ᠮᠠᠥ ᠽᠧ ᠳ᠋ᠦᠩ ᠤᠨ ᠬᠤᠶᠠᠷ ᠠᠭᠤᠤ ᠶᠡᠭᠡ ᠪᠤᠳᠤᠯᠭ᠎ᠠ
ᠨᠡᠶᠢᠲᠡᠯᠡᠭᠰᠡᠨ ᠴᠠᠭ᠄
2017/2/14
      ᠮᠠᠥ ᠽᠧ ᠳ᠋ᠦᠩ ᠤᠨ ᠠᠭᠤᠤ ᠶᠡᠭᠡ ᠪᠤᠳᠤᠯᠭ᠎ᠠ ᠪᠤᠯ ᠬᠡᠳᠦ ᠠᠷᠪᠢᠨ ᠪᠠᠶᠢᠨ᠎ᠠ᠃ ᠡᠶᠢᠮᠦ ᠳᠡᠭᠡᠨ ᠮᠠᠥ ᠽᠧ ᠳ᠋ᠦᠩ ᠪᠤᠯ ᠶᠠᠭ ᠨᠢᠭᠡᠨ ᠨᠡᠷᠡᠲᠦ ᠶᠡᠭᠡ ᠰᠤᠷᠭᠠᠭᠤᠯᠢ ᠰᠢᠭ᠋᠂ ᠡᠰᠡᠭᠦᠯ᠎ᠡ ᠶᠠᠭ ᠨᠢᠭᠡᠨ ᠲᠤᠮᠤ ᠨᠤᠮ ᠤᠨ ᠰᠠᠩ ᠰᠢᠭ᠋ ᠪᠢᠳᠡᠨ ᠳᠤ ᠡᠴᠢᠨ᠎ᠡ ᠭᠦᠨ᠂ ᠮᠡᠲᠡᠬᠦᠶ᠎ᠡ ᠪᠡᠷᠬᠡ ᠪᠠᠶᠢᠳᠠᠭ᠃ ᠠᠳᠡ ᠵᠦᠪᠬᠡᠨ ᠲᠡᠭᠦᠨ ᠤ ᠬᠤᠶᠠᠷ ᠠᠭᠤᠤ ᠶᠡᠭᠡ ᠪᠤᠳᠤᠯᠭ᠎ᠠ ᠶᠢ ᠨᠢ ᠤᠯᠠᠨ ᠲᠠᠢ ᠬᠠᠮᠲᠤ ᠬᠤᠪᠢᠶᠠᠯᠴᠠᠬᠤ ᠭᠡᠰᠡᠨ ᠶᠤᠮ᠃          ᠨᠢᠭᠡ᠂ ᠭᠤᠷᠪᠠᠨ ᠶᠢᠷᠳᠢᠨᠴᠦ         ᠨᠢᠭᠡᠳᠦᠭᠡᠷ ᠶᠢᠷᠳᠢᠨᠴᠦ ᠪᠤᠯ ᠳᠡᠰ ᠠᠴᠠ ᠳᠠᠪᠠᠭᠰᠠᠨ ᠶᠡᠭᠡ ᠤᠯᠤᠰ᠂ ᠳᠠᠷᠤᠢ ᠠᠮᠧᠷᠢᠺᠠ᠂ ᠵᠦᠪᠯᠡᠯᠲᠦ ᠬᠤᠯᠪᠤᠭᠠᠲᠤ ᠬᠤᠶᠠᠷ ᠤᠯᠤᠰ᠃ ᠬᠤᠶᠠᠳᠤᠭᠠᠷ ᠶᠢᠷᠳᠢᠨᠴᠦ ᠪᠤᠯ ᠦᠷᠦᠨᠡᠳᠡᠬᠢᠨ ᠤ ᠬᠦᠭᠵᠢᠭᠰᠡᠨ ᠤᠯᠤᠰ᠂ ᠳᠠᠷᠤᠢ ᠠᠩᠯᠢ᠂ ᠹᠷᠠᠨᠼᠢ᠂ ᠭᠧᠷᠮᠠᠨ᠂ ᠶᠠᠫᠤᠨ ᠁ ᠮᠡᠲᠤ ᠶᠢᠨ ᠤᠯᠤᠰ᠃ ᠭᠤᠷᠪᠠᠳᠤᠭᠠᠷ ᠶᠢᠷᠳᠢᠨᠴᠦ ᠪᠤᠯ ᠬᠦᠭᠵᠢᠵᠦ ᠪᠠᠶᠢᠭ᠎ᠠ ᠤᠯᠤᠰ᠂ ᠳᠠᠷᠤᠢ ᠳᠤᠮᠳᠠᠳᠤ ᠤᠯᠤᠰ᠂ ᠰᠤᠯᠤᠩᠭᠤᠰ᠂ ᠡᠨᠡᠳᠬᠡᠭ᠂ ᠁ ᠠᠹᠷᠢᠺᠠ ᠲᠢᠪ ᠤᠨ ᠤᠯᠠᠩᠬᠢ ᠤᠯᠤᠰ ᠢ ᠪᠠᠭᠲᠠᠭᠠᠭᠰᠠᠨ ᠨᠢᠭᠡᠳᠦᠭᠡᠷ ᠶᠢᠷᠳᠢᠨᠴᠦ ᠪᠤᠯᠤᠨ ᠬᠤᠶᠠᠳᠤᠭᠠᠷ ᠶᠢᠷᠳᠢᠨᠴᠦ ᠶᠢ ᠪᠠᠭᠲᠠᠭᠠᠭᠰᠠᠨ ᠦᠭᠡᠢ ᠪᠤᠰᠤᠳ ᠪᠤᠢ ᠪᠦᠬᠦᠢ ᠤᠯᠤᠰ ᠢ ᠬᠡᠯᠡᠵᠦ ᠪᠠᠶᠢᠨ᠎ᠠ᠃          ᠲᠡᠭᠡᠭᠡᠳ ᠭᠤᠷᠪᠠᠳᠤᠭᠠᠷ ᠶᠢᠷᠳᠢᠨᠴᠦ ᠶᠢᠨ ᠤᠯᠤᠰ ᠬᠠᠷᠢᠯᠴᠠᠨ ᠬᠤᠯᠪᠤᠭᠠᠯᠠᠨ᠂ ᠡᠵᠡᠷᠬᠡᠭ ᠳᠦᠷᠢᠮᠡᠬᠡᠢ ᠦᠵᠡᠯ ︵ᠬᠦᠭᠵᠢᠭᠰᠡᠨ ᠤᠯᠤᠰ ᠤᠨ ᠳᠦᠷᠢᠮᠡᠬᠡᠢ ᠦᠵᠡᠯ︶ ᠢ ᠴᠤᠬᠢᠨ ᠤᠨᠠᠭᠠᠬᠤ ᠪᠠᠷ ᠤᠷᠢᠶᠠᠯᠠᠨ᠂ ᠬᠦᠭᠵᠢᠭᠰᠡᠨ ᠤᠯᠤᠰ ᠤᠨᠴᠠᠭᠠᠶᠢᠯᠠᠨ ᠠᠮᠧᠷᠢᠺᠠ ᠤᠯᠤᠰ ᠢ ᠳᠡᠯᠡᠬᠡᠢ ᠳ᠋ᠠᠬᠢᠨ ᠳᠤ ᠭᠠᠭᠴᠠᠭᠠᠷᠳᠠᠯ ᠤᠴᠠᠷᠠᠭᠤᠯᠤᠨ᠂ ᠪᠠᠰᠠ ᠠᠮᠧᠷᠢᠺᠠ ᠶᠢᠨ ᠬᠠᠷ᠎ᠠ ᠠᠷᠠᠰᠤᠲᠠᠨ ᠤ ᠤᠳᠤᠷᠢᠳᠤᠯᠭ᠎ᠠ ᠲᠠᠢ ᠬᠤᠯᠪᠤᠭᠠᠯᠠᠨ ᠠᠮᠧᠷᠢᠺᠠ ᠶᠢᠨ ᠵᠠᠰᠠᠭ ᠲᠦᠷᠦ ᠶᠢ ᠮᠦᠬᠦᠭᠡᠬᠦ ᠭᠡᠵᠦ ᠰᠦᠷᠳᠡᠭᠦᠯᠦᠭᠰᠡᠨ ᠪᠠᠶᠢᠨ᠎ᠠ᠃          ᠳᠠᠷᠤᠢ ᠮᠠᠥ ᠽᠧ ᠳ᠋ᠦᠩ ᠪᠤᠯ ᠪᠦᠬᠦ ᠳᠡᠯᠡᠭᠡᠢ ᠶᠢᠨ ᠦᠭᠡᠶᠢᠭᠦᠦᠴᠤᠳ ᠬᠠᠮᠲᠤᠪᠠᠷ ᠪᠤᠰᠤᠯᠴᠠᠬᠤ ᠶᠢ ᠤᠷᠢᠶᠠᠯᠠᠨ᠂ ᠪᠤᠳᠠᠲᠠᠢ ᠳᠤ ᠪᠡᠶᠡᠯᠡᠭᠦᠯᠬᠦ ᠪᠠᠷ ᠴᠢᠷᠮᠠᠶᠢᠨ᠂ ᠡᠵᠡᠷᠬᠡᠭ ᠳᠦᠷᠢᠮᠡᠬᠡᠢ ᠤᠯᠤᠰ ᠢ ᠦᠨᠦᠴᠢᠷᠡᠮᠡᠯ ᠪᠠᠶᠢᠳᠠᠯ  ᠳᠤ ᠤᠷᠤᠭᠤᠯᠤᠨ᠂ ᠳᠤᠮᠳᠠᠳᠤ ᠤᠯᠤᠰ ᠢ ᠪᠦᠬᠦ ᠳᠡᠯᠡᠭᠡᠢ ᠶᠢᠨ ᠲᠦᠪ ᠪᠤᠯᠭᠠᠭᠰᠠᠨ ᠪᠠᠶᠢᠨ᠎ᠠ᠃ ᠶᠠᠭ ᠡᠶᠢᠮᠦ ᠠᠴᠠ᠂ ᠲᠡᠷᠡ ᠦᠶᠡᠰ ᠳᠡᠯᠡᠬᠡᠢ ᠶᠢᠨ ᠤᠯᠠᠨ ᠤᠯᠤᠰ ᠨᠢ ᠳᠤᠮᠳᠠᠳᠤ ᠤᠯᠤᠰ ᠲᠠᠢ ᠬᠦᠳᠦᠯᠦᠩᠭᠦᠢ ᠪᠠᠷ ᠬᠠᠷᠢᠴᠠᠭ᠎ᠠ ᠪᠠᠶᠢᠭᠤᠯᠤᠨ᠂ ᠬᠦᠭᠵᠢᠭᠰᠡᠨ ᠤᠯᠤᠰ ᠤᠨᠴᠠᠭᠠᠶᠢᠯᠠᠨ ᠠᠮᠧᠷᠢᠺᠠ ᠤᠯᠤᠰ ᠨᠢ ᠬᠦᠳᠦᠯᠦᠩᠭᠦᠢ ᠪᠠᠷ ᠳᠤᠮᠳᠠᠳᠤ ᠠᠮᠧᠷᠢᠺᠠ ᠶᠢᠨ ᠰᠢᠨ᠎ᠡ ᠬᠠᠷᠢᠴᠠᠭ᠎ᠠ  ᠶᠢ ᠪᠠᠶᠢᠭᠤᠯᠤᠭᠰᠠᠨ ᠪᠠᠶᠢᠨ᠎ᠠ᠃          ᠲᠡᠷᠡ ᠦᠶᠡᠰ᠂ ᠳᠤᠮᠳᠠᠳᠤ ᠤᠯᠤᠰ ᠨᠢ ᠳᠡᠯᠡᠭᠡᠢ ᠳᠤ ᠬᠠᠮᠤᠭ ᠠᠷᠪᠢᠨ ᠵᠢᠩᠬᠢᠨᠢ ᠨᠠᠶᠢᠵᠠ ᠲᠠᠢ ᠪᠠᠶᠢᠭᠰᠠᠨ ᠶᠤᠮ᠃ ᠲᠡᠶᠢᠮᠦ ᠳᠡᠭᠡᠨ ᠲᠡᠳᠡᠭᠡᠷ ᠨᠠᠶᠢᠵᠠ᠂ ᠤᠨᠴᠠᠭᠠᠶᠢᠯᠠᠨ ᠠᠹᠷᠢᠺᠠ ᠲᠢᠪ ᠤᠨ ᠶᠠᠳᠠᠭᠤ ᠨᠠᠶᠢᠵᠠ ᠨᠠᠷ ᠤᠨ ᠰᠠᠶᠢᠨ ᠢᠶᠠᠷ ᠳᠤᠮᠳᠠᠳᠤ ᠤᠯᠤᠰ ᠨᠢ ᠤᠯᠠᠨ ᠤᠯᠤᠰ ᠤᠨ ᠬᠤᠯᠪᠤᠭᠠᠲᠤ ᠪᠠᠶᠢᠭᠤᠯᠤᠭ᠎ᠠ ᠳᠤ ᠤᠯᠵᠤ ᠤᠷᠤᠭᠰᠠᠨ ᠪᠠᠶᠢᠨ᠎ᠠ᠃ ᠡᠳᠡᠭᠡᠷ ᠪᠤᠯ ᠪᠦᠷ ᠯᠠ ᠮᠠᠥ ᠽᠧ ᠳ᠋ᠦᠩ ᠤᠨ ᠬᠤᠪᠢ ᠬᠦᠮᠦᠨ ᠤ ᠤᠷ᠎ᠠ ᠴᠢᠳᠠᠪᠤᠷᠢ᠂ ᠠᠭᠤᠤ ᠶᠡᠭᠡ ᠪᠤᠳᠤᠯᠭ᠎ᠠ ᠠᠴᠠ ᠪᠤᠯᠤᠭᠰᠠᠨ ᠶᠤᠮ᠃             ᠬᠤᠶᠠᠷ᠂ ᠭᠤᠷᠪᠠᠨ ᠱᠤᠭᠤᠮ          ᠭᠤᠷᠪᠠᠨ ᠱᠤᠭᠤᠮ ᠤᠨ ᠪᠦᠲᠦᠭᠡᠨ ᠪᠠᠶᠢᠭᠤᠯᠤᠯᠲᠠ ᠪᠤᠯ ᠲᠤᠬᠠᠢ ᠶᠢᠨ ᠦᠶᠡᠰ᠂ ᠮᠠᠥ ᠽᠧ ᠳ᠋ᠦᠩ ᠠᠴᠠ ᠤᠯᠤᠰ ᠤᠨ ᠪᠠᠲᠤᠯᠠᠨ ᠬᠠᠮᠠᠭᠠᠯᠠᠯᠲᠠ ᠪᠤᠯᠤᠨ ᠠᠵᠤ ᠠᠬᠤᠢ ᠶᠢᠨ ᠪᠦᠲᠦᠭᠡᠨ ᠪᠠᠶᠢᠭᠤᠯᠤᠯᠲᠠ ᠳᠤ ᠠᠪᠤᠭᠰᠠᠨ ᠰᠢᠢᠳᠪᠦᠷᠢ ᠪᠤᠳᠤᠯᠭ᠎ᠠ ᠮᠥᠨ᠃ ᠡᠨᠡᠬᠦ ᠰᠢᠢᠳᠪᠦᠷᠢ ᠪᠤᠳᠤᠯᠭ᠎ᠠ ᠨᠢ ᠳᠤᠮᠳᠠᠳᠤ ᠤᠯᠤᠰ ᠤᠨ ᠠᠵᠤ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠪᠠᠶᠢᠷᠢᠯᠠᠭᠤᠯᠤᠯᠲᠠ ᠶᠢ ᠦᠭᠡᠷᠡᠴᠢᠯᠡᠨ᠂ ᠪᠠᠷᠠᠭᠤᠨ ᠬᠡᠰᠡᠭ ᠤᠷᠤᠨ ᠳᠤ ᠨᠢᠭᠡ ᠪᠦᠯᠦᠭ ᠰᠢᠨ᠎ᠡ ᠪᠠᠷ ᠮᠠᠨᠳᠤᠭᠰᠠᠨ ᠠᠵᠤ ᠦᠢᠯᠡᠳᠪᠦᠷᠢ ᠶᠢᠨ ᠬᠤᠲᠠ ᠪᠠᠶᠢᠭᠤᠯᠤᠭᠳᠠᠵᠤ᠂ ᠤᠯᠤᠰ ᠤᠨ ᠪᠠᠲᠤᠯᠠᠨ ᠬᠠᠮᠠᠭᠠᠯᠠᠯᠲᠠ ᠴᠢᠩᠭᠠᠷᠠᠵᠤ᠂ ᠤᠯᠤᠰ ᠳᠠᠶᠠᠭᠠᠷ ᠬᠠᠲᠠᠭᠤᠵᠢᠯᠲᠠᠢ ᠲᠡᠮᠡᠴᠡᠬᠦ ᠬᠤᠪᠢᠰᠬᠠᠯᠲᠤ ᠵᠤᠷᠢᠭ ᠰᠠᠨᠠᠭ᠎ᠠ ᠶᠢ  ᠬᠦᠮᠦᠵᠢᠭᠦᠯᠦᠭᠰᠡᠨ ᠪᠠᠶᠢᠨ᠎ᠠ᠃  ᠶᠠᠮᠠᠷ ᠨᠢᠭᠡᠨ ᠤᠳᠬ᠎ᠠ ᠠᠭᠤᠯᠭ᠎ᠠ ᠠᠴᠠ ᠦᠵᠡᠪᠡᠯ᠂ ᠭᠤᠷᠪᠠᠨ ᠱᠤᠭᠤᠮ ᠤᠨ ᠪᠦᠲᠦᠭᠡᠨ ᠪᠠᠶᠢᠭᠤᠯᠤᠯᠲᠠ ᠪᠤᠯ ᠤᠳᠤ ᠶᠢᠨ ᠦᠭᠡᠷᠡᠴᠢᠯᠡᠯᠲᠡ ᠳᠤ ᠠᠮᠤᠷ ᠲᠦᠪᠰᠢᠨ ᠢ ᠪᠠᠲᠤᠯᠠᠬᠤ ᠪᠤᠯᠤᠨ ᠡᠳ᠋ ᠪᠤᠳᠠᠰ ᠤᠨ ᠨᠦᠭᠦᠴᠡᠯ ᠢ ᠬᠠᠩᠭᠠᠵᠤ ᠦᠭᠭᠦᠭᠰᠡᠨ ᠶᠤᠮ᠃            ᠲᠡᠥᠬᠡ ᠭᠡᠷᠡᠴᠢᠯᠡᠭᠰᠡᠨ ᠨᠢ᠄ ᠮᠠᠥ ᠽᠧ ᠳ᠋ᠦᠩ ᠤᠨ ᠭᠤᠷᠪᠠᠨ ᠱᠤᠭᠤᠮ ᠤᠨ ᠠᠭᠤᠤ ᠶᠡᠭᠡ ᠪᠤᠳᠤᠯᠭ᠎ᠠ ᠨᠢ ᠤᠯᠤᠰ ᠤᠨ ᠪᠠᠲᠤᠯᠠᠨ ᠬᠠᠮᠠᠭᠠᠯᠠᠯᠲᠠ ᠪᠤᠯᠤᠨ ᠭᠠᠵᠠᠷ ᠤᠷᠤᠨ ᠤ ᠬᠤᠭᠤᠷᠤᠨᠳᠤᠬᠢ ᠠᠵᠤ ᠠᠬᠤᠢ ᠶᠢᠨ ᠬᠦᠭᠵᠢᠯᠲᠡ ᠶᠢ ᠬᠤᠯᠪᠤᠭᠰᠠᠨ ᠨᠢᠭᠡᠨ ᠠᠭᠤᠤ ᠶᠡᠭᠡ ᠰᠢᠢᠳᠪᠦᠷᠢ ᠪᠤᠳᠤᠯᠭ᠎ᠠ ᠮᠥᠨ᠃          ᠦᠨᠦᠳᠦᠷ᠂ ᠪᠢᠳᠡ ᠪᠦᠷ ᠯᠠ ᠮᠠᠥ ᠽᠧ ᠳ᠋ᠦᠩ ᠤᠨ ᠰᠠᠭᠤᠷᠢ ᠲᠠᠯᠪᠢᠵᠤ ᠦᠭᠭᠦᠭᠰᠡᠨ ᠬᠡᠰᠢᠭ ᠪᠤᠶᠠᠨ ᠳᠡᠭᠡᠷ᠎ᠡ ᠦᠭᠡᠷᠡᠴᠢᠯᠡᠯᠲᠡ ᠬᠢᠭᠡᠳ ᠠᠮᠵᠢᠯᠲᠠ ᠤᠯᠵᠤ ᠪᠠᠶᠢᠨ᠎ᠠ᠃ ᠬᠡᠷᠪᠡ ᠡᠭᠦᠨ ᠢ ᠰᠡᠷᠡᠵᠦ ᠮᠡᠳᠡᠬᠦ ᠦᠭᠡᠢ ᠪᠠᠷ ᠮᠠᠥ ᠽᠧ ᠳ᠋ᠦᠩ ᠢ ᠭᠦᠳᠭᠡᠨ ᠮᠠᠭᠤᠯᠠᠵᠤ ᠪᠠᠶᠢᠬᠤ ᠨᠢ ᠦᠨᠡᠨᠳᠡᠭᠡᠨ ᠪᠡᠶ᠎ᠡ ᠪᠠᠨ ᠮᠡᠳᠡᠬᠦ ᠦᠭᠡᠢ᠂ ᠶᠠᠰᠤ ᠦᠭᠡᠢ ᠬᠤᠷᠤᠬᠠᠢ ᠰᠢᠮᠠᠭᠤᠯ ᠤᠨ ᠦᠢᠯᠡᠳᠴᠦ ᠪᠠᠶᠢᠬᠤ ᠬᠡᠷᠡᠭ ᠮᠥᠨ︕ ᠶᠠᠭ ᠲᠡᠳᠡ ᠪᠤᠯ ᠰᠤᠷᠭᠠᠨ ᠬᠦᠮᠦᠵᠢᠯ ᠤᠨ ᠤᠷᠪᠠᠭᠴᠢ᠂ ᠨᠡᠶᠢᠭᠡᠮ ᠤᠨ ᠶᠤᠰᠤ ᠮᠤᠷᠠᠯ ᠢ ᠮᠠᠭᠤᠵᠢᠷᠠᠭᠤᠯᠵᠤ ᠪᠠᠶᠢᠬᠤ ᠭᠤᠤᠯ ᠡᠲᠡᠭᠡᠳ᠂ ᠨᠠᠮ ᠵᠠᠰᠠᠭ ᠠᠴᠠ ᠠᠷᠢᠯᠭᠠᠬᠤ ᠭᠡᠵᠦ ᠪᠠᠶᠢᠬᠤ ᠢᠯᠠᠭ᠎ᠠ ᠪᠠᠲᠠᠭᠠᠨ᠎ᠠ ᠮᠥᠨ᠃                            
 
ᠢᠷᠡᠯᠲᠡ᠄ ᠨᠤᠮᠤ ᠶᠢᠨ ᠬᠤᠯᠪᠤᠭᠠᠨ ᠪᠦᠷᠬᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号