᠭᠤᠤᠯ ᠤᠷᠳᠤᠨ ᠤᠨ ᠬᠠᠳᠣᠨ ᠪᠤᠯᠵᠤ ᠶᠠᠪᠤᠬᠤ ᠳᠤ ᠪᠠᠨ | ᠬᠤᠪᠢᠯᠠᠢ ᠰᠡᠴᠡᠨ ᠬᠠᠭᠠᠨ ᠵᠢᠴᠢ ᠲᠦᠷᠦ ᠶᠢᠨ ᠨᠤᠶᠠᠳ ᠲᠦᠰᠢᠮᠡᠳ ᠢ ᠶᠡᠬᠡᠬᠡᠨ ᠨᠦᠯᠦᠭᠡᠯᠡᠵᠤ᠂ ᠶᠡᠭᠡ ᠶᠣᠸᠠᠨ | ᠤᠯᠤᠰ ᠤᠨ ᠲᠤᠭᠳᠠᠭᠤᠨ ᠪᠠᠶᠢᠳᠠᠯ ᠢ ᠬᠠᠮᠠᠭᠠᠯᠠᠵᠤ᠂ ᠶᠡᠭᠡ ᠶᠤᠸᠠᠨ ᠤᠯᠤᠰ ᠤᠨ ᠴᠡᠴᠡᠭᠯᠡᠨ ᠬᠦᠭᠵᠢᠯᠳᠡ ᠶᠢ | ᠪᠡᠶᠡᠯᠡᠭᠦᠯᠬᠦ ᠳᠤ ᠠᠰᠣᠷᠤ ᠶᠡᠭᠡ ᠵᠢᠳᠭᠦᠯ ᠦᠵᠡᠭᠦᠯᠦᠨ᠂ ᠦᠶ᠎ᠡ ᠦᠶ᠎ᠡ ᠶᠢᠨ ᠬᠦᠮᠦᠰ ᠤᠨ ᠲᠠᠭᠤᠷᠢᠶᠠᠯ ᠪᠤᠯᠵᠤ | ᠪᠠᠶᠢᠭᠰᠠᠨ ᠶᠤᠮ᠃ ᠴᠢᠮᠪᠠᠢ ᠬᠠᠳᠣᠨ ᠣᠬᠠᠭᠠᠨ ᠰᠡᠷᠭᠦᠯᠡᠩ᠂ ᠰᠡᠳᠬᠢᠯᠭᠡ ᠭᠦᠨ᠂ ᠣᠷᠠᠨ ᠠᠪᠢᠶᠠᠰᠯᠢᠭ᠂ ᠠᠵᠢᠯᠴᠢ | ᠪᠤᠷᠤᠭᠵᠢᠭᠤᠨ᠂ ᠲᠦᠪ ᠭᠤᠤᠯᠴᠢ ᠠᠷᠪᠢᠴᠢ ᠭᠠᠮᠴᠢ ᠵᠡᠷᠭᠡ ᠲᠡᠭᠦᠰ ᠭᠤᠸ᠎ᠠ ᠰᠢᠯᠢᠳᠡᠭ ᠰᠣᠷᠳᠠᠯ ᠢ | ᠪᠦᠷᠢᠯᠳᠦᠭᠦᠯᠦᠭᠰᠡᠨ ᠮᠦᠷᠳᠡᠭᠡᠨ ᠣᠯᠤᠰ ᠲᠦᠷᠦ ᠶᠢᠨ ᠬᠤᠯᠠ ᠬᠠᠷᠠᠴᠠ ᠲᠠᠢ ᠡᠮᠡᠭᠳᠡᠢ ᠪᠠᠶᠢᠭᠰᠠᠨ ᠪᠣᠯᠬᠤᠷ ᠬᠠᠭᠠᠨᠳᠣ | ᠲᠦᠷ ᠨᠣᠶᠠᠳ ᠰᠠᠶᠢᠳ ᠠᠴᠠ ᠠᠷᠠᠳ ᠢᠷᠭᠡᠳ ᠲᠤ ᠬᠦᠷᠳᠡᠯ᠎ᠡ ᠶᠡᠬᠡᠳᠡ ᠲᠠᠭᠠᠯᠠᠭᠳᠠᠨ ᠬᠦᠨᠳᠦᠳᠬᠡᠭᠳᠡᠵᠤ᠂ | ᠪᠤᠰᠣᠳ ᠠᠴᠠ ᠴᠣᠯᠭᠤᠷᠠᠭᠰᠠᠨ ᠡᠷᠬᠢᠮᠲᠡᠭᠡᠳᠣ ᠦᠢᠯᠡ ᠠᠵᠢᠯᠯᠠᠭ᠎ᠠ ᠨᠢ ︿︿ᠶᠤᠸᠠᠨ ᠤ ᠰᠣᠳᠣᠷ﹀﹀ ᠪᠤᠶᠤ ᠬᠠᠮᠢᠶ᠎ᠠ | ᠪᠦᠬᠦᠢ ᠲᠡᠤᠬᠡ ᠱᠠᠰᠳᠠᠷ ᠲᠠᠢ ᠣᠯᠠᠨᠳᠠ ᠲᠡᠮᠳᠡᠭᠯᠡᠭᠳᠡᠵᠤ᠂ ᠭᠠᠳᠠᠭᠠᠳᠣ ᠲᠤᠳᠣᠭᠠᠳᠣ ᠶᠢᠨ ᠣᠯᠠᠨ ᠲᠡᠤᠬᠡᠴᠢᠨ ᠲᠡᠭᠦᠨ | ᠢ ᠬᠡᠮᠵᠢᠶ᠎ᠡ ᠪᠠᠷ ᠦᠨᠡᠯᠡᠭᠰᠡᠨ ᠪᠠᠶᠢᠳᠠᠭ᠃ ᠲᠡᠶᠢᠮᠤ ᠶᠢᠨ ᠲᠤᠯᠠ ᠴᠢᠮᠪᠠᠢ ᠬᠠᠳᠣᠨ ᠮᠣᠩᠭᠤᠯ ᠤᠨ ᠲᠡᠤᠬᠡᠨ ᠳᠤ | ᠠᠯᠳᠠᠷᠰᠢᠵᠤ᠂ ᠬᠦᠮᠦᠰ ︿︿ᠭᠡᠭᠡᠨ ᠮᠡᠷᠭᠡᠨ ᠬᠠᠳᠣᠨ﹀﹀ ᠭᠡᠮᠡᠨ ᠬᠦᠨᠳᠦᠳᠬᠡᠨ ᠲᠡᠭᠡᠳᠦᠯᠡᠵᠤ ᠢᠷᠡᠭᠰᠡᠨ ᠶᠤᠮ᠃ | ᠴᠢᠮᠪᠠᠢ ᠬᠠᠳᠣᠨ ᠪᠤᠯ ᠪᠤᠱᠤᠭ ᠬᠤᠩᠭᠢᠷᠠᠳ ᠠᠶᠢᠮᠠᠭ ᠤᠨ ᠬᠦᠮᠦᠨ᠂ ᠤᠯᠤᠰ ᠤᠨ ᠨᠠᠭᠠᠴᠣ ᠠᠯᠴᠢ ᠶᠢᠨ | ᠦᠬᠢᠨ ᠪᠤᠯᠤᠨ᠎ᠠ᠃ | ᠠᠷᠪᠠᠨ ᠶᠢᠰᠣ᠂ ᠲᠦᠷᠦ ᠬᠠᠮᠢᠶᠠᠷᠣᠭᠴᠢ ᠤᠷᠭᠠᠨ᠎ᠠ ᠬᠠᠳᠣᠨ ᠤᠷᠭᠠᠨ᠎ᠠ ᠬᠠᠳᠣᠨ ᠪᠤᠯ ᠴᠠᠭᠠᠳᠠᠢ | ᠶᠢᠨ ᠬᠦᠤ ᠬᠠᠬᠠ ᠬᠦᠯᠦᠭ ︵ᠬᠠᠷ᠎ᠠ ᠦᠯᠡᠬᠦ︶ ᠤᠨ ᠬᠠᠳᠣᠨ ᠪᠤᠯᠤᠨ᠎ᠠ᠃ ᠤᠷᠭᠠᠨ᠎ᠠ ᠬᠠᠳᠣᠨ ᠣᠬᠠᠭᠠᠨ ᠴᠢᠳᠠᠯ | ᠦᠩᠭᠡ ᠵᠢᠰᠣ ᠪᠦᠷᠢᠳᠦᠭᠰᠡᠨ ᠪᠦᠭᠡᠳ ᠬᠤᠯᠠ ᠶᠢᠨ ᠪᠤᠳᠤᠯᠭ᠎ᠠ ᠲᠠᠢ ᠭᠡᠮᠡᠨ ᠮᠤᠩᠭᠤᠯ ᠲᠠᠶᠠᠭᠠᠷ ᠲᠤ ᠮᠠᠭᠳᠠᠭᠳᠠᠵᠤ᠂ | 1252 —1261 ᠤᠨ ᠬᠦᠷᠳᠡᠯ᠎ᠡ ᠠᠷᠪᠠᠨ ᠵᠢᠯ ᠲᠦᠷᠦ ᠪᠠᠷᠢᠪᠠ᠃ ᠣᠷᠭᠠᠨᠠ ᠬᠠᠳᠣᠨ ᠪᠤᠯ ᠮᠤᠩᠭᠤᠯ | ᠦᠨᠳᠣᠰᠦᠳᠡᠨ ᠤᠲ᠋ᠡᠤᠬᠡᠨ ᠲᠡᠭᠡᠷᠡᠬᠢ ᠨᠢᠭᠡᠨ ᠭᠠᠷᠮᠠᠭᠠᠢ ᠡᠮᠡᠭᠳᠡᠢ ᠤᠯᠤᠰ ᠲᠦᠷᠦᠴᠢᠨ ᠪᠣᠯᠤᠨ᠎ᠠ᠃ ᠵᠠᠰᠠᠭ ᠪᠠᠷᠢᠵᠤ | ᠪᠠᠶᠢᠭᠰᠠᠨ ᠬᠤᠭᠤᠴᠠᠭᠠᠨ ᠳᠤ᠂ ᠤᠯᠤᠰ ᠲᠦᠷᠦ ᠶᠢᠨ ᠬᠢᠮᠣᠷᠠᠯ ᠭᠠᠷᠴᠣ ᠴᠠᠭ ᠤᠨ ᠪᠠᠶᠢᠳᠠᠯ ᠲᠦᠢᠯ ᠤᠨ ᠣᠷᠪᠠᠭᠠᠨ | ᠬᠦᠷᠪᠡᠭᠡᠨ ᠲᠠᠢ ᠪᠠᠶᠢᠭᠰᠠᠨ ᠴᠦ᠂ ᠲᠡᠷᠡ ᠪᠠᠷ ᠪᠣᠰᠣᠳ ᠡᠮᠡᠭᠳᠡᠶᠢᠴᠣᠳ ᠲᠤ ᠪᠠᠶᠢᠭ᠎ᠠ ᠦᠭᠡᠢ ᠶᠡᠷᠣ ᠪᠣᠰᠣ ᠶᠢᠨ | ᠤᠬᠠᠭᠠᠨ ᠪᠣᠳᠤᠯᠭ᠎ᠠ ᠪᠠᠷ ᠴᠠᠭᠠᠳᠠᠢ ᠬᠠᠭᠠᠨᠳᠣ ᠣᠯᠤᠰ ᠤᠨ ᠢᠶᠠᠨ ᠠᠰᠢᠭ ᠲᠣᠰᠠ ᠶᠢ ᠬᠠᠮᠠᠭᠠᠯᠠᠵᠤ᠂ ᠲᠦᠯ | ᠣᠭᠰᠠᠭᠠᠨ ᠤ ᠲᠤᠳᠤᠷᠠᠬᠢ ᠬᠤᠷᠴᠠ ᠰᠢᠷᠦᠭᠦᠨ ᠵᠦᠷᠢᠴᠡᠯ ᠮᠦᠷᠭᠦᠯᠳᠦᠭᠡᠨ ᠢ ᠭᠤᠣᠯᠴᠢ ᠪᠠᠷ ᠰᠰᠢᠳᠪᠤᠷᠢᠯᠠᠨ᠂ | ᠲᠦᠷᠦ ᠤᠯᠤᠰ ᠤᠨ ᠢᠶᠠᠨ ᠲᠤᠭᠳᠠᠭᠤᠨ ᠪᠠᠶᠢᠳᠠᠯ ᠢ ᠬᠠᠮᠠᠭᠠᠯᠠᠵᠤ ᠪᠠᠶᠢᠵᠡᠢ᠃ | ᠬᠤᠷᠢ᠂ ᠬᠤᠳᠠᠯᠠ ᠴᠠᠭᠠᠨ ᠭᠦᠩᠵᠤ ᠠᠶᠠᠷᠤᠭ ᠠᠶᠠᠷᠤᠭ ᠪᠤᠯ ᠦᠭᠡᠳᠡᠢ ᠬᠠᠭᠠᠨ ᠤ ᠲᠠᠪᠣᠳᠣᠭᠠᠷ | ᠬᠦᠪᠡᠭᠦᠨ ᠬᠠᠰᠢᠨ ᠤ ᠬᠦᠤ ᠬᠠᠶᠢᠳᠣ ᠶᠢᠨ ᠦᠬᠢᠨ᠃ ᠲᠡᠷᠡ ᠬᠠᠷᠠᠬᠠᠨ ᠪᠠᠭ᠎ᠠ ᠠᠴᠠ ᠪᠠᠨ ᠡᠴᠢᠭᠡ ᠪᠠᠨ ᠲᠠᠭᠠᠵᠤ | ᠲᠠᠶᠢᠨ ᠪᠠᠶᠢᠯᠳᠣᠭᠠᠨ ᠳᠤ ᠤᠷᠤᠬᠤ ᠪᠤᠶᠤ ᠠᠪᠠ ᠠᠩ ᠳᠤ ᠶᠠᠪᠤᠳᠠᠭ ᠪᠤᠯᠬᠤᠷ ᠡᠷᠡᠮᠡᠬᠡᠢ ᠬᠡᠤᠬᠡᠨ ᠪᠤᠯᠵᠡᠢ᠂ ᠲᠡᠭᠦᠨ | ᠳᠤ ᠢᠯᠠᠭᠳᠠᠰᠢ ᠦᠭᠡᠢ ᠶᠡᠭᠡ ᠪᠢᠷ᠎ᠠ ᠴᠢᠳᠠᠯ ᠲᠠᠢ ᠪᠤᠯᠬᠤᠷ ᠲᠡᠭᠦᠨ ᠢ ᠪᠠᠶᠢᠯᠳᠣᠵᠤ ᠲᠡᠶᠢᠯᠦᠭᠰᠡᠨ ᠬᠦᠮᠦᠨ ᠬᠠᠷᠠᠬᠠᠨ | ᠭᠠᠷᠣᠭᠰᠠᠨ ᠦᠭᠡᠢ᠃ ᠲᠡᠷᠡ ᠣᠯᠠᠨ ᠠᠷᠪᠢᠨ ᠨᠡᠷᠡᠳᠣ ᠪᠦᠬᠡᠴᠣᠳ ᠢ ᠬᠠᠶᠠᠵᠤ ᠤᠷᠬᠢᠭᠰᠡᠨ ᠭᠡᠳᠡᠭ᠃ ᠢᠩᠬᠢᠭᠡᠳ | ᠮᠤᠩᠭᠤᠯ ᠤᠨ ᠲᠡᠤᠬᠡᠨ ᠳᠤ ︿︿ᠬᠤᠳᠠᠯᠠ ᠴᠠᠭᠠᠨ ᠭᠦᠩᠵᠤ﹀﹀ ᠭᠡᠮᠡᠨ ᠠᠯᠳᠠᠷᠰᠢᠪᠠ᠃ | ᠬᠤᠷᠢᠨ ᠨᠢᠭᠡ᠂ ᠠᠭᠤᠤ ᠦᠷᠦᠰᠢᠶᠡᠩᠭᠦᠢ ᠦᠭᠭᠢᠶᠡᠮᠦᠷ ᠡᠯᠪᠡᠭ ᠪᠤᠭᠳᠠ ᠬᠠᠳᠣᠨ ᠬᠦᠬᠡᠴᠢᠨ | ᠬᠦᠬᠡᠴᠢᠨ ᠬᠠᠳᠣᠨ ᠪᠤᠯ ᠶᠡᠭᠡ ᠶᠤᠸᠠᠨ ᠤᠯᠤᠰ ᠤᠨ ᠲᠡᠤᠬᠡᠨ ᠲᠡᠭᠡᠷ᠎ᠡ ︿︿ᠲᠦᠷᠦ ᠶᠢᠨ ᠲᠦᠰᠢᠶ᠎ᠡ ᠬᠠᠳᠣᠨ﹀﹀ | ᠭᠡᠮᠡᠬᠦ ᠠᠯᠳᠠᠷ ᠢ ᠬᠦᠷᠳᠡᠭᠰᠡᠨ ᠭᠠᠷᠮᠠᠭᠠᠢ ᠣᠯᠤᠰ ᠲᠦᠷᠦᠴᠢᠨ ᠪᠤᠯᠤᠨ᠎ᠠ᠃ ᠲᠡᠷᠡ ᠲᠦᠷᠦᠯᠬᠢ ᠶᠢᠨ ᠰᠡᠴᠡᠨ | ᠰᠡᠷᠭᠦᠯᠡᠩ᠂ ᠪᠤᠳᠤᠯᠭ᠎ᠠ ᠭᠦᠨ᠂ ᠲᠦᠪ ᠢ ᠪᠠᠷᠢᠮᠳᠠᠯᠠᠳᠠᠭ ᠭᠤᠤᠯᠴᠢ ᠴᠢᠬᠡᠴᠢ ᠬᠠᠳᠣᠨ ᠪᠠᠶᠢᠵᠤ᠂ ᠲᠦᠷᠦ ᠶᠢᠨ | ᠦᠢᠯᠡ ᠳᠤ ᠴᠢᠳᠠᠮᠠᠭᠠᠢ ᠪᠠᠶᠢᠳᠠᠭ ᠢᠶᠠᠷ ᠢᠶᠠᠨ ᠨᠡᠷ᠎ᠡ ᠠᠯᠳᠠᠷᠰᠢᠨ ᠬᠠᠭᠠᠨ ᠣᠭᠰᠠᠭ᠎ᠠ ᠪᠠ ᠲᠦᠰᠢᠮᠡᠳ ᠰᠠᠶᠢᠳ᠂ | ᠠᠷᠠᠳ ᠢᠷᠭᠡᠳ ᠤᠨ ᠬᠦᠨᠳᠦᠳᠬᠡᠯ ᠪᠢᠰᠢᠷᠡᠯ ᠢ ᠤᠯᠤᠭᠰᠠᠨ ᠶᠤᠮ᠃ ᠲᠡᠷᠡ᠂ ᠬᠤᠪᠢᠯᠡᠢ ᠬᠠᠭᠠᠨ ᠤᠨ ᠲᠠᠷᠠᠭᠠᠪᠠᠷ | ᠬᠠᠭᠠᠰ ᠵᠢᠯ ᠲᠦᠷᠦ ᠪᠠᠷᠢᠵᠤ᠂ ᠲᠦᠷᠦ ᠲᠦᠮᠡᠨ ᠤ ᠬᠦᠷᠢᠶᠡᠯᠡᠯ ᠢ ᠤᠯᠵᠤ ᠪᠠᠶᠢᠭᠰᠠᠨ ᠪᠦᠭᠡᠳ ᠦᠢᠯᠵᠡᠶᠢᠳᠣ | ᠬᠠᠭᠠᠨ ᠬᠠᠶᠢᠰᠠᠩ ᠬᠦᠯᠦᠭ ᠬᠠᠭᠠᠨ ᠤ ᠦᠶ᠎ᠡ ᠳᠤ᠂ ᠲᠦᠷᠦ ᠶᠢᠨ ᠲᠦᠰᠢᠶ᠎ᠡ ᠣᠯᠤᠰ ᠤᠨ ᠡᠬᠡ ᠪᠤᠯᠵᠤ᠂ ᠲᠦᠷᠦ | ᠤᠯᠤᠰ ᠤᠨ ᠣᠯᠠᠨ ᠬᠡᠷᠡᠭ ᠢ ᠲᠣᠭᠳᠠᠭᠠᠬᠤ ᠳᠤ ᠵᠠᠩᠭᠢᠯᠠᠭ᠎ᠠ ᠶᠢᠨ ᠦᠢᠯᠡᠳᠦᠯ ᠦᠵᠡᠭᠦᠯᠵᠤ᠂ ᠮᠣᠩᠭᠤᠯ ᠡᠮᠡᠭᠳᠡᠢ | ᠶᠢᠨ ᠴᠣᠯᠭᠤᠷᠠᠭᠰᠠᠨ ᠠᠯᠳᠠᠷ ᠢ ᠬᠦᠬᠡ ᠰᠣᠳᠣᠷ ᠲᠤ ᠲᠡᠮᠳᠡᠭᠯᠡᠭᠦᠯᠦᠭᠰᠡᠨ ᠶᠤᠮ᠃ ᠬᠦᠬᠡᠴᠢᠨ ᠬᠠᠳᠣᠨ ᠪᠣᠯ | ᠬᠤᠩᠭᠢᠷᠠᠳ ᠠᠶᠢᠮᠠᠭ ᠤᠨ ᠬᠦᠮᠦᠨ᠂ ᠪᠠᠰᠠ ᠪᠠᠶᠢᠯᠠᠮ ᠡᠭᠡᠴᠢ ᠭᠡᠳᠡᠭ᠃ ᠲᠡᠷᠡ ᠴᠢᠩᠭᠢᠮ ᠲᠠᠢ ᠬᠤᠷᠢᠮᠯᠠᠭᠠᠳ | ᠭᠤᠷᠪᠠᠨ ᠬᠦᠪᠡᠭᠦᠨ ᠲᠠᠢ ᠪᠤᠯᠪᠠ᠃ ᠲᠠᠷᠦᠢ ᠭᠠᠮᠠᠯᠠ᠂ ᠲᠠᠷᠠᠮᠪᠠᠯᠠ᠂ ᠲᠡᠮᠦᠷ ᠪᠤᠯᠤᠨ᠎ᠠ᠃ ᠲᠡᠮᠦᠷ ᠨᠢ ᠬᠤᠪᠢᠯᠠᠢ | ᠬᠠᠭᠠᠨ ᠤ ᠰᠠᠭᠤᠷᠢᠨ ᠢ ᠵᠠᠯᠭᠠᠮᠵᠢᠯᠠᠭᠰᠠᠨ ᠦᠯᠵᠡᠶᠢᠳᠣ ᠬᠠᠭᠠᠨ ᠪᠤᠯᠤᠨ᠎ᠠ᠃ | ᠬᠤᠷᠢᠨ ᠬᠤᠶᠠᠷ᠂ ᠪᠤᠯᠤᠭᠠᠨ ᠬᠠᠳᠣᠨ ᠪᠤᠯᠤᠭᠠᠨ ᠬᠠᠳᠣᠨ ᠪᠤᠯ ᠶᠡᠭᠡ ᠶᠤᠸᠠᠨ ᠤᠯᠤᠰ ᠤᠨ | ᠲᠡᠤᠬᠡᠨ ᠳᠠᠬᠢ ᠪᠠᠰᠠ ᠨᠢᠭᠡᠨ ᠰᠣᠣᠳᠣ ᠡᠮᠡᠭᠳᠡᠢ ᠪᠤᠯᠬᠤ ᠶᠤᠮ᠃ ᠦᠯᠵᠡᠶᠢᠳᠣ ᠲᠡᠮᠤᠷ ᠬᠠᠭᠠᠨ ᠤ ᠬᠠᠳᠣᠨ᠃ ᠲᠡᠮᠦᠷ | ᠬᠠᠭᠠᠨ ᠰᠡᠭᠦᠯᠴᠢ ᠶᠢᠨ ᠦᠶ᠎ᠡ ᠳᠤ ᠬᠦᠨᠳᠣ ᠡᠪᠡᠳᠴᠢᠯᠡᠵᠤ᠂ ᠲᠦᠷᠦ ᠶᠢᠨ ᠬᠡᠷᠡᠭ ᠢ ᠰᠢᠳᠬᠡᠵᠤ ᠲᠡᠶᠢᠯᠬᠦ ᠦᠭᠡᠢ | ᠪᠤᠯᠤᠭᠰᠠᠨ ᠦᠶ᠎ᠡ ᠳᠤ ᠪᠤᠯᠤᠭᠠᠨ ᠬᠠᠳᠣᠨ ᠲᠦᠷᠦ ᠶᠢ ᠵᠠᠰᠠᠭᠯᠠᠵᠤ᠂ ᠬᠡᠷᠡᠭ ᠶᠠᠪᠣᠳᠠᠯ ᠢ ᠲᠦᠪ ᠴᠢᠬᠡᠴᠢ ᠪᠠᠷ | ᠰᠢᠢᠳᠪᠤᠷᠢᠯᠡᠳᠡᠭ ᠠᠴᠠ ᠲᠦᠷᠦ ᠲᠦᠮᠡᠨ ᠤ ᠲᠠᠭᠠᠰᠢᠶᠠᠯ ᠢ ᠤᠯᠵᠤ᠂ ᠬᠠᠭᠠᠴᠨ ᠲᠦᠷᠦ ᠳᠤ ᠠᠰᠣᠷᠤ ᠶᠡᠭᠡ ᠨᠡᠷ᠎ᠡ | ᠬᠦᠨᠳᠣ ᠪᠠ ᠡᠷᠬᠡ ᠮᠡᠳᠡᠯ ᠲᠠᠢ ᠪᠠᠶᠢᠵᠡᠢ᠃ | ᠬᠤᠷᠢᠨ ᠭᠤᠷᠪᠠ᠂ ᠣᠷᠠᠯᠢᠭ ᠤᠨ ᠲᠠᠭᠢᠨᠢ ᠰᠡᠩᠭᠡ ᠭᠦᠩᠵᠤ ᠰᠡᠩᠭᠡ ᠭᠦᠩᠵᠤ ᠪᠤᠯ ᠶᠣᠸᠠᠨ | ᠤᠯᠤᠰ ᠤᠨ ᠦᠶ᠎ᠡ ᠶᠢᠨ ᠠᠯᠳᠠᠷᠳᠣ ᠣᠷᠠᠯᠢᠭᠴᠢᠨ ᠪᠤᠯᠤᠨ᠎ᠠ᠃ ᠲᠡᠷᠡ ᠪᠠᠷ ᠲᠣᠬᠠᠢ ᠶᠢᠨ ᠦᠶ᠎ᠡ ᠶᠢᠨ ᠮᠠᠰᠢ ᠣᠯᠠᠨ | ᠨᠡᠷᠡᠳᠣ ᠵᠢᠷᠤᠭ᠂ ᠣᠷᠠᠨ ᠪᠢᠴᠢᠮᠡᠯ ᠢ ᠬᠤᠷᠢᠶᠠᠨ ᠬᠠᠳᠠᠭᠠᠯᠵᠤ᠂ ᠬᠤᠶᠢᠴᠢ ᠦᠶ᠎ᠡ ᠶᠢᠨ ᠬᠢᠨ ᠳᠤ ᠰᠣᠶᠤᠯ ᠤᠨ ᠦᠪ | ᠪᠤᠯᠭᠠᠨ ᠦᠯᠡᠳᠡᠭᠡᠭᠰᠡᠨ ᠶᠤᠮ᠃ ᠰᠡᠩᠭᠭᠡ ᠭᠦᠩᠵᠤ ᠪᠤᠯ1283 ᠤᠨ ᠳᠤ ᠲᠠᠶᠢᠳᠣ ᠬᠤᠳᠠᠨ᠎ᠠ ᠲᠦᠷᠦᠵᠤ᠂ | ᠡᠴᠢᠭᠡ ᠨᠢ ᠬᠤᠪᠢᠯᠠᠢ ᠰᠡᠴᠡᠨ ᠬᠠᠭᠠᠨ ᠤ ᠤᠮᠪᠤᠯᠣ ᠬᠦᠪᠡᠭᠦᠨ ᠲᠠᠷᠮᠠᠪᠠᠯᠠ ᠪᠤᠯᠤᠨ᠎ᠠ᠂ ᠡᠬᠡ ᠨᠢ ᠳ᠋ᠠᠵᠡᠢ ᠬᠠᠳᠣᠨ᠂ | ᠪᠣᠱᠣᠭᠳᠣ ᠬᠤᠩᠭᠢᠷᠠᠳ ᠤᠪᠤᠭ ᠲᠠᠢ | ᠬᠤᠷᠢᠨ ᠲᠦᠷᠪᠡ᠂ ᠦᠯᠵᠡᠶᠢᠳᠣ ᠭᠤᠸ᠎ᠠ ᠬᠠᠳᠣᠨ ᠦᠯᠵᠡᠶᠢᠳᠣ ᠭᠤᠸ᠎ᠠ ᠬᠠᠳᠣᠨ ᠪᠤᠯ | ᠤᠮᠠᠷᠠᠳᠣ ᠶᠣᠸᠠᠨ ᠣᠯᠤᠰ ᠤᠨ ᠦᠶ᠎ᠡ ᠳᠠᠬᠢ ᠠᠯᠳᠠᠷ ᠮᠠᠨᠳᠣᠭᠰᠡᠨ ᠵᠢᠷᠤᠮᠳᠣ ᠡᠮᠡᠭᠳᠡᠢ ᠪᠤᠯᠤᠨ᠎ᠠ᠃ ᠦᠯᠵᠡᠶᠢᠳᠣ | ᠭᠤᠸ᠎ᠠ ᠬᠠᠳᠤᠨ ᠪᠤᠯ ᠭᠤᠸ᠎ᠠ ᠦᠵᠡᠰᠭᠦᠯᠡᠩ ᠢᠶᠠᠷ ᠪᠠᠷᠠᠬᠤ ᠦᠭᠡᠢ ᠰᠡᠴᠡᠨ ᠰᠡᠷᠭᠦᠯᠡᠩ᠂ ᠡᠷᠡᠮᠡᠬᠡᠢ ᠵᠤᠷᠢᠭ ᠲᠠᠢ | ᠡᠮᠡᠭᠳᠡᠢ ᠪᠤᠯᠤᠨ᠎ᠠ᠃ ᠲᠡᠷᠡ ᠬᠠᠭᠠᠨ ᠣᠷᠳᠣᠨ ᠤ ᠪᠠᠶᠠᠨ ᠡᠷᠬᠢᠮ ᠪᠠ ᠰᠦᠷ ᠭᠡᠷᠡᠯ ᠳᠤ ᠲᠣᠷᠠᠯᠠᠭᠰᠠᠨ ᠦᠭᠡᠢ᠃ | ᠦᠬᠦᠵᠤ ᠰᠡᠬᠡᠬᠦ ᠪᠠᠨ ᠦᠯᠤ ᠬᠠᠶᠢᠬᠤᠷᠤᠨ᠂ ᠡᠷ᠎ᠡ ᠨᠦᠬᠦᠷ ᠤᠨ ᠢᠶᠠᠨ ᠦᠰᠢᠶ᠎ᠡ ᠶᠢ ᠠᠪᠴᠣ᠂ ᠮᠤᠩᠭᠤᠯ ᠤᠨ | ᠲᠡᠤᠬᠡᠨ ᠳᠤ ︿︿ᠵᠢᠷᠤᠮᠳᠣ ᠡᠮᠡᠭᠳᠡᠢ﹀﹀ ᠭᠡᠮᠡᠨ ᠠᠯᠳᠠᠷᠰᠢᠪᠠ᠃ | ᠬᠤᠷᠢᠨ ᠲᠠᠪᠤ᠂ ᠪᠤᠳᠤᠯᠭᠠᠳᠣ ᠮᠡᠷᠭᠡᠨ ᠰᠠᠮᠣᠷ ᠭᠦᠩᠵᠤ ᠰᠠᠮᠤᠷ ᠭᠦᠩᠵᠤ ᠪᠤᠯ ᠣᠮᠠᠷᠠᠳᠣ ᠶᠣᠸᠠᠨ | ᠤ ᠲᠡᠤᠬᠡᠨ ᠳᠤ ᠠᠯᠳᠠᠷ ᠮᠠᠨᠳᠣᠭᠰᠠᠨ ᠭᠠᠪᠢᠶᠠᠳᠣ ᠡᠮᠡᠭᠳᠡᠢ ᠪᠤᠯᠤᠨ᠎ᠠ᠃ ᠲᠡᠷᠡ ᠪᠠᠷ᠂ ᠴᠢᠩᠭᠢᠰ ᠬᠠᠭᠠᠨ ᠤ | ᠪᠠᠶᠢᠭᠤᠯᠤᠭᠰᠠᠨ ᠶᠡᠭᠡ ᠮᠣᠩᠭᠤᠯ ᠤᠨ ᠲᠤᠯᠭᠤᠷ ᠲᠦᠷᠦ ᠬᠠᠭᠠᠴᠠᠯ ᠵᠠᠳᠠᠷᠠᠯ ᠤᠨ ︿︿ᠬᠠᠷᠠᠩᠭᠤᠢ ᠦᠶ᠎ᠡ﹀﹀ ᠳᠤ | ᠰᠡᠴᠡᠨ ᠰᠡᠷᠭᠦᠯᠡᠩ ᠠᠷᠭ᠎ᠠ ᠰᠠᠮᠪᠠᠭ᠎ᠠ᠂ ᠵᠦᠢᠷᠯᠡᠰᠢ ᠦᠭᠡᠢ ᠣᠬᠠᠭᠠᠨ ᠪᠤᠳᠤᠯᠭ᠎ᠠ ᠪᠠᠷ ᠬᠤᠶᠠᠷ ᠤᠳᠠᠭ᠎ᠠ ᠠᠪᠣᠷᠠᠵᠤ᠂ | ᠴᠢᠩᠭᠢᠰ ᠡᠪᠦᠭᠡ ᠶᠢᠨ ᠪᠠᠨ ᠴᠢᠰᠣ ᠶᠢ ᠦᠪᠯᠡᠵᠤ ᠲᠦᠷᠦᠭᠰᠡᠨ ᠤ ᠬᠤᠪᠢ ᠳᠤ ᠶᠡᠭᠡ ᠠᠯᠳᠠᠷ ᠢ ᠨᠢ ᠭᠤᠳᠣᠭᠠᠯ | ᠦᠭᠡᠢ ᠮᠠᠨᠳᠣᠭᠤᠯᠵᠤ ᠶᠠᠪᠤᠭᠰᠠᠨ ᠢᠶᠠᠷ ᠦᠢᠷᠠᠳ — ᠮᠤᠩᠭᠤᠯ ᠤᠨ ᠲᠡᠤᠬᠡᠨ ᠳᠤ ᠣᠯᠠᠨ ᠰᠠᠶᠢᠬᠠᠨ ᠲᠤᠮᠤᠭ | ᠦᠯᠡᠳᠡᠭᠡᠭᠰᠡᠨ ᠶᠤᠮ᠃ ᠰᠠᠮᠤᠷ ᠭᠦᠩᠵᠤ ᠪᠤᠯ ᠴᠢᠩᠭᠢᠰ ᠬᠠᠭᠠᠨ ᠬᠤᠶᠢᠴᠢ ᠣᠭᠰᠠᠭᠠᠨ ᠤ ᠡᠯᠪᠡᠭ ᠨᠢᠭᠦᠯᠰᠦᠩᠭᠦᠢ | ᠬᠠᠭᠠᠨ ᠤ ᠦᠬᠢᠨ᠃ | ᠬᠤᠷᠢᠨ ᠨᠠᠢᠮᠠ᠂ ᠮᠠᠨᠳᠣᠬᠠᠢ ᠰᠡᠴᠡᠨ ᠬᠠᠳᠣᠨ᠂ ᠮᠠᠨᠳᠣᠬᠠᠢ ᠰᠡᠴᠡᠨ ᠬᠠᠳᠣᠨ ᠪᠤᠯ ᠮᠤᠩᠭᠤᠯᠴᠣᠳ ᠤᠨ | ᠬᠦᠨᠳᠣᠳᠬᠡᠨ ᠰᠢᠳᠦᠳᠡᠭ ᠡᠷᠳᠡᠨ ᠤ ᠭᠤᠷᠪᠠᠨ ᠠᠭᠤᠣ ᠡᠮᠡᠭᠳᠡᠢ ᠶᠢᠨ ᠨᠢᠭᠡ ᠪᠤᠯᠤᠨ᠎ᠠ᠃ ᠲᠡᠷᠡ ᠵᠦᠢᠷᠯᠡᠰᠢ ᠦᠭᠡᠢ | ᠠᠤᠭ᠎ᠠ ᠵᠤᠷᠢᠭ ᠪᠠ ᠴᠡᠴᠡᠨ ᠣᠬᠠᠭᠠᠨ ᠢᠶᠠᠷ ᠴᠢᠩᠬᠢᠰ ᠬᠠᠭᠠᠨ ᠤ ᠣᠷᠤᠭ ᠤᠨ ᠲᠠᠰᠣᠷᠮᠠᠷ ᠪᠠᠶᠢᠭᠰᠠᠨ ᠮᠤᠩᠭᠤᠯ | ᠬᠠᠭᠠᠨᠳᠣ ᠲᠦᠷᠦ ᠶᠢ ᠵᠠᠯᠭᠠᠭᠤᠯᠵᠤ᠂ ᠵᠠᠭᠤ ᠰᠢᠬᠠᠮ ᠵᠢᠯ ᠦᠷᠭᠦᠯᠵᠢᠯᠡᠭᠰᠡᠨ ᠮᠣᠩᠭᠤᠯ ᠤᠨ ᠨᠡᠶᠢᠭᠡᠮ ᠤᠨ ᠬᠠᠭᠠᠴᠠᠯ | ᠵᠠᠳᠠᠷᠠᠯ ᠤᠨ ᠬᠠᠷᠠᠩᠭᠤᠢ ᠲᠡᠤᠬᠡ ᠶᠢ ᠡᠴᠦᠰᠯᠡᠭᠦᠯᠦᠨ᠂ ᠲᠠᠷᠬᠠᠢ ᠪᠣᠳᠠᠷᠬᠠᠢ ᠮᠣᠩᠭᠤᠯ ᠤᠨ ᠠᠶᠢᠮᠠᠭ ᠤᠭᠰᠠᠭ᠎ᠠ | ᠨᠤᠭᠤᠳ ᠢ ᠨᠢᠭᠡᠨ ᠵᠢᠯᠤᠭᠤᠨ ᠳᠤ ᠬᠤᠷᠢᠶᠠᠭᠰᠠᠨ ᠢᠶᠠᠷ ᠪᠠᠷᠠᠬᠤ ᠦᠭᠡᠢ᠂ ᠮᠤᠩᠭᠤᠯ ᠤᠨ ᠨᠡᠶᠢᠭᠡᠮ ᠤᠨ ᠬᠦᠭᠵᠢᠯᠳᠡ | ᠶᠢᠨ ᠭᠡᠷᠡᠯ ᠰᠠᠴᠣᠷᠠᠭᠰᠠᠨ ᠰᠢᠨ᠎ᠡ ᠨᠢᠭᠡᠨ ᠬᠠᠭᠤᠳᠠᠰᠤ ᠲᠡᠯᠭᠡᠭᠳᠡᠬᠦ ᠳᠤ ᠲᠠᠶᠢᠪᠣᠩ ᠰᠠᠶᠢᠬᠠᠨ ᠨᠦᠬᠦᠴᠡᠯ ᠢ | ᠪᠦᠷᠢᠯᠳᠦᠭᠦᠯᠦᠨ ᠦᠭᠴᠡᠢ᠃ | ᠲᠡᠷᠡ ᠪᠤᠯ ᠨᠢᠭᠡᠨ ᠰᠢᠯᠭᠠᠷᠠᠭᠰᠠᠨ ᠣᠯᠤᠰ ᠲᠦᠷᠦᠴᠢᠨ ᠮᠦᠷᠳᠡᠭᠡᠨ ᠴᠣᠯᠭᠤᠷᠠᠭᠰᠠᠨ ᠴᠡᠷᠢᠭ ᠲᠠᠶᠢᠨ ᠤ | ᠪᠤᠳᠤᠯᠭᠠᠳᠠᠨ᠂ ᠠᠯᠳᠠᠷᠳᠣ ᠨᠡᠶᠢᠭᠡᠮ ᠤᠨ ᠵᠢᠳᠭᠦᠯᠳᠡᠨ ᠪᠤᠯᠤᠨ᠎ᠠ᠃ ᠮᠠᠨᠳᠣᠬᠠᠢ ᠰᠡᠴᠡᠨ ᠬᠠᠳᠣᠨ ᠪᠤᠯ ᠲᠦᠮᠡᠳ ᠤᠨ | ᠡᠩᠬᠦᠳ ᠤᠨ ᠬᠦᠮᠦᠨ᠃1447 ᠤᠨ ᠳᠤ ᠮᠡᠳᠦᠯᠡᠪᠡ᠃ ᠲᠡᠭᠦᠨ ᠤ ᠡᠴᠢᠭᠡ ᠨᠢ ᠴᠣᠷᠣᠰᠪᠠᠢ ᠲᠡᠮᠤᠷ ᠴᠢᠩᠰᠠᠩ | ᠭᠡᠳᠡᠭ᠃ ᠮᠠᠨᠳᠣᠭᠤᠯ ᠬᠠᠭᠠᠨ ︵1463 —1467︶ ᠤ ᠪᠠᠭ᠎ᠠ ᠬᠠᠳᠣᠨ ᠨᠢ ᠪᠤᠯᠤᠨ᠎ᠠ᠃ | ᠮᠠᠨᠳᠣᠬᠠᠢ ᠰᠡᠴᠡᠨ ᠬᠠᠳᠣᠨ ᠭᠤᠴᠢᠨ ᠭᠤᠷᠪᠠᠨ ᠨᠠᠰᠣ ᠲᠠᠢ ᠦᠶ᠎ᠡ ᠳᠡᠭᠡᠨ ᠴᠢᠩᠭᠢᠰ ᠤᠨ ᠠᠯᠳᠠᠨ | ᠣᠷᠤᠭᠳᠠᠨ ᠤ ᠬᠤᠶᠢᠴᠢᠰ ᠪᠤᠯᠬᠤ ᠪᠠᠳᠣᠮᠦ᠋ᠩᠬᠡ ︵1474 —1533︶ ᠶᠢ ᠡᠷᠭᠦᠨ ᠲᠡᠳᠬᠦᠵᠤ ᠪᠣᠳᠠᠷᠠᠭᠰᠠᠨ | ᠣᠯᠤᠰ ᠢ ᠨᠢ ᠬᠤᠷᠢᠶᠠᠨ᠂ ᠲᠤᠯᠭᠤᠷ ᠲᠦᠷᠦ ᠶᠢ ᠨᠢ ᠴᠣᠭᠴᠠᠯᠠᠨ ᠦᠭᠴᠣ᠂ ᠮᠤᠩᠭᠤᠯ ᠤᠨ ᠲᠡᠤᠬᠡᠨ ᠳᠠᠬᠢ | ᠬᠤᠶᠠᠳᠣᠭᠠᠷ ᠣᠳᠠᠭᠠᠨ ᠤ ᠶᠡᠭᠡ ᠨᠢᠭᠡᠳᠦᠯ ᠢ ᠪᠡᠶᠡᠯᠡᠭᠦᠯᠪᠡ᠃ | ᠬᠤᠷᠢᠨ ᠶᠢᠰᠣ᠂ ᠡᠷᠬᠡᠳᠤ ᠬᠠᠳᠣᠨ ᠵᠦᠩᠬᠡᠨ ᠤᠯᠠᠨ ᠠᠴᠠ ᠬᠡᠳᠦᠶᠢᠳᠦᠭᠰᠡᠨ ᠴᠡᠴᠡᠨ ᠪᠢᠯᠢᠭ᠂ | ᠣᠬᠠᠭᠠᠨ ᠵᠢᠪᠬᠤᠭ᠎ᠠ ᠪᠠᠷ ᠢᠶᠠᠨ ᠮᠣᠩᠭᠤᠯᠴᠣᠳ ᠤᠨ ᠭᠠᠶᠢᠬᠠᠯ ᠪᠢᠰᠢᠷᠡᠯ ᠢ ᠣᠯᠵᠤ ᠶᠠᠪᠤᠭᠰᠠᠨ ᠪᠠᠭᠠᠳᠣᠷ ᠰᠣᠣᠳᠣ | ᠡᠮᠡᠭᠳᠡᠢ ᠪᠤᠯ ᠵᠦᠩᠬᠡᠨ ᠬᠠᠳᠣᠨ ᠪᠤᠯᠤᠨ᠎ᠠ᠃ ᠲᠡᠷᠡ ᠪᠠᠷ ᠮᠤᠩᠭᠤᠯ ᠤᠨ ᠪᠠᠷᠠᠭᠤᠨ ᠭᠠᠷ ᠤᠨ ᠲᠦᠮᠡᠳ ᠤᠨ | ᠲᠦᠷᠦᠭᠦᠤ ᠠᠯᠳᠠᠨ ᠬᠠᠭᠠᠨ ︵1507 —1581︶ ᠤ ᠬᠠᠳᠣᠨ ᠪᠤᠯᠣᠨ᠎ᠠ᠃ | ᠵᠦᠩᠬᠡᠨ ᠬᠠᠳᠣᠨ ᠪᠤᠯ ᠦᠩᠭᠡ ᠵᠢᠰᠣ ᠭᠤᠸ᠎ᠠ ᠬᠡᠬᠡᠨᠴᠢᠷ ᠮᠦᠷᠳᠡᠭᠡᠨ ᠣᠢ ᠤᠬᠠᠭᠠᠨ ᠴᠡᠴᠡᠨ ᠰᠡᠷᠭᠦᠯᠡᠩ | ᠢᠶᠠᠷ ᠪᠠᠷᠠᠬᠤ ᠦᠭᠡᠢ ᠲᠠᠭᠤᠣ ᠪᠦᠵᠢᠭ ᠲᠤ ᠠᠪᠢᠶᠠᠰᠯᠢᠭ᠃ ᠲᠡᠷᠡ ᠮᠦᠨ ᠬᠦᠯᠦᠭ ᠤᠨ ᠨᠢᠷᠣᠭᠤᠨ ᠳᠤ ᠰᠠᠯᠬᠢᠯᠠᠨ | ᠬᠦᠪᠴᠢᠳᠣ ᠨᠣᠮᠤ ᠲᠠᠯᠠᠵᠤ᠂ ᠴᠡᠷᠢᠭ ᠤᠨ ᠡᠷᠳᠡᠮ ᠳᠤ ᠴᠠᠭᠠᠷᠠᠨ ᠨᠡᠪᠳᠡᠷᠡᠭᠰᠡᠨ ᠡᠷᠡᠮᠡᠬᠡᠢ ᠪᠠᠭᠠᠳᠣᠷ ᠡᠮᠡᠭᠳᠡᠢ | ᠪᠤᠯᠤᠨ᠎ᠠ᠃ ᠲᠡᠭᠡᠬᠦ ᠳᠤ ᠠᠯᠳᠠᠨ ᠬᠠᠭᠠᠨ ᠤ ᠭᠦᠨ ᠢᠳᠡᠭᠡᠯ ᠢ ᠤᠯᠵᠤ᠂ ᠠᠯᠳᠠᠨ ᠬᠠᠭᠠᠨ ᠤ ᠨᠣᠶᠠᠷᠬᠠᠯ ᠢ | ᠪᠠᠬᠢᠵᠢᠭᠦᠯᠦᠨ᠂ ᠮᠢᠩ ᠣᠯᠤᠰ ᠯᠤᠭ᠎ᠠ ᠶᠢᠨ ᠬᠢᠯᠢ ᠶᠢᠨ ᠰᠣᠯᠢᠯᠴᠠᠭ᠎ᠠ ᠶᠠᠪᠤᠯᠴᠠᠭ᠎ᠠ ᠵᠢᠴᠢ ᠲᠣᠳᠣᠭᠠᠳᠣ ᠶᠢᠨ ᠡᠪ | ᠨᠢᠭᠡᠳᠦᠯ ᠳᠤ ᠴᠢᠬᠤᠯᠠ ᠦᠢᠯᠡᠳᠦᠯ ᠦᠵᠡᠭᠦᠯᠵᠤ ᠶᠠᠪᠤᠭᠰᠠᠨ ᠶᠤᠮ᠃ ᠵᠦᠩᠬᠡᠨ ᠬᠠᠳᠣᠨ ᠪᠠᠰᠠ ᠠᠮᠣᠳᠠᠢ | ᠰᠡᠴᠡᠨ ᠬᠠᠭᠠᠨ᠂ ᠪᠣᠳᠠᠰᠢᠷᠢ ᠬᠤᠩ ᠲᠠᠶᠢᠵᠢ ᠨᠠᠷ ᠲᠠᠢ ᠬᠠᠮᠳᠣᠷᠠᠨ᠂ ᠰᠢᠷᠡᠭᠡᠳᠣ ᠭᠦᠤᠰᠢ ᠴᠣᠷᠵᠢ᠂ ᠠᠶᠣᠰᠢ᠂ | ᠠᠨᠠᠨᠳᠠ ᠮᠠᠨᠽᠣᠰᠢᠷᠢ ᠪᠤᠯᠤᠨ ᠪᠠᠷᠠᠭᠤᠨ ᠭᠤᠷᠪᠠᠨ ᠲᠦᠮᠡᠨ ᠤ ᠬᠡᠯᠡᠮᠣᠷᠴᠢ ᠮᠡᠷᠭᠡᠳ ᠢ ᠵᠤᠬᠢᠶᠠᠨ ᠪᠠᠶᠢᠭᠤᠯᠵᠤ᠂ | 1602 —1607 ᠤᠨ ᠬᠦᠷᠳᠡᠯ᠎ᠡ᠂ ᠵᠢᠷᠭᠤᠭᠠᠨ ᠵᠢᠯ ᠤᠨ ᠬᠤᠭᠤᠴᠠᠭᠠᠨ ᠳᠤ ᠭᠠᠨᠵᠤᠤᠷᠨᠤᠮ ᠢ ᠮᠤᠩᠭᠤᠯ ᠬᠡᠯᠡ | ᠪᠠᠷ ︿︿ᠪᠦᠷᠢᠨ ᠲᠡᠭᠦᠰ ᠣᠷᠴᠢᠭᠤᠯᠵᠤ﹀﹀ ᠲᠡᠭᠦᠰᠭᠡᠭᠰᠡᠨ ᠲᠡᠤᠬᠡ ᠲᠠᠢ᠃ | ᠭᠤᠴᠢ᠂ ᠴᠢᠯᠠᠭᠤᠨ ᠳᠤ ᠠᠮᠢᠯᠠᠭᠰᠠᠨ ᠭᠤᠶᠣ ᠡᠮᠡᠭᠳᠡᠢ ᠲᠠᠵᠢ ᠮᠠᠬᠠᠯ ᠮᠣᠩᠭᠤᠷ ︵ᠮᠤᠩᠭᠤᠯ︶ | ᠬᠠᠭᠠᠨᠳᠣ ᠣᠯᠤᠰ ᠤᠨ ᠪᠠᠳᠠᠷᠠᠯ ᠬᠦᠭᠵᠢᠯ ᠢ ᠲᠣᠰᠬᠠᠨ᠂ ᠵᠢᠩᠬᠢᠨᠢ ᠴᠡᠪᠡᠷ ᠬᠠᠶᠢᠷ᠎ᠠ ᠶᠢᠨ ᠪᠡᠯᠭᠡ ᠲᠡᠮᠳᠡᠭ ᠪᠤᠯᠤᠭᠰᠠᠨ | ︿︿ᠡᠨᠡᠳᠬᠡᠭ ᠤᠨ ᠡᠷᠳᠡᠨᠢ﹀﹀ ᠭᠡᠮᠡᠭᠴᠢ ᠲᠠᠵᠢ ︵ᠲᠠᠶᠢᠵᠢ︶ ᠮᠠᠬᠠᠯ ᠤᠨ ᠪᠤᠩᠬᠤᠨ ᠨᠢ ᠲᠡᠯᠡᠬᠡᠢ ᠶᠢᠨ ᠲᠤᠯᠤᠭᠠᠨ | ᠭᠠᠶᠢᠬᠠᠮᠰᠢᠭᠳᠣ ᠪᠠᠷᠢᠯᠭ᠎ᠠ ᠶᠢᠨ ᠨᠢᠭᠡ ᠪᠤᠯᠵᠤ ᠬᠤᠷᠸ᠎ᠠ ᠳᠤ ᠠᠯᠳᠠᠷᠰᠢᠵᠤ ᠪᠤᠢ᠃ | ᠲᠠᠵᠢ ᠮᠠᠬᠠᠯ ᠪᠤᠯ ᠮᠤᠩᠭᠤᠷ ᠬᠠᠭᠠᠨᠳᠣ ᠣᠯᠤᠰ ᠤᠨ ᠲᠠᠪᠣᠳᠣᠭᠠᠷ ᠦᠶ᠎ᠡ ᠶᠢᠨ ᠬᠠᠭᠠᠨ ᠱ᠊᠂ ᠵᠠᠭᠠᠨ ︵ᠪᠠᠰᠠ | ᠰᠠᠩᠵᠠᠢ ᠭᠡᠵᠤ ᠵᠠᠷᠢᠮ ᠨᠤᠮ ᠳᠤ ᠲᠡᠮᠳᠡᠭᠯᠡᠵᠤ ᠪᠤᠢ︶ ᠤ ᠬᠠᠶᠢᠷᠠᠳᠠᠢ ᠬᠠᠳᠣᠨ ᠨᠢ ᠪᠤᠯᠤᠨ᠎ᠠ᠃ ᠲᠡᠷᠡ ᠡᠨᠡᠳᠬᠡᠭ ᠤᠨ | ᠣᠮᠠᠷᠠᠳᠣ ᠬᠡᠰᠡᠭ ᠲᠠᠬᠢ ᠨᠢᠭᠡᠨ ᠮᠤᠩᠭᠤᠯ ᠢᠵᠠᠭᠤᠷᠳᠡᠨ ᠤ ᠭᠡᠷ ᠲᠤ ᠲᠦᠷᠦᠪᠡ᠃ ᠬᠤᠷᠸ᠎ᠠ ᠳᠤ ᠬᠤᠣᠰ ᠦᠭᠡᠢ | ᠭᠤᠶᠤ ᠦᠵᠡᠰᠭᠦᠡᠯᠩ ᠮᠦᠷᠳᠡᠭᠡᠨ ᠰᠡᠴᠡᠨ ᠴᠡᠯᠮᠡᠭ ᠤᠬᠠᠭᠠᠨ ᠰᠠᠨᠠᠭ᠎ᠠ ᠲᠠᠢ ᠪᠠᠶᠢᠵᠤ᠂ ᠵᠢᠩᠬᠢᠨᠢ ᠴᠡᠪᠡᠷ ᠠᠷᠢᠭᠤᠨ | ᠬᠠᠶᠢᠷ᠎ᠠ ᠶᠢ ᠲᠡᠭᠡᠳᠦᠯᠡᠵᠤ ᠶᠠᠪᠤᠭᠰᠠᠨ ᠠᠭᠤᠣ ᠶᠡᠭᠡ ᠮᠤᠩᠭᠤᠯ ᠡᠮᠡᠭᠳᠡᠢ ᠪᠤᠯᠤᠨ᠎ᠠ᠃ | ᠲᠠᠵᠢ ᠬᠠᠳᠣᠨ ᠪᠤᠯ ᠦᠩᠭᠡ ᠵᠢᠰᠣ ᠪᠠ ᠪᠡᠶ᠎ᠡ ᠭᠠᠯᠪᠢᠷ ᠬᠤᠣᠰ ᠦᠭᠡᠢ ᠭᠤᠶᠣ ᠦᠵᠡᠰᠭᠦᠯᠡᠩ ᠮᠦᠷᠳᠡᠭᠡᠨ | ᠣᠬᠠᠭᠠᠨ ᠰᠠᠨᠠᠭ᠎ᠠ᠂ ᠢᠨᠠᠭ ᠬᠠᠶᠢᠷ᠎ᠠ᠂ ᠪᠣᠳᠤᠯ ᠰᠡᠳᠬᠢᠯ᠂ ᠪᠢᠯᠢᠭ ᠠᠪᠢᠶᠠᠰ᠂ ᠦᠢᠯᠡ ᠶᠠᠪᠣᠳᠠᠯ ᠤᠨ ᠡᠷᠬᠢᠮ | ᠰᠠᠶᠢᠬᠠᠨ ᠪᠦᠬᠦᠨ ᠢ ᠪᠦᠷᠢᠳᠦᠭᠦᠯᠦᠭᠰᠡᠨ ᠲᠡᠭᠦᠰ ᠭᠤᠸ᠎ᠠ ᠡᠮᠡᠭᠳᠡᠢ ᠪᠤᠯᠤᠨ᠎ᠠ᠃ ᠲᠡᠭᠦᠨ ᠤ ᠠᠮᠢᠳᠣ ᠰᠡᠷᠡᠭᠦᠨ ᠦᠶ᠎ᠡ | ᠶᠢᠨ ᠦᠢᠯᠡ ᠶᠠᠪᠣᠳᠠᠯ ᠲᠡᠤᠬᠡ ᠰᠣᠳᠣᠷ ᠲᠤ ᠲᠡᠮᠡᠢ ᠲᠡᠮᠳᠡᠭᠯᠡᠭᠰᠡᠨ ᠦᠭᠡᠢ ᠪᠣᠯᠪᠠᠴᠣ ᠭᠠᠨᠳᠢᠭ ᠴᠢᠯᠠᠭᠤᠨ ᠳᠤ | ᠠᠮᠢᠯᠠᠭᠰᠠᠨ ᠭᠤᠶᠣ ᠲᠦᠷᠬᠦ ᠨᠢ ᠵᠢᠩᠬᠢᠨᠢ ᠠᠷᠢᠭᠤᠨ ᠬᠠᠶᠢᠷ᠎ᠠ ᠶᠢᠨ ᠰᠢᠳᠦᠭᠡᠨ ᠪᠤᠯᠤᠨ ᠠᠮᠢᠯᠠᠵᠤ ᠬᠦᠮᠦᠨ | ᠲᠦᠷᠦᠯᠬᠢᠳᠡᠨ ᠳᠤ ᠪᠠᠭ᠋ᠠᠷᠬᠠᠭᠳᠠᠨ ᠲᠠᠭᠠᠯᠭᠳᠠᠵᠤ ᠪᠠᠶᠢᠬᠤ ᠮᠦᠷᠳᠡᠭᠡᠨ ᠡᠨᠡᠳᠬᠡᠭ᠂ ᠮᠤᠩᠭᠤᠷ ᠬᠠᠭᠠᠨᠳᠣ ᠣᠯᠤᠰ᠂ | ᠮᠣᠩᠭᠤᠯ ᠡᠮᠡᠭᠳᠡᠢ ᠶᠢᠨ ᠡᠷᠬᠢᠮᠰᠦᠭ ᠰᠠᠶᠢᠬᠠᠨ ᠢ ᠲᠡᠯᠡᠬᠡᠢ ᠳ᠋ᠠᠬᠢᠨ ᠳᠤ ᠦᠨᠢ ᠮᠦᠩᠬᠡ ᠠᠯᠳᠠᠷᠰᠢᠭᠤᠯᠵᠤ ᠪᠠᠶᠢᠭ᠎ᠠ | ᠶᠤᠮ᠃ ᠲᠠᠵᠢ ᠬᠠᠳᠣᠨ ᠨᠠᠰᠣ ᠪᠠᠷᠠᠭᠠᠳ300 ᠭᠠᠷᠦᠢ ᠵᠢᠯ ᠪᠤᠯᠵᠤ ᠪᠠᠶᠢᠭ᠎ᠠ ᠪᠣᠯᠪᠠᠴᠣ ᠲᠡᠯᠡᠬᠡᠢ ᠶᠢᠨ ᠬᠦᠮᠦᠨ | ᠠᠷᠠᠳ ᠤᠨ ᠰᠡᠳᠬᠢᠯ ᠵᠢᠷᠦᠬᠡᠨ ᠳᠤ ᠮᠥᠨ ᠯᠠ ᠠᠮᠢᠳᠣ ᠪᠠᠷ ᠢᠶᠠᠨ ᠪᠠᠶᠢᠵᠤ᠂ ᠮᠤᠩᠭᠤᠯ ᠡᠮᠡᠭᠳᠡᠢ ᠶᠢᠨ ᠵᠢᠰᠣ | ᠭᠠᠯᠪᠢᠷ ᠬᠢᠭᠡᠳ ᠣᠶᠤᠨ ᠰᠠᠨᠠᠭᠠᠨ ᠤ ᠭᠤᠸ᠎ᠠ ᠰᠠᠶᠢᠬᠠᠨ ᠵᠢᠴᠢ ᠰᠣᠶᠣᠯ ᠤᠨ ᠢᠷᠠᠭᠤ ᠰᠠᠶᠢᠬᠠᠨ ᠬᠦᠷᠳᠡᠭᠡᠯ ᠢᠶᠠᠷ | ᠢᠶᠠᠨ ᠪᠦᠮᠪᠤᠷᠴᠡᠭ ᠢ ᠢᠪᠢᠯᠭᠡᠵᠤ᠂ ᠮᠤᠨᠳᠠᠭ ᠲᠤᠮᠤ ᠵᠤᠭᠠᠴᠠᠯ ᠤᠨ ᠦᠷᠳᠡᠭ᠂ ᠰᠣᠶᠤᠯ ᠤᠨ ᠦᠷᠳᠡᠭ ᠢ ᠡᠭᠦᠳᠦᠨ᠂ | ᠡᠨᠡᠳᠬᠡᠭ ᠤᠨ ᠠᠷᠠᠳ ᠲᠦᠮᠡᠨ ᠢ ᠢᠪᠡᠭᠡᠨ ᠲᠡᠳᠬᠦᠵᠤ ᠪᠤᠢ᠃ | ᠭᠤᠴᠢᠨ ᠨᠢᠭᠡ᠂ ᠴᠢᠩ ᠪᠢᠰᠢᠷᠡᠯᠳᠣ ᠲᠠᠶᠢᠬᠠᠯ ᠬᠠᠳᠣᠨ ᠡᠬᠡ ᠲᠠᠶᠢᠬᠠᠯ ᠬᠠᠳᠣᠨ ᠪᠤᠯ ᠡᠬᠡ | ᠪᠤᠯ17 ᠳ᠋ᠣᠭᠠᠷ ᠵᠠᠭᠤᠨ ᠤ ᠡᠬᠢᠨ ᠤ ᠵᠢᠯ ᠤᠳ ᠲᠤ ᠠᠯᠳᠠᠷ ᠮᠠᠨᠳᠣᠭᠰᠠᠨ ᠣᠶᠤᠳᠠᠨ ᠬᠠᠳᠣᠨ ᠪᠤᠯᠤᠨ᠎ᠠ᠃ ᠲᠡᠶᠢᠮᠤ | ᠠᠴᠠ ᠮᠤᠩᠭᠤᠯ ᠤᠨ ᠲᠡᠤᠬᠡᠨ ᠳᠤ ᠲᠡᠭᠦᠨ ᠢ ︿︿ᠴᠢᠩ ᠪᠢᠰᠢᠷᠡᠯᠳᠣ ᠲᠠᠶᠢᠬᠠᠯ ᠬᠠᠳᠣᠨ ᠡᠬᠡ﹀﹀ ᠭᠡᠮᠡᠨ | ᠬᠦᠨᠳᠦᠳᠬᠡᠨ ᠲᠡᠮᠳᠡᠭᠯᠡᠭᠰᠡᠨ ᠪᠠᠶᠢᠳᠠᠭ᠃ ᠲᠠᠶᠢᠬᠠᠯ ᠬᠠᠳᠣᠨ ᠪᠤᠯ ᠲᠠᠶᠠᠨ ᠬᠠᠭᠠᠨ ᠤ ᠣᠳᠬᠤᠨ ᠬᠦᠤ ᠭᠡᠷᠰᠠᠨᠵᠢ ︵ | ᠪᠠᠰᠠ ᠭᠡᠷᠰᠠᠨᠵᠢ ᠯᠠᠶᠢᠬᠤᠷ ᠭᠡᠳᠡᠭ︶ ᠶᠢᠨ ᠭᠤᠷᠪᠠᠳᠣᠭᠠᠷ ᠬᠦᠪᠡᠭᠦᠨ ᠣᠶᠢᠵᠢᠨ ᠨᠤᠶᠠᠨ ᠤ ᠬᠦᠤ ᠪᠠᠭ᠋ᠠᠷᠠᠢ | ᠬᠤᠰᠢᠭᠤᠴᠢ ᠶᠢᠨ ᠬᠠᠳᠣᠨ ᠪᠤᠯᠤᠨ᠎ᠠ᠃ ᠲᠡᠷᠡ ᠬᠠᠷᠠᠬᠠᠨ ᠪᠠᠭ᠎ᠠ ᠠᠴᠠ ᠪᠠᠨ ᠴᠡᠴᠡᠨ ᠰᠡᠷᠭᠦᠯᠡᠩ᠂ ᠤᠢ ᠪᠢᠯᠢᠭ | ᠴᠣᠭᠤᠷᠬᠠᠢ᠂ ᠪᠢᠴᠢᠭ ᠰᠣᠶᠤᠯ ᠳᠤ ᠰᠢᠮᠳᠠᠨ᠂ ᠮᠤᠩᠭᠤᠯ ᠲᠦᠪᠡᠳ ᠦᠰᠦᠭ ᠪᠢᠴᠢᠭ ᠲᠤ ᠨᠡᠪᠳᠡᠷᠡᠵᠡᠢ᠃ ᠲᠡᠭᠡᠭᠡᠳ | ᠣᠶᠤᠳᠠᠨ ᠡᠮᠡᠭᠳᠡᠢ ᠪᠤᠯᠤᠨ ᠠᠯᠳᠠᠷᠰᠢᠵᠡᠢ᠃ | ᠴᠢᠩ ᠪᠢᠰᠢᠷᠡᠯᠳᠤ ᠲᠠᠶᠢᠬᠠᠯ ᠬᠠᠳᠣᠨ ᠪᠢᠴᠢᠭ ᠰᠣᠶᠤᠯ ᠳᠤ ᠨᠡᠪᠳᠡᠷᠡᠵᠤ᠂ ᠮᠤᠩᠭᠤᠯ ᠰᠣᠶᠤᠯ ᠤᠨ | ᠭᠦᠭᠵᠢᠯᠳᠡ ᠳᠤ ᠪᠠᠯᠠᠷᠠᠰᠢ ᠦᠭᠡᠢ ᠵᠢᠳᠬᠦᠯ ᠦᠭᠭᠦᠭᠰᠡᠨ ᠢᠶᠠᠷ ᠪᠠᠷᠠᠬᠤ ᠦᠭᠡᠢ ᠬᠦᠪᠡᠭᠦᠨ ᠴᠣᠭᠳᠤ ︵ᠴᠣᠭᠳᠣ | ᠲᠠᠶᠢᠵᠢ︶ ᠪᠠᠨ ᠪᠠᠯᠴᠢᠷ ᠪᠠᠭ᠎ᠠ ᠠᠴᠠ ᠨᠢ ᠪᠢᠴᠢᠭ ᠰᠣᠶᠤᠯ ᠢᠶᠠᠷ ᠭᠡᠶᠢᠭᠦᠯᠦᠨ ᠬᠦᠮᠦᠵᠢᠭᠦᠯᠵᠤ ᠪᠢᠯᠡ᠃ ᠬᠠᠳᠣᠨ | ᠡᠬᠡ ᠶᠢᠨ ᠢᠶᠠᠨ ᠭᠡᠷᠡᠯᠳᠦᠭᠰᠡᠨ ᠣᠬᠠᠭᠠᠨ᠂ ᠬᠠᠳᠠᠭᠤ ᠬᠦᠮᠦᠵᠢᠯ ᠢ ᠲᠡᠭᠡᠳᠦᠯᠡᠨ᠂ ᠴᠣᠭᠳᠣ ᠲᠠᠶᠢᠵᠢ ᠪᠣᠰᠣᠳ ᠠᠴᠠ | ᠴᠣᠯᠭᠤᠷᠠᠭᠰᠠᠨ ᠶᠡᠭᠡ ᠪᠢᠯᠢᠭ ᠠᠪᠢᠶᠠᠰ ᠲᠠᠢ ᠠᠯᠳᠠᠷᠳᠤ ᠢᠷᠠᠭᠤ ᠨᠠᠶᠢᠷᠠᠭᠴᠢ᠂ ᠲᠡᠤᠬᠡᠴᠢ ᠮᠦᠷᠳᠡᠭᠡᠨ ᠭᠠᠷᠮᠠᠭᠠᠢ | ᠣᠯᠤᠰ ᠲᠦᠷᠦᠴᠢᠨ᠂ ᠡᠬᠡ ᠣᠷᠤᠨᠴᠢ ᠪᠠᠭᠠᠳᠣᠷ ᠪᠤᠯᠤᠭᠰᠠᠨ ᠶᠤᠮ᠃ ᠲᠠᠶᠢᠬᠠᠯ ᠬᠠᠳᠣᠨ ᠡᠬᠡ1601 ᠤᠨ ᠠᠴᠠ | ᠡᠬᠢᠯᠡᠨ᠂ ᠬᠦᠤ ᠴᠣᠭᠳᠣ ᠲᠠᠢ ᠪᠠᠨ ᠲᠦᠪᠡᠳ ᠬᠡᠯᠡᠨ ᠠᠴᠠ ᠪᠤᠷᠬᠠᠨ ᠤ ᠨᠤᠮ ᠰᠣᠳᠣᠷ ᠢ ᠣᠷᠴᠢᠭᠤᠯᠬᠤ ᠶᠢᠨ | ᠲᠠᠭᠠᠣ ᠣᠷᠠᠨ ᠵᠤᠬᠢᠶᠠᠯ᠂ ᠲᠡᠤᠬᠡ᠂ ᠬᠦᠨ ᠤᠬᠠᠭᠠᠨ᠂ ᠠᠨᠠᠭᠠᠬᠤ ᠣᠬᠠᠭᠠᠨ ᠵᠡᠷᠭᠡ ᠣᠯᠠᠨ ᠲᠦᠷᠦᠯ ᠤᠨ ᠨᠤᠮ | ᠰᠣᠳᠣᠷ ᠢ ᠮᠤᠩᠭᠤᠯᠴᠢᠯᠠᠵᠤ᠂ ᠠᠷᠠᠳ ᠲᠦᠮᠡᠨ ᠢᠶᠠᠨ ᠭᠡᠭᠡᠷᠡᠭᠦᠯᠦᠨ᠂ ᠮᠤᠩᠭᠤᠯ ᠰᠣᠶᠤᠯ ᠤᠨ ᠭᠦᠭᠵᠢᠯᠳᠡ ᠳᠤ | ᠯᠤᠳᠤ ᠶᠡᠭᠡ ᠭᠠᠪᠢᠶ᠎ᠡ ᠵᠢᠳᠭᠦᠯ ᠦᠵᠡᠭᠦᠯᠦᠭᠰᠡᠨ ᠶᠤᠮ᠃ ᠡᠭᠦᠨ ᠤ ᠲᠠᠭᠠᠤ ᠲᠡᠷᠡ ᠪᠠᠰᠠ ᠬᠦᠪᠡᠭᠦᠨ ᠴᠣᠭᠳᠣ | ᠲᠠᠶᠢᠵᠢ ᠲᠠᠢ ᠪᠠᠨ ᠪᠦᠬᠦᠯᠢ ᠠᠷᠪᠠᠨ ᠵᠢᠯ ᠤᠨ ᠴᠠᠭ ᠢ ᠵᠠᠷᠣᠴᠠᠭᠤᠯᠣᠨ᠂ ᠲᠣᠣᠯᠠ ᠶᠢᠨ ᠪᠠᠷᠠᠭᠤᠨ ᠳᠠᠬᠢ ᠵᠢᠷᠦᠬᠡᠨ | ᠨᠡᠷᠡᠳᠤ ᠠᠭᠤᠯᠠ ᠶᠢᠨ ᠡᠩᠭᠡᠷ ᠲᠤ ᠵᠢᠷᠭᠤᠭᠠᠨ ᠰᠦᠮ᠎ᠡ ᠶᠢ ᠪᠠᠶᠢᠭᠤᠯᠵᠤ ᠪᠢᠯᠡ᠃ ᠡᠳᠡᠭᠡᠷ ᠰᠦᠮ᠎ᠡ ᠬᠡᠶᠢᠳ ᠨᠢ | ᠮᠤᠩᠭᠤᠯ ᠨᠤᠳᠤᠭ ᠲᠤ ᠱᠠᠰᠢᠨ ᠲᠡᠯᠭᠡᠷᠡᠭᠦᠯᠬᠦ ᠶᠢᠨ ᠲᠠᠭᠠᠣ ᠮᠤᠩᠭᠤᠯ ᠰᠣᠶᠤᠯ ᠤᠨ ᠦᠯᠦᠭᠡᠢ ᠪᠤᠯᠵᠤ᠂ ᠦᠶ᠎ᠡ | ᠦᠶ᠎ᠡ ᠶᠢᠨ ᠬᠦᠮᠦᠰ ᠢ ᠰᠣᠶᠤᠯᠵᠢᠭᠤᠯᠤᠨ ᠭᠡᠭᠡᠷᠡᠭᠦᠯᠵᠤ ᠪᠠᠶᠢᠪᠠ᠃ ᠡᠨᠡᠬᠦ ᠠᠯᠳᠠᠷ ᠬᠦᠨᠳᠣᠳᠡᠢ ᠰᠣᠶᠤᠯᠳᠣ ᠡᠬᠡ ᠪᠠᠨ | ᠮᠦᠩᠬᠡ ᠲᠣᠷᠠᠰᠴᠣ ᠶᠠᠪᠣᠬᠤ ᠶᠢᠨ ᠲᠦᠯᠦᠭᠡ᠂ ᠮᠤᠩᠭᠤᠯ ᠤᠯᠤᠰ ᠤᠨ ᠠᠯᠳᠠᠷᠳᠣ ᠢᠷᠠᠭᠤ ᠨᠠᠶᠢᠷᠠᠭᠴᠢ ᠭᠡ᠊᠂ | ᠢᠰᠢᠬᠦᠣ ︿︿ᠴᠢᠩ ᠪᠢᠰᠢᠷᠡᠯᠳᠣ ᠲᠠᠶᠢᠬᠠᠯ ᠬᠠᠳᠣᠨ ᠡᠬᠡ﹀﹀ ᠭᠡᠬᠦ ᠭᠠᠶᠢᠬᠠᠯᠳᠠᠢ ᠰᠢᠯᠦᠭ ᠢ ᠪᠦᠳᠦᠭᠡᠵᠤ᠂ ᠡᠨᠡᠬᠦ | ᠨᠢᠭᠡᠨ ᠦᠶ᠎ᠡ ᠶᠢᠨ ᠰᠣᠣ ᠪᠢᠯᠢᠭᠳᠦ ᠬᠠᠳᠣᠨ ᠡᠬᠡ ᠶᠢᠨ ᠠᠷᠢᠭᠤᠬᠠᠨ ᠵᠢᠳᠬᠦᠯ ᠢ ᠳ᠋ᠦᠩᠨᠡᠭᠰᠡᠨ ᠪᠠᠶᠢᠨ᠎ᠠ᠃ ︿︿ | ᠡᠬᠡ ᠬᠤᠩ ᠲᠠᠶᠢᠵᠢ ᠶᠢᠨ ᠪᠢᠰᠢᠷᠡᠯᠳᠣ ᠲᠠᠶᠢᠬᠠᠯ ᠡᠬᠡ | ᠡᠷᠳᠡᠮ ᠤᠨ ᠲᠠᠯᠠᠢ ᠶᠢ ᠱᠦᠭᠦᠷᠳᠡᠭᠰᠡᠨ ᠣᠶᠤᠳᠠᠨ ᠮᠥᠨ ᠪᠤᠶᠤ | ᠡᠳᠦᠭᠡ ᠮᠢᠨᠤ ᠰᠢᠯᠦᠭ ᠲᠠᠬᠢ ᠰᠣᠶᠤᠨ ᠭᠡᠭᠡᠷᠡᠭᠰᠡᠨ ᠲᠡᠭᠦᠨ ᠢ | ᠡᠬᠡ ᠣᠷᠤᠨᠴᠢ ᠬᠦᠤ ᠲᠠᠢ ᠨᠢ ᠠᠭᠠᠷ ᠨᠢᠭᠡᠨ ᠦᠵᠡᠪᠡᠢ᠃ | ᠮᠡᠳᠡᠭᠰᠡᠨ ᠡᠷᠳᠡᠮ ᠢᠶᠠᠨ ᠲᠦᠭᠡᠭᠡᠬᠦ ᠪᠠᠷ ᠴᠠᠭᠠᠨ ᠬᠠᠷᠰᠢ ᠪᠠᠶᠢᠭᠤᠯᠪᠠ | ᠮᠡᠷᠭᠡᠳ ᠰᠡᠴᠡᠳ ᠤᠨ ᠰᠣᠳᠣᠷ ᠤᠳ ᠢ ᠤᠨ ᠲᠠᠷᠠᠭᠠᠯᠠᠵᠤ ᠣᠷᠴᠢᠭᠤᠯᠪᠠ | ᠰᠣᠶᠤᠯ ᠤᠨ ᠦᠷ᠎ᠡ ᠲᠠᠷᠢᠬᠤ ᠶᠢ ᠡᠬᠡ ᠬᠦᠤ ᠡᠷᠡᠮᠡᠯᠵᠡᠪᠡ | ᠰᠣᠯᠣᠩᠭᠠᠨ ᠣᠬᠠᠭᠠᠨ ᠰᠠᠴᠣᠷᠠᠭᠤᠯᠤᠨ ᠨᠢᠭᠡᠨ ᠦᠶ᠎ᠡ ᠴᠡᠴᠡᠭᠯᠡᠪᠡ | ᠬᠠᠯᠬ᠎ᠠ ᠶᠢᠨ ᠪᠢᠰᠢᠷᠡᠯᠳᠣ ᠬᠠᠳᠣᠨ ᠤ ᠬᠦᠰᠡᠯ ᠡᠶᠢᠨ ᠪᠡᠶᠡᠯᠡᠪᠡ | ᠬᠠᠳᠣᠨ ᠲᠣᠣᠯᠠ ᠶᠢᠨ ᠣᠷᠤᠰᠬᠠᠯ ᠰᠢᠭ᠋ ᠡᠬᠡ ᠶᠢᠨ ᠰᠡᠳᠬᠢᠯ ᠮᠡᠯᠳᠡᠯᠵᠡᠪᠡ | ᠬᠠᠩᠭᠠᠢ ᠬᠠᠨ ᠤ ᠠᠭᠠᠯᠠᠨ ᠳᠤ ᠣᠶᠠᠷᠠᠵᠤ ᠭᠠᠷᠣᠭᠰᠠᠨ ᠬᠤᠩ ᠲᠠᠶᠢᠵᠢ | ᠬᠠᠯᠠᠭᠤᠳᠤ ᠡᠭᠡᠴᠢ ᠪᠠᠨ ᠰᠠᠨᠠᠭᠠᠯᠵᠠᠨ ᠣᠶᠠᠩᠭ᠎ᠠ ᠶᠢᠨ ᠰᠢᠯᠦᠭ ᠲᠠᠳᠠᠯᠠᠪᠠ | ᠪᠢᠯᠢᠭᠳᠦ ᠲᠠᠳᠡᠨ ᠤ ᠬᠦᠰᠡᠯ ᠢ ᠴᠠᠭ ᠤᠨ ᠰᠠᠯᠬᠢ ᠠᠷᠴᠢᠪᠠ | ᠪᠢᠴᠢᠭ ᠤᠨ ᠪᠦᠳᠦᠭᠡᠯ ᠨᠤᠮ ᠢ ᠨᠢ ᠣᠯᠠᠭᠠᠨ ᠲᠦᠢᠮᠡᠷ ᠢᠳᠡᠪᠡ | ᠪᠢᠷ ᠶᠠᠨᠲ᠋ᠠᠢ ᠶᠠᠭᠤ ᠶᠢ ᠨᠢ ᠰᠢᠷ᠎ᠠ ᠶᠢᠨ ᠱᠠᠰᠢᠨ ᠬᠤᠭᠤᠴᠢᠪᠠ | ᠪᠡᠭᠡ ᠪᠠᠷ ᠴᠦ ᠲᠣᠳᠠᠭᠠ ᠦᠭᠡᠢ ᠲᠡᠳᠡ ᠴᠠᠭᠠᠨ ᠴᠠᠭᠠᠰᠣ ᠴᠦ ᠦᠭᠡᠢ ᠦᠯᠡᠳᠡᠪᠡ | ᠴᠢᠩ ᠤᠨ ᠬᠠᠭᠠᠳ ᠤᠳ ᠮᠣᠩᠭᠤᠯ ᠢ ᠬᠠᠭᠠᠯᠤᠨ ᠪᠣᠳᠠᠯᠠᠵᠤ ᠡᠬᠢᠯᠡᠪᠡ | ᠴᠢᠩᠭᠢᠰ ᠤᠨ ᠣᠭᠰᠠᠭᠠᠳᠣ ᠨᠤᠶᠠᠳ ᠰᠠᠯᠤᠨ ᠪᠣᠳᠠᠷᠠᠵᠤ ᠣᠷᠪᠠᠪᠠ | ᠲᠡᠭᠰᠢ ᠪᠣᠳᠤᠯᠭ᠎ᠠ ᠪᠠᠨ ᠠᠯᠳᠠᠭᠰᠠᠨ ᠳᠤ ᠲᠦᠷᠦ ᠣᠯᠤᠰ ᠬᠢᠮᠤᠷᠠᠪᠠ | ᠴᠢᠩ ᠲᠠᠶᠢᠬᠠᠯ ᠬᠠᠳᠣᠭᠳᠠᠨ ᠤ ᠰᠡᠳᠬᠢᠯ ᠰᠠᠨᠠᠭ᠎ᠠ ᠦᠢᠮᠤᠷᠡᠪᠡ | ᠬᠠᠯᠬ᠎ᠠ ᠶᠢᠨ ᠲᠤᠮᠤ ᠨᠤᠶᠠᠳ ᠰᠢᠷ᠎ᠠ ᠶᠢᠨ ᠱᠠᠰᠢᠨ ᠳᠤ ᠣᠷᠤᠯᠳᠣᠪᠠ | ᠬᠠᠷᠢ ᠶᠢᠨ ᠪᠣᠳᠤᠯᠭ᠎ᠠ ᠬᠡᠷᠡᠭᠵᠢᠵᠤ ᠠᠶᠣᠯ ᠵᠠᠨᠤᠯ ᠦᠩᠭᠡᠯᠵᠡᠪᠡ | ᠠᠷᠪᠠᠨ ᠲᠤᠯᠤᠳᠠᠬᠢ ᠵᠠᠭᠤᠨ ᠳᠤ ᠰᠢᠷ᠎ᠠ ᠣᠯᠠᠭᠠᠨ ᠮᠦᠷᠭᠦᠯᠳᠦᠪᠡ | ᠠᠮᠣᠷ ᠵᠠᠶᠠᠭ᠎ᠠ ᠦᠵᠡᠭᠦᠯᠬᠦ ᠬᠠᠭᠠᠳ ᠨᠤᠶᠠᠳ ᠰᠦᠷᠭᠡᠭᠦᠯᠳᠦᠪᠡ | ᠠᠷᠣ ᠬᠠᠯᠬ᠎ᠠ ᠶᠢᠨ ᠴᠣᠭᠳᠣ ᠲᠠᠶᠢᠵᠢ ᠴᠠᠰᠣᠳᠣ ᠲᠦᠪᠡᠳ ᠢ ᠵᠣᠷᠢᠪᠡ | ᠠᠬᠠᠶᠢᠳᠠᠨ ᠪᠢᠰᠢᠷᠡᠯᠳᠣ ᠬᠠᠳᠣᠨ ᠲᠠᠶᠢᠬᠠᠯ ᠤᠨ ᠠᠮᠢᠳᠣᠷᠠᠯ ᠲᠡᠮᠡᠴᠡᠯ ᠲᠡᠭᠦᠰᠪᠡ﹀﹀ ᠬᠡᠮᠡᠪᠡ᠃ | ᠭᠤᠴᠢᠨ ᠬᠤᠶᠠᠷ᠂ ᠠᠪᠠᠢ ᠬᠠᠳᠣᠨ᠂ ᠠᠪᠠᠢ ᠬᠠᠳᠣᠨ ᠪᠤᠯ ᠲᠦᠷᠪᠡᠨ ᠦᠢᠷᠠᠳ ᠤᠨ ᠲᠡᠤᠬᠡᠨ ᠳᠤ | ᠠᠯᠳᠠᠷᠳᠠᠢ ᠰᠣᠣ ᠪᠢᠯᠢᠭᠳᠦ ᠡᠮᠡᠭᠳᠡᠢ ᠶᠤᠮ᠃ ᠲᠡᠷᠡ ᠪᠠᠷ ᠦᠢᠷᠠᠳᠴᠣᠳ ᠤᠨ ᠣᠮᠤᠭᠰᠢᠯ ᠪᠠᠭ᠋ᠠᠷᠬᠠᠯ ᠢ ᠲᠠᠳᠠᠭᠰᠠᠨ ︿ | ︿ᠲᠠᠪᠣᠨ ᠪᠠᠷᠰ﹀﹀ ᠭᠡᠮᠡᠭᠳᠡᠭᠰᠡᠨ ᠲᠠᠪᠣᠨ ᠬᠡᠤᠬᠡᠳ ᠢᠶᠠᠨ ᠲᠦᠷᠦᠭᠦᠯᠦᠨ ᠦᠰᠭᠡᠭᠰᠡᠨ ᠮᠦᠷᠳᠡᠭᠡᠨ ᠦᠢᠷᠠᠳ | ᠡᠷᠡᠴᠣᠳ ᠤᠨ ᠬᠠᠳᠠᠭᠤ ᠰᠢᠨᠳᠠᠰᠣ᠂ ᠠᠷᠭ᠎ᠠ ᠪᠣᠳᠣᠯᠭ᠎ᠠ᠂ ᠭᠠᠷᠮᠠᠭᠠᠢ ᠵᠤᠷᠢᠭ ᠰᠦᠯᠳᠡ ᠪᠠᠷ ᠬᠡᠤᠬᠡᠳ ᠢᠶᠠᠨ | ᠬᠦᠮᠦᠵᠢᠭᠦᠯᠦᠭᠰᠡᠨ ᠪᠠᠭᠠᠳᠣᠷ ᠡᠬᠡ ᠶᠤᠮ᠃ ᠠᠪᠠᠢ ᠬᠠᠳᠣᠨ ᠬᠡᠤᠬᠡᠳ ᠢᠶᠠᠨ ᠦᠭᠡᠯᠡᠢ ᠶᠡᠭᠡ ᠪᠤᠯᠳᠠᠯ᠎ᠠ | ᠬᠤᠱᠣᠳ ᠠᠶᠢᠮᠠᠭ ᠢ ᠵᠠᠰᠠᠭᠯᠠᠨ ᠶᠠᠪᠤᠵᠤ᠂ ᠬᠤᠱᠤᠳ ᠠᠶᠢᠮᠠᠭ ᠤᠨ ᠬᠦᠴᠦᠷᠬᠡᠭᠵᠢᠨ ᠮᠠᠨᠳᠣᠬᠤ ᠳᠤ ᠰᠠᠭᠤᠷᠢ | ᠲᠠᠯᠪᠢᠵᠤ ᠦᠭᠭᠦᠭᠰᠡᠨ ᠪᠦᠭᠡᠳ ᠬᠤᠱᠣᠳᠴᠣᠳ ᠤᠨ ᠲᠦᠷᠪᠡᠨ ᠦᠢᠷᠠᠳ ᠤᠨ ᠴᠢᠭᠤᠯᠭᠠᠨ ᠳᠤ ᠲᠡᠷᠢᠭᠦᠯᠵᠤ | ᠶᠠᠪᠤᠬᠤ ᠪᠠᠶᠢᠷᠢ ᠰᠠᠭᠤᠷᠢ ᠶᠢ ᠪᠠᠳᠣᠯᠠᠭᠰᠠᠨ ᠶᠤᠮ᠃ ᠠᠪᠠᠢ ᠬᠠᠳᠤᠨ ᠪᠤᠯ ᠴᠣᠷᠣᠰ ᠠᠶᠢᠮᠠᠭ ᠤᠨ ᠰᠣᠷᠪᠤᠯᠵᠢᠳᠣ ᠭᠡᠷ | ᠤᠨ ᠦᠬᠢᠨ ᠶᠤᠮ᠃ ᠲᠡᠷᠡ ᠬᠠᠨᠢ ᠨᠤᠶᠠᠨ ᠤ ᠭᠤᠤᠯ ᠬᠠᠳᠣᠨ ᠪᠠᠶᠢᠪᠠ᠃ | ᠭᠤᠴᠢᠨ ᠭᠤᠷᠪᠠ᠂ ᠲᠠᠬᠢᠮᠳᠠᠭᠤ ᠠᠮᠣᠷᠯᠢᠩᠭᠤᠢ ᠭᠡᠭᠡᠭᠡᠨ ᠰᠣᠳᠣ ᠬᠠᠳᠣᠨ ᠪᠣᠮᠪᠠᠳᠠᠢ ᠲᠠᠬᠢᠮᠳᠠᠭᠤ | ᠠᠮᠣᠷᠯᠢᠩᠭᠤᠢ ᠭᠡᠭᠡᠭᠡᠨ ᠰᠣᠳᠣ ᠬᠠᠳᠣᠨ ᠪᠤᠯ ᠴᠢᠩ ᠣᠯᠤᠰ ᠤᠨ ᠲᠡᠤᠬᠡᠨ ᠳᠠᠬᠢ ᠭᠠᠷᠮᠠᠭᠠᠢ ᠤᠯᠤᠰ ᠲᠦᠷᠦᠴᠢᠨ | ᠪᠤᠯᠤᠨ᠎ᠠ᠃ ᠲᠡᠷᠡ ᠬᠡᠳᠦᠶᠢᠳᠦᠭᠰᠡᠨ ᠠᠪᠢᠶᠠᠰ ᠪᠢᠯᠢᠭ ᠣᠬᠠᠭᠠᠨ ᠪᠤᠳᠤᠯᠭ᠎ᠠ ᠪᠠᠷ ᠢᠶᠠᠨ ᠲᠦᠷᠦ ᠲᠦᠮᠡᠨ ᠳᠡᠭᠡᠨ | ᠬᠦᠨᠳᠦᠳᠬᠡᠭᠳᠡᠵᠤ᠂ ᠴᠢᠩ ᠣᠯᠤᠰ ᠤᠨ ᠭᠤᠷᠪᠠᠨ ᠦᠶ᠎ᠡ ᠶᠢᠨ ᠬᠠᠭᠠᠨ᠂ ᠲᠠᠷᠦᠢ ᠲᠡᠭᠷᠢ ᠶᠢᠨ ᠰᠡᠴᠡᠨ ᠬᠠᠭᠠᠨ᠂ | ᠡᠶᠡᠪᠡᠷ ᠵᠠᠰᠠᠭᠴᠢ ᠬᠠᠭᠠᠨ᠂ ᠡᠩᠬᠡ ᠠᠮᠣᠭᠤᠯᠠᠩ ᠬᠠᠭᠠᠨ ᠢ ᠲᠡᠮᠵᠢᠨ ᠲᠡᠳᠬᠦᠵᠤ᠂ ᠴᠢᠩ ᠣᠯᠤᠰ ᠤᠨ ᠲᠣᠯᠭᠤᠷ | ᠲᠦᠷᠦ ᠶᠢᠨ ᠪᠦᠷᠢᠯᠳᠣᠨ ᠲᠣᠭᠳᠠᠨᠢᠬᠤ ᠪᠠ ᠪᠦᠬᠦ ᠤᠯᠤᠰ ᠤᠨ ᠨᠢᠭᠡᠳᠦᠯ ᠢ ᠪᠡᠶᠡᠯᠡᠭᠦᠯᠬᠦ ᠲᠡᠤᠬᠡᠨ ᠶᠠᠪᠣᠴᠠ ᠳᠤ | ᠦᠪᠡᠷ ᠤᠨ ᠭᠠᠪᠢᠶ᠎ᠠ ᠵᠢᠣᠬᠦᠯ ᠢᠶᠠᠨ ᠦᠵᠡᠭᠦᠯᠵᠤ ᠶᠠᠪᠤᠭᠰᠠᠨ ᠮᠤᠩᠭᠤᠯ ᠦᠨᠳᠦᠰᠦᠳᠡᠨ ᠤ ᠭᠠᠷᠮᠠᠭᠠᠢ ᠡᠮᠡᠭᠳᠡᠢ ᠶᠤᠮ᠃ | ᠲᠠᠬᠢᠮᠳᠠᠭᠤ ᠠᠮᠣᠷᠯᠢᠩᠭᠤᠢ ᠭᠡᠭᠡᠭᠡᠨ ᠰᠣᠳᠣ ᠬᠠᠳᠣᠨ ᠪᠤᠯ ᠮᠤᠩᠭᠤᠯ ᠤᠭᠰᠠᠭᠠᠨ ᠤ ᠪᠤᠷᠵᠢᠬᠢᠨ ᠤᠪᠤᠭᠳᠠᠨ᠂ | ᠪᠤᠮᠪᠠᠳᠠᠢ ᠭᠡᠳᠡᠭ ᠨᠡᠷ᠎ᠡ ᠲᠠᠢ ︵ᠪᠠᠭ᠎ᠠ ᠶᠢᠨ ᠨᠡᠷ᠎ᠡ ᠨᠢ ᠪᠦᠮᠪᠤᠭᠡᠳᠡᠢ ᠭᠡᠳᠡᠭ ᠪᠣᠶᠤ ᠪᠠᠰᠠ ᠳ᠋ᠠ ᠢᠤᠢ ᠡᠯ ᠭᠡᠵᠤ | ᠲᠠᠭᠤᠳᠠᠳᠠᠭ᠂ ᠴᠣᠬᠤᠮ ᠨᠡᠷ᠎ᠡ ᠨᠢ ᠴᠠᠭᠠᠨᠳᠠᠷᠠ᠃1613 —1687 ᠣᠨ ᠬᠦᠷᠳᠡᠯ᠎ᠡ ᠠᠮᠢᠳᠠᠷᠠᠪᠠ︶᠃ ᠪᠤᠮᠪᠠᠳᠠᠢ | ᠪᠤᠯ ᠴᠢᠩᠭᠢᠰ ᠬᠠᠭᠠᠨ ᠤ ᠢᠳᠡᠭᠡᠯᠳᠣ ᠲᠡᠭᠦᠤ ᠬᠠᠪᠣᠳᠣ ᠬᠠᠰᠠᠷ ᠤᠨ ᠠᠷᠪᠠᠨ ᠨᠠᠢᠮᠠᠳᠣᠭᠠᠷ ᠦᠶ᠎ᠡ ᠶᠢᠨ ᠬᠤᠶᠢᠴᠢ | ᠪᠤᠯᠬᠤ ᠨᠤᠨ ᠬᠤᠷᠴᠢᠨ ᠤ ᠶᠡᠭᠡ ᠵᠠᠷᠭᠤᠴᠢ ᠪᠠᠶᠢᠭᠰᠠᠨ ᠪᠣᠷᠵᠢᠬᠢᠨ ᠤᠪᠤᠭᠳᠣ ᠮᠠᠩᠭᠤᠰ ᠨᠤᠶᠠᠨ ᠤ ᠤᠮᠪᠤᠯᠣ ᠦᠬᠢᠨ | ᠨᠢ ᠪᠤᠯᠤᠨ᠎ᠠ᠃ | ᠭᠤᠴᠢᠨ ᠲᠦᠷᠪᠡ᠂ ᠲᠣᠮᠣᠭᠳᠣ ᠦᠬᠢᠨ ᠰᠣᠮᠠᠯ ᠰᠣᠮᠠᠯ ᠬᠡᠤᠬᠡᠨ ᠪᠤᠯ ᠴᠡᠴᠡᠨ ᠰᠡᠷᠭᠦᠯᠡᠩ ᠤᠢ | ᠤᠬᠠᠭᠠᠨ᠂ ᠪᠦᠳᠦᠭᠡᠯᠴᠢ ᠠᠪᠢᠶᠠᠰ ᠲᠠᠢ ᠠᠵᠢᠯᠴᠢ ᠬᠦᠳᠡᠯᠮᠤᠷᠢᠴᠢ ᠬᠦᠮᠦᠨ ᠮᠦᠷᠳᠡᠭᠡᠨ ᠬᠡᠳᠦᠨ ᠬᠡᠯᠡᠨ ᠤ | ᠪᠢᠴᠢᠭᠰᠣᠶᠣᠯ ᠳᠤ ᠨᠡᠪᠳᠡᠷᠡᠭᠰᠡᠨ ᠰᠣᠳᠤᠨ ᠡᠮᠡᠭᠳᠡᠢ᠃ ᠲᠡᠷᠡ ᠮᠤᠩᠭᠤᠯ ᠡᠮᠡᠭᠳᠡᠶᠢᠴᠣᠳ ᠤᠨ ᠴᠢᠳᠠᠮᠠᠭᠠᠢ ᠠᠪᠢᠶᠠᠰ | ᠪᠠ ᠠᠷᠣᠣᠬᠠᠨ ᠵᠣᠷᠢᠭ ᠢ ᠲᠡᠭᠡᠳᠦᠯᠡᠵᠤ᠂ ᠲᠠᠶᠢᠴᠢᠩ ᠭᠦᠷᠦᠨ ᠤ ᠬᠠᠮᠤᠭ ᠤᠨ ᠪᠠᠳᠠᠷᠠᠯ ᠭᠦᠭᠵᠢᠯ ᠤᠨ ᠦᠶ᠎ᠡ | ᠭᠡᠮᠡᠭᠳᠡᠭᠰᠡᠨ ᠲᠡᠭᠷᠢ ᠶᠢᠨ ᠰᠡᠴᠡᠨ ᠬᠠᠭᠠᠨ ᠠᠴᠠ ᠡᠩᠬᠡ ᠠᠮᠤᠭᠤᠯᠠᠩ ᠤᠨ ᠲᠦᠷᠦ ᠶᠢ ᠲᠣᠭᠤᠯᠣᠨ ᠠᠯᠳᠠᠷᠰᠢᠵᠤ᠂ | ᠮᠤᠩᠭᠤᠯ ᠡᠮᠡᠭᠳᠡᠢ ᠶᠢᠨ ᠰᠣᠣ ᠪᠢᠯᠢᠭ ᠢ ᠭᠠᠶᠢᠬᠠᠭᠤᠯᠵᠤ ᠶᠠᠪᠤᠭᠰᠠᠨ ᠶᠤᠮ᠃ | ᠭᠤᠴᠢᠨ ᠲᠠᠪᠤ᠂ ᠶᠤᠮ ᠠᠭᠠᠰ ᠬᠠᠳᠣᠨ ᠶᠤᠮ ᠠᠭᠠᠰ ᠬᠠᠳᠣᠨ ᠦᠢᠷᠠᠳ ᠤᠨ ᠬᠤᠯᠪᠤᠭᠠᠨ ᠳᠠᠬᠢ | ᠠᠯᠳᠠᠷᠳᠣ ᠡᠮᠡᠭᠳᠡᠢ ᠪᠤᠯᠤᠨ᠎ᠠ᠃ ᠲᠡᠷᠡ ᠪᠠᠷ ᠠᠭᠤᠳᠠᠮᠴᠢ ᠪᠣᠳᠤᠯᠭ᠎ᠠ ᠲᠠᠢ ᠣᠯᠤᠰ ᠲᠦᠷᠦ ᠶᠢᠨ ᠭᠢᠷᠠᠬᠠᠢ ᠬᠠᠷᠠᠴᠠ | ᠲᠠᠢ᠂ ᠠᠪᠢᠶᠠᠰ ᠴᠢᠳᠠᠪᠤᠷᠢ ᠲᠠᠢ ᠪᠠᠶᠢᠳᠠᠭ ᠢᠶᠠᠷ ᠢᠶᠠᠨ ᠪᠦᠬᠦ ᠦᠢᠷᠠᠳᠴᠣᠳ᠂ ᠲᠡᠷᠡᠴᠢᠯᠡᠨ ᠲᠠᠯ᠎ᠠ ᠨᠣᠳᠤᠭ ᠤᠨ | ᠮᠤᠩᠭᠤᠯᠴᠣᠳ ᠤᠨ ᠲᠣᠳᠣᠷ᠎ᠠ ᠲᠣᠩ ᠨᠦᠯᠦᠭᠡ ᠲᠣᠰᠬᠠᠯ ᠲᠠᠢ ᠪᠠᠶᠢᠭᠰᠠᠨ ᠶᠤᠮ᠃ ᠶᠤᠮ ᠠᠭᠠᠰ ᠬᠠᠳᠣᠨ ᠴᠣᠷᠣᠰ | ᠤᠪᠤᠭᠳᠠᠨ ᠵᠢᠴᠢ ᠪᠦᠬᠦ ᠦᠢᠷᠠᠳ ᠤᠨ ᠲᠣᠳᠣᠷ᠎ᠠ ᠦᠷᠭᠡᠨ ᠨᠦᠯᠦᠭᠡ ᠲᠠᠢ ᠪᠠᠶᠢᠳᠠᠭ ᠠᠴᠠ ᠬᠤᠩ ᠲᠠᠶᠢᠵᠢ ᠰᠡᠩᠭᠡ | ᠨᠠᠰᠣ ᠪᠠᠷᠠᠭᠰᠠᠨ ᠤ ᠲᠠᠷᠠᠭ᠎ᠠ᠂ ᠴᠣᠷᠣᠰ ᠣᠪᠤᠭ ᠤᠨ ᠲᠤᠳᠣᠭᠠᠳᠣ ᠶᠢᠨ ᠡᠷᠬᠡ ᠠᠰᠢᠭ ᠪᠤᠯᠢᠶᠠᠯᠳᠣᠬᠤ ᠰᠠᠮᠠᠭᠤᠨ ᠢ | ᠣᠷᠠᠨ ᠢᠶᠠᠷ ᠰᠢᠢᠳᠪᠤᠷᠢᠯᠡᠵᠤ᠂ ᠬᠤᠩ ᠲᠠᠶᠢᠵᠢ ᠶᠢᠨ ᠵᠠᠯᠭᠠᠮᠵᠢᠯᠠᠭᠴᠢ ᠶᠢ ᠣᠨᠤᠪᠴᠢᠳᠠᠢ ᠰᠣᠩᠭᠤᠵᠤ ᠴᠢᠳᠠᠭᠰᠠᠨ | ᠶᠤᠮ᠃ ᠢᠩᠬᠢᠭᠡᠳ ᠴᠣᠷᠣᠰᠴᠣᠳ ᠤᠨ ᠲᠣᠳᠣᠭᠠᠳᠣ ᠰᠠᠮᠠᠭᠤᠷᠠᠯ ᠢ ᠲᠦᠪᠰᠢᠳᠬᠡᠵᠤ᠂ ᠵᠡᠭᠦᠨ ᠭᠠᠷ ᠤᠯᠤᠰ | ᠪᠠᠶᠢᠭᠤᠯᠤᠭᠳᠠᠬᠤ ᠳᠤ ᠰᠠᠭᠤᠷᠢ ᠲᠠᠯᠪᠢᠵᠤ ᠦᠭᠭᠦᠭᠰᠡᠨ ᠪᠤᠯᠬᠤᠷ ᠵᠡᠭᠦᠨ ᠭᠠᠷ ᠬᠠᠭᠠᠨᠳᠣ ᠣᠯᠤᠰ ᠤᠨ ᠬᠦᠨᠳᠦᠳᠬᠡᠯ | ᠲᠠᠢ ᠡᠬᠡ ᠪᠤᠯᠤᠭᠰᠠᠨ ᠶᠤᠮ᠃ ᠲᠡᠷᠡ ᠪᠤᠯ ᠲᠣᠷᠭᠤᠳ ᠤᠨ ᠱᠦᠭᠦᠷ ᠲᠠᠶᠢᠴᠢᠩ ᠤᠨ ᠦᠬᠢᠨ᠃ ᠴᠣᠷᠣᠰ ᠤᠨ | ᠪᠠᠭᠠᠳᠣᠷ ᠬᠤᠩ ᠲᠠᠶᠢᠵᠢ ᠲᠠᠢ ᠬᠤᠷᠢᠮᠯᠠᠵᠤ᠂ ᠲᠡᠭᠦᠨ ᠤ ᠬᠠᠶᠢᠷ᠎ᠠ ᠶᠢ ᠭᠦᠨ᠎ᠡ ᠤᠯᠤᠭᠰᠠᠨ ᠶᠤᠮ᠃ ᠭᠤᠴᠢᠨ | ᠵᠢᠷᠭᠤᠭ᠎ᠠ᠂ ᠠᠨᠤ ᠳ᠋ᠠᠷ᠎ᠠ ᠬᠠᠳᠣᠨ ᠠᠨᠤ ᠳ᠋ᠠᠷ᠎ᠠ ᠬᠠᠳᠣᠨ ᠪᠤᠯ ᠭᠤᠶᠤ ᠦᠵᠡᠰᠭᠦᠯᠡᠩ ᠮᠦᠷᠳᠡᠭᠡᠨ ᠴᠡᠷᠢᠭ ᠤᠨ | ᠡᠷᠳᠡᠮ ᠳᠤ ᠴᠠᠭᠠᠷᠠᠭᠰᠠᠨ ᠪᠠᠭᠠᠳᠣᠷ ᠡᠮᠡᠭᠳᠡᠢ ᠶᠤᠮ᠃ ᠲᠡᠷᠡ ᠭᠠᠯᠳᠠᠨ ᠪᠣᠱᠤᠭᠳᠣ ᠬᠠᠭᠠᠨ ᠢ ᠲᠠᠭᠠᠨ ᠣᠳᠠᠭᠠᠨ ᠵᠢᠯ | ᠲᠠᠶᠢᠨ ᠪᠠᠶᠢᠯᠳᠣᠭᠠᠨ ᠳᠤ ᠭᠠᠪᠰᠢᠭᠠᠶᠢᠯᠠᠨ ᠣᠷᠤᠯᠴᠠᠵᠤ᠂ ᠴᠡᠷᠢᠭ ᠠᠷᠠᠳ ᠤᠨ ᠲᠣᠳᠣᠷ᠎ᠠ ᠪᠠᠭᠠᠳᠣᠷ ᠡᠮᠡᠭᠳᠡᠢ ᠭᠡᠮᠡᠨ | ᠠᠯᠳᠠᠷᠰᠢᠵᠤ ᠪᠠᠶᠢᠵᠡᠢ᠃ ᠲᠡᠷᠡ ᠬᠠᠷᠪᠣᠬᠤ ᠨᠠᠮᠨᠠᠬᠤ ᠵᠡᠷᠭᠡ ᠵᠡᠪᠰᠡᠭ ᠤᠨ ᠡᠷᠳᠡᠮ ᠢ ᠴᠢᠳᠠᠮᠠᠭᠠᠢ ᠡᠵᠡᠮᠰᠢᠵᠤ | ᠪᠤᠳᠤᠯᠭ᠎ᠠ ᠴᠢᠳᠠᠪᠣᠷᠢ ᠶᠢᠨ ᠲᠠᠯ᠎ᠠ ᠪᠠᠷ ᠴᠦ ᠴᠢᠳᠠᠮᠠᠭᠠᠢ ᠪᠠᠶᠢᠵᠤ᠂ ᠲᠠᠶᠢᠨ ᠪᠠᠶᠢᠯᠳᠣᠭᠠᠨ ᠤ ᠠᠷᠭ᠎ᠠ ᠪᠣᠳᠤᠯᠭ᠎ᠠ ᠶᠢ | ᠲᠣᠭᠳᠠᠭᠠᠬᠤ᠂ ᠪᠠᠴᠢᠮ ᠪᠠᠶᠢᠳᠠᠯ ᠢ ᠠᠷᠭᠠᠴᠠᠭᠠᠬᠤ᠂ ᠰᠢᠳᠪᠤᠷᠢᠳᠣ ᠲᠣᠭᠳᠠᠭᠠᠯ ᠭᠠᠷᠭᠠᠬᠤ ᠳᠤ ᠢᠳᠡᠪᠬᠢᠳᠡᠢ | ᠣᠷᠤᠯᠴᠠᠵᠤ ᠰᠠᠨᠠᠯ ᠵᠦᠪᠯᠡᠯᠭᠡ ᠪᠠᠨ ᠲᠡᠪᠰᠢᠭᠦᠯᠵᠤ ᠪᠠᠶᠢᠭᠰᠡᠨ ᠪᠦᠭᠡᠳ ᠲᠠᠶᠢᠨ ᠪᠠᠶᠢᠯᠳᠣᠭᠠᠨ ᠢ ᠵᠢᠯᠤᠭᠤᠳᠬᠤ ᠳᠤ | ᠪᠠᠨ ᠴᠢᠳᠠᠮᠠᠭᠠᠢ ᠪᠠᠶᠢᠭᠰᠡᠨ᠃ ᠠᠨᠤ ᠳ᠋ᠠᠷ᠎ᠠ ᠬᠠᠳᠣᠨ ᠪᠤᠯ ᠬᠤᠱᠤᠳ ᠠᠶᠢᠮᠠᠭ ᠤᠨ ᠬᠦᠮᠦᠨ᠂ ᠬᠤᠱᠣᠳ ᠤᠨ | ᠸᠴᠢᠷᠳᠣ ᠴᠡᠴᠡᠨ ᠲᠠᠶᠢᠵᠢ ᠶᠢᠨ ᠬᠦᠤ ᠭᠠᠯᠳᠠᠮᠪᠠ ᠶᠢᠨ ᠦᠬᠢᠨ ᠪᠤᠯᠤᠨ᠎ᠠ᠃ ᠮᠤᠩᠭᠤᠯ ᠤᠨ ᠠᠯᠳᠠᠷᠳᠣ ᠢᠷᠠᠭᠤ | ᠨᠠᠶᠢᠷᠠᠭᠴᠢ ᠪᠢᠮᠪᠠᠵᠠᠪ ᠤᠨ ᠡᠩᠬᠡᠳᠣᠶᠠᠭᠠ ︿︿ᠠᠨᠤ ᠬᠠᠳᠣᠨ﹀﹀ ᠭᠡᠬᠦ ᠨᠢᠭᠡᠨ ᠠᠩᠭᠢ ᠰᠢᠯᠦᠭ ᠪᠢᠴᠢᠵᠤ᠂ ᠠᠨᠤ | ᠳ᠋ᠠᠷ᠎ᠠ ᠬᠠᠳᠤᠨ ᠢ ᠲᠣᠷᠠᠰᠬᠠᠨ ᠲᠡᠮᠳᠡᠭᠯᠡᠭᠰᠡᠨ ᠶᠤᠮ᠄ ︿︿ | ᠰᠢᠨ᠎ᠡ ᠶᠢᠨ ᠰᠠᠷ᠎ᠠ ᠰᠢᠭ ᠠᠨᠤ ᠬᠠᠳᠣᠨ | ᠰᠢᠷᠭᠢᠬᠦ ᠨᠠᠭᠤᠷ ᠤᠨ ᠠᠯᠳᠠᠨ ᠵᠢᠷᠭᠠᠬᠠᠢ | ᠬᠤᠷᠮᠤᠰᠳᠠ ᠶᠢᠨ ᠦᠬᠢᠨ ᠰᠢᠭ ᠠᠨᠤ ᠬᠠᠳᠣᠨ | ᠬᠤᠭᠤᠷᠠᠭᠰᠠᠨ ᠮᠦᠴᠢᠷ ᠤᠨ ᠨᠢᠯᠬ᠎ᠠ ᠴᠡᠴᠡᠭ | ᠡᠷᠡᠬᠡᠢ ᠬᠤᠷᠤᠭᠤ ᠪᠠᠨ ᠡᠪᠡᠷᠰᠢᠳᠡᠯᠡ | ᠡᠪᠡᠷ ᠨᠤᠮᠤ ᠡᠪᠰᠢᠶᠡᠯᠭᠡᠵᠤ ᠶᠠᠪᠣᠭᠰᠠᠨ | ᠡᠩᠭᠡᠰᠭᠡᠳᠣ ᠬᠠᠴᠠᠷ ᠢᠶᠠᠨ ᠲᠣᠯᠢᠳᠠᠬᠤ ᠵᠠᠪ ᠦᠭᠡᠢ | ᠡᠮᠡᠭᠡᠯ ᠤᠨ ᠪᠦᠭᠦᠷᠭᠡ ᠳᠤ ᠲᠣᠭᠭᠢᠵᠤ ᠶᠠᠪᠤᠭᠰᠠᠨ | ᠣᠷᠭᠤᠬᠤ ᠨᠠᠷᠠᠨ ᠰᠢᠭ ᠠᠨᠤ ᠬᠠᠳᠣᠨ | ᠣᠨᠳᠠᠷᠠᠬᠤ ᠭᠠᠯ ᠤᠨ ᠰᠢᠨᠡᠬᠡᠨ ᠬᠡᠰᠢᠭᠦᠤ | ᠡᠷᠡᠮᠡᠭ ᠵᠣᠷᠢᠮᠠᠭ ᠠᠨᠤ ᠬᠠᠳᠣᠨ | ᠡᠮᠳᠡᠷᠡᠭᠦ ᠬᠠᠳᠠᠨ ᠤ ᠪᠤᠯᠤᠷ ᠲᠠᠯᠠᠰᠳᠣ | ᠦᠬᠦᠯ ᠤᠨ ᠲᠠᠮᠠᠭ᠎ᠠ ᠲᠠᠢ ᠭᠠᠯᠳᠠᠨ ᠪᠣᠱᠣᠭᠳᠣ ᠳᠤ | ᠦᠢᠯᠡ ᠪᠠᠷ ᠬᠠᠨᠢᠯᠠᠭᠰᠠᠨ ᠦᠵᠡᠰᠭᠦᠯᠡᠩ ᠭᠤᠸ᠎ᠠ | ᠦᠳᠡᠯᠦᠭᠡᠳ ᠮᠣᠷᠳᠠᠬᠤ ᠬᠤᠷᠸ᠎ᠠ ᠶᠢᠨ ᠪᠠᠭᠤᠳᠠᠯ ᠳᠤ | ᠦᠯᠢᠭᠡᠷ ᠰᠢᠭ ᠦᠩᠭᠡᠷᠡᠭᠰᠡᠨ ᠮᠤᠩᠭᠤᠯᠵᠢᠨ ᠭᠤᠸ᠎ᠠ | ᠬᠠᠯᠬ᠎ᠠ ᠦᠢᠷᠠᠳ ᠤᠨ ᠡᠪ ᠬᠠᠭᠠᠷᠠᠬᠤ ᠳᠤ | ᠬᠠᠪᠴᠢᠯ ᠳᠤᠨᠢ ᠣᠨᠠᠭᠰᠠᠨ ᠬᠠᠳᠣᠨ ᠭᠤᠸ᠎ᠠ | ᠢᠰᠡᠭᠡᠢ ᠭᠦᠷᠦᠨ ᠤ ᠲᠡᠤᠬᠡ ᠶᠢᠨ ᠨᠡᠭᠦᠳᠡᠯ ᠳᠤ | ᠡᠮᠡᠭᠡᠯ ᠲᠡᠭᠡᠷ᠎ᠡ ᠬᠠᠯᠢᠭᠰᠠᠨ ᠮᠤᠩᠭᠤᠯᠵᠢᠨ ᠭᠤᠸ᠎ᠠ | ᠦᠨᠳᠡᠭᠡ ᠪᠠᠨ ᠲᠠᠷᠣᠵᠤ ᠴᠢᠳᠠᠭ᠎ᠠ ᠦᠭᠡᠢ | ᠦᠳᠣ ᠨᠢ ᠪᠣᠳᠠᠷᠠᠭᠰᠠᠨ ᠬᠤᠨ ᠠᠪᠠᠭ᠋ᠠᠢ | ᠦᠷ᠎ᠡ ᠪᠠᠨ ᠲᠡᠪᠡᠷᠢᠭᠡᠳ ᠪᠣᠴᠠᠭᠰᠠᠨ | ᠦᠷᠯᠦᠭ ᠲᠡᠤᠬᠡ ᠶᠢᠨ ᠬᠠᠳᠣᠨ ᠠᠪᠠᠭ᠋ᠠᠢ﹀﹀ ᠭᠡᠮᠡᠨ ᠲᠡᠭᠦᠨ ᠤ ᠰᠦᠭ ᠰᠦᠨᠡᠰᠣ ᠶᠢ ᠲᠠᠶᠢᠵᠤ ᠪᠢᠯᠡ᠃ |