ᠫᠠᠷᠵᠢ
ᠨᠡᠶᠢᠲᠡᠯᠡᠭᠰᠡᠨ ᠴᠠᠭ᠄
2017/2/14
          ᠵᠠᠷᠢᠮ ᠭᠠᠵᠠᠷ ᠲᠤ ᠫᠠᠷᠵᠢ ᠶᠢ ᠪᠠᠰᠠ ᠪᠠᠵᠢ ᠬᠡᠬᠦ ᠪᠣᠶᠣ ᠫᠠᠵᠢ ᠭᠡᠳᠡᠭ᠃ ᠪᠢᠯᠢᠭ ᠤᠨ ᠣᠯᠠᠷᠢᠯ ᠤᠨ ᠯᠠ ᠰᠠᠷ᠎ᠠ ᠶᠢᠨ ᠬᠤᠷᠢᠨ ᠭᠤᠷᠪᠠᠨ ᠠᠴᠠ ᠴᠠᠭᠠᠨ ᠰᠠᠷ᠎ᠠ ᠶᠢᠨ ᠠᠷᠪᠠᠨ ᠳᠠᠪᠣᠨ ᠪᠣᠯᠳᠠᠯ᠎ᠠ ᠭᠡᠷ ᠢᠶᠠᠷ ᠢᠶᠠᠨ ᠪᠣᠶᠣ ᠬᠡᠳᠦᠨ ᠭᠡᠷ ᠢᠶᠠᠷ ᠢᠶᠠᠨ ᠨᠡᠶᠢᠯᠡᠨ ᠰᠠᠭᠤᠭᠠᠳ ᠨᠠᠭᠠᠳᠳᠠᠭ ᠨᠠᠭᠠᠳᠣᠮ ᠤᠨ ᠨᠢᠭᠡ ᠵᠦᠢᠯ᠃ ᠫᠠᠷᠵᠢ ᠨᠠᠭᠠᠳᠬᠤ ᠶᠢ  ᠪᠠᠰᠠ ᠫᠠᠷᠵᠢ ᠬᠠᠶᠠᠬᠤ ᠭᠡᠳᠡᠭ᠃ ᠫᠠᠷᠵᠢ ᠳᠣᠭᠯᠠᠭᠠᠮ ᠨᠢ ᠫᠠᠷᠵᠢ᠂ ᠫᠠᠷᠵᠢ ᠶᠢᠨ ᠬᠦᠯᠭᠡ᠂ ᠫᠠᠷᠵᠢ ᠶᠢᠨ ᠪᠣᠬ᠎ᠠ ︵ᠫᠠᠷᠵᠢ ᠶᠢᠨ ᠨᠣᠬᠠᠢ ᠴᠦ ᠭᠡᠳᠡᠭ︶ ᠵᠡᠷᠭᠡ ᠪᠠᠷ ᠪᠦᠷᠢᠯᠳᠦᠳᠡᠭ᠃            ᠳᠦᠷᠪᠡᠨ ᠡᠭᠦᠳᠡ ᠲᠠᠢ ᠳᠣᠨᠣᠯᠵᠢᠭᠤᠯᠣᠨ ᠵᠢᠷᠣᠭᠰᠠᠨ ᠢ ᠳᠣᠨᠣᠯᠵᠢᠨ ᠬᠦᠯᠭᠡ᠂ ᠡᠪᠭᠡᠮᠡᠯ ᠬᠦᠯᠭᠡ ᠭᠡᠳᠡᠭ᠃ ᠳᠣᠨᠣᠯᠵᠢᠨ ᠬᠦᠯᠭᠡ ᠪᠣᠯ ᠭᠤᠣᠯ ᠳᠣᠮᠳᠠ ᠪᠠᠨ ᠮᠠᠩᠭᠤᠰ ᠤᠨ ᠠᠮᠠ ᠬᠡᠬᠦ ᠫᠠᠷᠵᠢ ᠪᠣᠯᠣᠨ ᠪᠣᠬ᠎ᠠ ᠬᠠᠪᠳᠠᠭᠠᠯᠠᠨ ᠬᠠᠳᠠᠭᠠᠯᠠᠬᠤ ᠣᠭᠤᠳᠠ ᠲᠠᠢ ᠪᠠᠶᠢᠳᠠᠭ᠃ ᠫᠠᠷᠵᠢ ᠶᠢᠨ ᠳᠣᠨᠣᠯᠵᠢᠨ ᠬᠦᠯᠭᠡ  ᠶᠡᠷᠡᠨ ᠵᠢᠷᠭᠤᠭᠠᠨ ᠳᠡᠭᠰᠢ ᠳᠦᠷᠪᠡᠯᠵᠢᠨ ᠰᠠᠭᠤᠳᠠᠯ ᠢᠶᠠᠷ ᠪᠦᠷᠢᠯᠳᠦᠳᠡᠭ᠃ ᠳᠣᠨᠣᠯᠵᠢᠨ ᠬᠦᠯᠭᠡ ᠪᠣᠯ ᠳᠣᠨᠣᠯᠵᠢᠨ ᠬᠡᠯᠪᠡᠷᠢ ᠪᠠᠷ ᠳᠦᠷᠪᠡᠨ ᠳᠡᠰᠢ ᠭᠠᠷᠣᠭᠰᠠᠨ ᠳᠦᠷᠪᠡᠨ ᠡᠭᠦᠳᠡ ᠲᠠᠢ᠂ ᠡᠭᠦᠳᠡ ᠪᠦᠷᠢ ᠠᠴᠠ ᠭᠠᠳᠠᠭᠰᠢ ᠭᠤᠷᠪᠠᠨ ᠮᠦᠷ ᠢᠶᠠᠷ ᠴᠣᠩᠬᠤᠴᠢᠯᠠᠨ ᠭᠠᠷᠣᠭᠰᠠᠨ ᠬᠤᠷᠢᠨ ᠳᠦᠷᠪᠡᠨ ᠳᠦᠷᠪᠡᠯᠵᠢ ᠰᠠᠭᠤᠳᠠᠯ ᠲᠠᠢ ᠪᠦᠭᠡᠳ ᠡᠨᠡ ᠬᠦ ᠬᠤᠷᠢᠨ ᠳᠦᠷᠪᠡᠨ ᠰᠠᠭᠤᠳᠠᠯ ᠤᠨ ᠭᠠᠳᠠᠷ ᠬᠤᠶᠠᠷ ᠮᠦᠷ ᠤᠨ ᠠᠷᠪᠠᠨ ᠵᠢᠷᠭᠤᠭᠠᠨ ᠰᠠᠭᠤᠳᠠᠯ ᠤᠨ ᠬᠠᠮᠤᠭ ᠢᠵᠠᠭᠤᠷ ᠤᠨ ᠰᠠᠭᠤᠳᠠᠯ ᠢ ᠰᠣᠭᠤ᠂ ᠳᠡᠭᠦᠨ ᠤ ᠳᠠᠷᠠᠭᠠᠬᠢ ᠰᠠᠭᠤᠳᠠᠯ ᠢ ᠳᠠᠮᠠᠷᠣ ᠬᠤᠭᠤᠷᠣᠨᠳᠣ᠂ ᠳᠡᠭᠦᠨ ᠤ ᠳᠠᠷᠠᠭᠠᠬᠢ ᠰᠠᠭᠤᠳᠠᠯ ᠢ ᠳᠠᠮᠠᠷᠣ᠂ ᠳᠡᠭᠦᠨ ᠤ ᠳᠠᠷᠠᠭᠠᠬᠢ ᠰᠠᠭᠤᠳᠠᠯ ᠢ ᠬᠦᠨᠳᠡᠢ᠂ ᠳᠡᠭᠦᠨ ᠤ ᠳᠠᠷᠠᠭᠠᠬᠢ ᠰᠠᠭᠤᠳᠠᠯ ᠢ ᠪᠠᠬᠢ᠂  ᠳᠡᠭᠦᠨ ᠤ ᠳᠠᠷᠠᠭᠠᠬᠢ ᠰᠠᠭᠤᠳᠠᠯ ᠢ ᠪᠠᠬᠢ ᠬᠤᠭᠤᠷᠣᠨᠳᠣ᠂ ᠳᠡᠭᠦᠨ ᠤ ᠳᠠᠷᠠᠭᠠᠬᠢ ᠰᠠᠭᠤᠳᠠᠯ ᠢ ᠨᠢᠳᠦ᠂ ᠳᠡᠭᠦᠨ ᠤ ᠳᠠᠷᠠᠭᠠᠬᠢ ᠰᠠᠭᠤᠳᠠᠯ ᠢ ᠰᠡᠡᠴᠢᠭ᠂ ᠬᠤᠶᠠᠷ ᠰᠡᠡᠴᠢᠭ` ᠤᠨ ᠳᠣᠮᠳᠠᠬᠢ ᠨᠢᠭᠡᠨ ᠰᠠᠭᠤᠳᠠᠯ ᠢ ᠭᠤᠣᠯ ᠣᠷᠣᠢ ᠭᠡᠳᠡᠭ᠃ ᠨᠢᠭᠡ ᠪᠣᠬ᠎ᠠ ᠶᠢᠨ ᠶᠠᠪᠣᠵᠣ ᠢᠷᠡᠬᠦ ᠨᠠᠶᠠᠨ ᠳᠠᠪᠣᠨ ᠳᠦᠷᠪᠡᠯᠵᠢ ᠰᠠᠭᠤᠳᠠᠯ᠂ ᠨᠠᠢᠮᠠᠨ ᠰᠣᠭᠤ᠂ ᠨᠠᠢᠮᠠᠨ ᠳᠠᠮᠠᠷᠣ ᠬᠤᠭᠤᠷᠣᠨᠳᠣ᠂ ᠨᠠᠢᠮᠠᠨ ᠳᠠᠮᠠᠷᠣ᠂ ᠨᠠᠢᠮᠠᠨ ᠬᠦᠨᠳᠡᠢ᠂ ᠨᠠᠢᠮᠠᠨ ᠪᠠᠬᠢ᠂ ᠨᠠᠢᠮᠠᠨ ᠪᠠᠬᠢ ᠬᠤᠭᠤᠷᠣᠨᠳᠣ᠂ ᠨᠠᠢᠮᠠᠨ ᠨᠢᠳᠦ᠂ ᠨᠠᠢᠮᠠᠨ ᠰᠡᠡᠴᠢᠭ᠂ ᠳᠦᠷᠪᠡᠨ ᠭᠤᠣᠯ ᠣᠷᠣᠢ᠂ ᠡᠭᠦᠳᠡᠨ ᠳᠣᠳᠣᠨ᠎ᠠ ᠪᠠᠶᠢᠬᠤ ᠳᠡᠷᠡ ᠬᠦ ᠳᠣᠯᠣᠭᠠᠨ ᠰᠠᠭᠤᠳᠠᠯ ᠢ ᠭᠠᠷᠬᠤ ᠣᠷᠣᠬᠤ ᠳᠤ ᠪᠠᠨ ᠳᠣᠰ ᠪᠦᠷᠢ ᠨᠢᠭᠡᠨ ᠣᠳᠠᠭ᠎ᠠ ᠶᠠᠪᠣᠵᠣ᠂ ᠱᠠᠩᠨᠠᠵᠣ ᠡᠬᠢᠯᠡᠵᠦ ᠭᠠᠷᠬᠤ ᠡᠬᠢᠨ ᠤ ᠴᠡᠭ ᠲᠡᠭᠡᠨ ᠳᠡᠭᠦᠰᠬᠦ ᠳᠤ ᠪᠠᠨ ᠨᠢᠭᠡᠨ ᠭᠠᠵᠠᠷ ᠶᠠᠪᠣᠭᠠᠳ ᠳᠡᠭᠦᠰᠭᠡᠳᠡᠭ᠃             ᠫᠠᠷᠵᠢ᠂ ᠫᠠᠷᠵᠢ ᠶᠢᠨ ᠬᠦᠯᠭᠡ᠂ ᠫᠠᠷᠵᠢ ᠶᠢᠨ ᠪᠣᠬ᠎ᠠ᠂ ᠫᠠᠷᠵᠢ ᠶᠢᠨ ᠰᠠᠭᠤᠳᠠᠯ ︵ᠭᠠᠵᠠᠷ︶ ᠢ ᠣᠨᠢᠰᠤᠭ᠎ᠠ  ᠶᠢ《 ᠳᠠᠯᠠᠪᠣᠷ ᠴᠠᠭᠠᠨ ᠳᠠᠯ᠎ᠠ  ᠂ ᠳᠠᠩᠰᠤᠭ ᠳᠦᠷᠪᠡᠨ ᠡᠭᠦᠳᠡ᠂ ᠴᠢᠮᠪᠠᠢ ᠨᠠᠢᠮᠠᠨ ᠰᠠᠭᠤᠳᠠᠯ᠂ ᠴᠡᠴᠡᠭ ᠨᠠᠢᠮᠠᠨ ᠪᠠᠭᠤᠳᠠᠯ᠂ ᠳᠦᠷᠪᠡᠨ ᠨᠠᠢᠮᠠᠨ ᠱᠠᠳᠣ᠂ ᠳᠦᠴᠢᠨ ᠨᠠᠢᠮᠠᠨ ᠠᠭᠤᠢ᠂ ᠬᠤᠶᠠᠷ ᠶᠠᠩᠵᠣ ᠶᠢᠨ ᠦᠩᠭᠡ᠂ ᠬᠤᠷᠢᠨ ᠵᠢᠷᠭᠤᠭᠠᠨ ᠬᠡᠥᠭᠡᠳ》 ᠭᠡᠳᠡᠭ᠃             ᠫᠠᠷᠵᠢ ᠶᠢᠨ ᠴᠠᠭᠠᠨ ᠳᠠᠯ᠎ᠠ ᠶᠢ  ᠨᠢᠷᠣᠭᠤ ᠬᠡᠵᠦ᠂ ᠯᠠᠴᠠ ᠴᠢᠳᠬᠤᠭᠰᠠᠨ ᠳᠠᠯ᠎ᠠ ᠶᠢ ᠡᠯᠢᠭᠡ ᠭᠡᠳᠡᠭ᠃  ᠫᠠᠷᠵᠢ ᠨᠠᠭᠠᠳᠬᠤ ᠳᠤ ᠨᠢᠭᠡ ᠬᠦᠮᠦᠨ ᠪᠣᠶᠣ ᠬᠡᠳᠦᠨ ᠬᠦᠮᠦᠨ ᠨᠢᠭᠡ ᠳᠠᠯ᠎ᠠ ︵ᠳᠣᠭᠤᠶᠢᠯᠠᠩ︶ ᠪᠣᠯᠵᠣ ᠬᠤᠶᠠᠷ᠂ ᠭᠤᠷᠪᠠ᠂ ᠳᠦᠷᠪᠡᠨ ᠡᠭᠦᠳᠡ ᠪᠠᠷ ᠬᠡᠳᠦᠨ ᠪᠣᠬ᠎ᠠ ᠲᠠᠢ ᠨᠠᠭᠠᠳᠴᠣ ᠪᠦᠷ ᠪᠣᠯᠳᠠᠭ᠃ ᠳᠠᠯ᠎ᠠ ᠪᠦᠷᠢ ᠶᠢᠨ ᠬᠦᠮᠦᠨ ᠤ ᠳᠤᠭ᠎ᠠ ᠶᠢ ᠬᠢᠵᠠᠭᠠᠷᠯᠠᠳᠠᠭ ᠦᠬᠡᠢ᠃ ᠦᠩᠭᠡ ᠨᠢ ᠠᠳᠠᠯᠢ ᠦᠬᠡᠢ ᠳᠣᠪᠴᠢ᠂ ᠶᠠᠰᠣ ᠵᠡᠷᠭᠡ ᠪᠠᠷ ᠪᠣᠬ᠎ᠠ ᠪᠣᠯᠭᠠᠵᠣ᠂ ᠳᠠᠯ᠎ᠠ ᠪᠦᠷᠢ ᠳᠡᠩᠴᠡᠭᠦᠦ ᠳᠣᠭᠠᠨ ᠤ ᠪᠣᠬ᠎ᠠ ᠲᠠᠢ ᠮᠦᠷᠦᠶᠢᠴᠡᠵᠦ ᠡᠬᠢᠯᠡᠳᠡᠭ᠃ ᠳᠠᠯ᠎ᠠ ᠪᠦᠷᠢ ᠶᠢᠨ ᠬᠦᠮᠦᠨ ᠤ ᠳᠤᠭ᠎ᠠ ᠳᠡᠩᠴᠡᠭᠦᠦ ᠪᠠᠶᠢᠬᠤ ᠶᠢ ᠴᠢᠬᠤᠯᠠᠴᠢᠯᠠᠵᠣ᠂ ᠠᠯᠢ ᠳᠠᠯ᠎ᠠ ᠨᠢ ᠬᠦᠮᠦᠨ ᠳᠣᠳᠠᠭᠤ ᠪᠣᠯ ᠳᠣᠳᠠᠭᠰᠠᠨ ᠨᠢᠭᠡ ᠬᠦᠮᠦᠨ ᠢᠶᠠᠨ ᠳᠣᠭᠳᠠᠭᠰᠠᠨ ᠨᠢᠭᠡ ᠬᠦᠮᠦᠨ ᠨᠢ ᠣᠷᠣᠯᠠᠵᠣ᠂ ᠡᠭᠡᠯᠵᠢ ᠪᠦᠷᠢ ᠳᠤ ᠨᠠᠮᠰᠢᠭ ᠬᠡᠵᠦ ᠢᠯᠡᠭᠦᠦ ᠨᠢᠭᠡ ᠡᠭᠡᠯᠵᠢ ᠡᠷᠭᠡ ᠲᠠᠢ᠃ ᠨᠠᠭᠠᠳᠣᠭᠴᠢ ᠪᠦᠬᠦᠨ ᠡᠭᠡᠯᠵᠢ ᠳᠤ ᠪᠠᠨ ᠡᠷᠭᠡᠪᠡᠰᠢ ᠫᠠᠷᠵᠢ ᠪᠠᠨ ᠬᠠᠶᠠᠬᠤ ᠬᠡᠷᠡᠭᠳᠡᠢ ᠪᠦᠭᠡᠳ ᠢᠯᠡᠭᠦᠦ ᠬᠠᠶᠠᠵᠣ ᠪᠣᠯᠬᠤ ᠦᠬᠡᠢ᠃ ᠨᠢᠷᠣᠭᠤᠨ ᠳᠠᠯ᠎ᠠ ᠶᠢᠨ ᠳᠡᠭᠡᠭᠰᠢ ᠬᠠᠷᠠᠭᠰᠠᠨ ᠢ ᠳᠣᠭᠠᠯᠠᠵᠣ᠂ ᠬᠦᠯᠭᠡᠨ ᠳᠡᠭᠡᠷ᠎ᠡ ᠫᠠᠷᠵᠢ ᠶᠢᠨ ᠭᠠᠵᠠᠷ ᠢᠶᠠᠨ ᠶᠠᠪᠣᠭᠤᠯᠳᠠᠭ᠃ ᠫᠠᠷᠵᠢ ᠶᠢ ᠬᠠᠶᠠᠬᠤ ᠪᠦᠷᠢ ᠳᠤ ᠭᠠᠷᠬᠤ ᠭᠠᠵᠠᠷ ᠢ ᠬᠡᠳᠦᠨ ᠭᠠᠵᠠᠷ ᠳᠣᠰᠪᠠ ᠭᠡᠳᠡᠭ᠃ ᠫᠠᠷᠵᠢ ᠬᠠᠶᠠᠬᠤ ᠠᠴᠠ ᠡᠮᠦᠨ᠎ᠡ ᠠᠳᠬᠤᠨ ᠳᠠᠬᠢ ᠫᠠᠷᠵᠢ ᠪᠠᠨ ᠰᠡᠭᠰᠦᠷᠬᠢᠯᠡᠬᠦ ᠳᠤ ᠫᠠᠷᠵᠢ ᠦᠰᠦᠷᠦᠨ ᠭᠠᠷᠴᠣ ᠢᠷᠡᠬᠦ ᠶᠢ ᠵᠢᠭ ᠪᠠᠭᠤᠵᠣ ᠪᠠᠶᠢᠨ᠎ᠠ᠂ ᠱᠠᠩ ᠳᠣᠰᠬᠤ ᠶᠢᠨ ᠣᠷᠢᠳᠠᠯ ᠬᠡᠵᠦ ᠪᠠᠶᠠᠷᠯᠠᠳᠠᠭ᠃ 5 ᠫᠠᠷᠵᠢ ᠶᠢᠨ ᠨᠢᠭᠤᠷ ᠨᠢ ᠳᠡᠭᠡᠭᠰᠢ ᠬᠠᠷᠠᠭᠠᠳ 1 ᠨᠢ ᠬᠦᠮᠦᠷᠢᠪᠡᠯ ᠠᠷᠪᠠᠨ ᠨᠢᠭᠡᠨ ᠭᠠᠵᠠᠷ᠂ 1 ᠫᠠᠷᠵᠢ ᠶᠢᠨ ᠨᠢᠭᠤᠷ  ᠨᠢ ᠳᠡᠭᠡᠭᠰᠢ ᠬᠠᠷᠠᠭᠠᠳ 5   ᠨᠢ ᠬᠦᠮᠦᠷᠢᠪᠡᠯ ᠬᠤᠷᠢᠨ ᠵᠢᠷᠭᠤᠭᠠᠨ ᠭᠠᠵᠠᠷ᠂ 6 ᠫᠠᠷᠵᠢ ᠶᠢᠨ ᠨᠢᠭᠤᠷ ᠪᠦᠷ ᠳᠡᠭᠡᠭᠰᠢ ᠬᠠᠷᠠᠪᠠᠯ ᠵᠢᠷᠭᠤᠭᠠᠨ ᠭᠠᠵᠠᠷ ︵ᠴᠠᠭᠷᠠᠢ ᠵᠢᠷᠭᠤᠭ᠎ᠠ ᠭᠡᠳᠡᠭ︶᠂ 6  ᠫᠠᠷᠵᠢ ᠪᠦᠷ ᠬᠦᠮᠦᠷᠢᠪᠡᠯ ᠠᠷᠪᠠᠨ ᠬᠤᠶᠠᠷ ᠭᠠᠵᠠᠷ ︵ᠦᠮᠡᠭᠡᠢ ᠠᠷᠪᠠᠨ ᠬᠤᠶᠠᠷ ᠭᠡᠳᠡᠭ︶᠂ 4  ᠫᠠᠷᠵᠢ ᠶᠢᠨ ᠨᠢᠭᠤᠷ ᠨᠢ ᠳᠡᠭᠡᠭᠰᠢ ᠬᠠᠨᠳᠣᠭᠠᠳ 2 ᠨᠢ ᠬᠦᠮᠦᠷᠢᠪᠡᠯ ᠬᠤᠶᠠᠷ ᠭᠠᠵᠠᠷ᠂ 3 ᠫᠠᠷᠵᠢ ᠶᠢᠨ ᠨᠢᠭᠤᠷ ᠨᠢ ᠳᠡᠭᠡᠭᠰᠢ ᠬᠠᠨᠳᠣᠭᠠᠳ 3 ᠨᠢ ᠬᠦᠮᠦᠷᠢᠪᠡᠯ ᠭᠤᠷᠪᠠᠨ ᠭᠠᠵᠠᠷ᠂ 2 ᠫᠠᠷᠵᠢ ᠶᠢᠨ ᠨᠢᠭᠤᠷ ᠨᠢ ᠳᠡᠭᠡᠭᠰᠢ ᠬᠠᠨᠳᠣᠭᠠᠳ4 ᠨᠢ ᠬᠦᠮᠦᠷᠢᠪᠡᠯ ᠳᠦᠷᠪᠡᠨ ᠭᠠᠵᠠᠷ  ᠪᠣᠯᠣᠨ᠎ᠠ᠃ ᠠᠷᠪᠠᠨ ᠨᠢᠭᠡ᠂ ᠬᠤᠷᠢᠨ ᠵᠢᠷᠭᠤᠭ᠎ᠠ᠂ ᠴᠠᠭᠷᠠᠢ ᠵᠢᠷᠭᠤᠭ᠎ᠠ᠂ ᠠᠷᠪᠠᠨ ᠬᠤᠶᠠᠷ ᠪᠦᠷ ᠨᠠᠮᠰᠢᠭ ᠬᠠᠶᠠᠬᠤ ᠡᠷᠭᠡ ᠲᠠᠢ ᠪᠠᠶᠢᠳᠠᠭ᠃           ᠫᠠᠷᠵᠢ ᠶᠢᠨ ᠭᠠᠷᠣᠭᠰᠠᠨ ᠳᠤᠭ᠎ᠠ ᠪᠠᠷ ᠬᠦᠯᠭᠡᠨ ᠳᠡᠭᠡᠷ᠎ᠡ ᠪᠣᠬ᠎ᠠ ᠶᠠᠪᠣᠭᠤᠯᠬᠤ ᠶᠢ ᠭᠠᠵᠠᠷ  ᠶᠠᠪᠣᠭᠤᠯᠬᠤ ᠭᠡᠳᠡᠭ᠃ ᠫᠠᠷᠵᠢ ᠶᠢᠨ ᠪᠣᠬ᠎ᠠ ᠬᠦᠯᠭᠡᠨ ᠳᠡᠭᠡᠷ᠎ᠡ ᠡᠬᠢᠯᠡᠨ ᠶᠠᠪᠣᠬᠤ ᠳᠤ ᠡᠷᠭᠡᠪᠡᠰᠢ ᠫᠠᠷᠵᠢ ᠶᠢᠨ ᠱᠠᠩ ᠭᠠᠷᠣᠭᠰᠠᠨ  ᠢᠶᠠᠷ ᠰᠠᠶ᠋ᠢ ᠡᠬᠢᠯᠡᠨ ᠶᠠᠪᠣᠳᠠᠭ᠃ ᠱᠠᠩ ᠳᠤ ᠬᠤᠷᠢᠨ ᠵᠢᠷᠭᠤᠭ᠎ᠠ ᠪᠣᠯᠣᠨ ᠠᠷᠪᠠᠨ ᠨᠢᠭᠡ ᠬᠤᠶᠠᠷᠬᠠᠨ ᠪᠠᠶᠢᠳᠠᠭ᠃ ᠵᠠᠷᠢᠮ ᠨᠢ ᠡᠬᠢᠯᠡᠬᠦ ᠱᠠᠩ ᠢ ᠠᠷᠪᠠᠨ ᠨᠢᠭᠡ ᠪᠠᠷ ᠭᠠᠷᠬᠤ ᠪᠠᠷ ᠳᠣᠭᠳᠠᠳᠠᠭ᠃ ᠠᠷᠪᠠᠨ ᠨᠢᠭᠡ ᠪᠠᠷ ᠭᠠᠷᠬᠤ ᠪᠣᠬ᠎ᠠ ᠶᠢ ᠨᠢᠭᠡ ᠱᠠᠩ ᠬᠡᠵᠦ ᠪᠣᠬ᠎ᠠ ᠪᠠᠨ ᠬᠠᠮᠤᠭ ᠳᠣᠳᠣᠨ᠎ᠠ ᠰᠠᠭᠤᠳᠠᠯ ᠳᠤ ᠱᠠᠩᠨᠠᠭᠠᠳ ᠠᠷᠪᠠ ᠳ᠋ᠠᠽᠢ ᠬᠡᠵᠦ ᠠᠷᠪᠠᠨ ᠭᠠᠵᠠᠷ ᠪᠣᠯᠣᠨ ᠨᠠᠮᠰᠢᠭ ᠲᠠᠢ ᠪᠠᠨ ᠶᠠᠪᠣᠳᠠᠭ᠃ ᠬᠤᠷᠢᠨ ᠵᠢᠷᠭᠤᠭ᠎ᠠ ᠪᠠᠷ ᠭᠠᠷᠬᠤ ᠪᠣᠬ᠎ᠠ ᠶᠢ ᠨᠢᠭᠡ ᠱᠠᠩ ᠬᠡᠵᠦ ᠪᠣᠬ᠎ᠠ ᠪᠠᠨ ᠱᠠᠩᠨᠠᠭᠠᠳ ᠬᠤᠷᠢᠨ ᠳᠠᠪᠣᠨ ᠭᠠᠵᠠᠷ ᠪᠣᠯᠣᠨ ᠨᠠᠮᠰᠢᠭ ᠲᠠᠢ ᠪᠠᠨ ᠶᠠᠪᠣᠳᠠᠭ᠃ ᠱᠠᠩᠨᠠᠭᠰᠠᠨ ᠪᠣᠬ᠎ᠠ ᠶᠠᠪᠣᠬᠤ ᠳᠤ ᠳᠣᠯᠪᠠᠯ ᠠᠷᠪᠠᠨ ᠨᠢᠭᠡ᠂ ᠬᠤᠷᠢᠨ ᠵᠢᠷᠭᠤᠭ᠎ᠠ ᠳᠤ ᠪᠦᠬᠦᠯᠢ ᠭᠠᠵᠠᠷ ᠶᠠᠪᠣᠳᠠᠭ᠃ ᠳᠡᠭᠡᠪᠡᠯ ᠱᠠᠩ ᠳᠣᠰᠴᠣ ᠯᠡ ᠪᠠᠶᠢᠪᠠᠯ ᠨᠠᠮᠰᠢᠭ ᠬᠠᠶᠠᠵᠣ ᠯᠡ ᠪᠠᠶᠢᠳᠠᠭ᠃ ᠡᠬᠢᠯᠡᠵᠦ ᠪᠣᠬ᠎ᠠ ᠱᠠᠩᠨᠠᠬᠤ ᠳᠤ ᠨᠠᠮᠰᠢᠭ ᠬᠠᠶᠠᠭᠠᠳ ᠱᠠᠩ ᠭᠠᠷᠣᠭᠰᠠᠨ ᠪᠣᠯ ᠱᠠᠩ ᠭᠠᠷᠣᠭᠰᠠᠨ ᠠᠴᠠ ᠪᠠᠨ ᠬᠤᠶᠢᠰᠢᠬᠢ ᠳᠤᠭ᠎ᠠ ᠪᠠᠷ ᠶᠠᠪᠣᠬᠤ ᠠᠴᠠ ᠪᠢᠰᠢ᠂ ᠱᠠᠩ ᠭᠠᠷᠬᠤ ᠠᠴᠠ ᠡᠮᠦᠨ᠎ᠡ ᠭᠠᠷᠣᠭᠰᠠᠨ ᠴᠠᠭᠷᠠᠢ ᠵᠢᠷᠭᠤᠭ᠎ᠠ᠂ ᠠᠷᠪᠠᠨ ᠬᠤᠶᠠᠷ ᠪᠦᠷ ᠪᠣᠬ᠎ᠠ ᠱᠠᠩᠨᠠᠬᠤ ᠪᠠ ᠭᠠᠵᠠᠷ ᠶᠠᠪᠣᠬᠤ ᠡᠷᠭᠡ ᠦᠬᠡᠢ᠃ ᠱᠠᠩᠨᠠᠭᠰᠠᠨ ᠪᠣᠬ᠎ᠠ ᠲᠠᠢ ᠦᠶ᠎ᠡ ᠳᠤ ᠫᠠᠷᠵᠢ ᠶᠢ ᠬᠠᠶᠠᠬᠤ ᠪᠦᠷᠢ ᠭᠠᠷᠣᠭᠰᠠᠨ ᠭᠠᠵᠠᠷ ᠪᠦᠷ ᠳᠣᠭᠠᠳᠣ ᠭᠠᠵᠠᠷ ᠢᠶᠠᠷ  ᠢᠶᠠᠨ ᠶᠠᠪᠣᠳᠠᠭ᠃ ᠰᠠᠭᠤᠳᠠᠯ ᠳᠤ ᠪᠠᠭᠳᠠᠬᠤ ᠦᠬᠡᠢ ᠳᠤᠭ᠎ᠠ ᠭᠠᠷᠪᠠᠯ ᠭᠡᠷᠡᠭ ᠦᠬᠡᠢ ᠪᠣᠯᠳᠠᠭ᠃ ᠰᠠᠭᠤᠳᠠᠯ ᠳᠤ ᠪᠠᠭᠳᠠᠬᠤ ᠦᠬᠡᠢ ᠪᠠᠶᠢᠳᠠᠯ᠎ᠠ ᠱᠠᠩ ᠭᠠᠷᠪᠠᠯ ᠣᠳᠣᠷᠠᠩ ︵ᠣᠶᠢᠳᠣᠷᠠᠩ︶ ᠭᠡᠵᠦ ᠱᠠᠩ ᠨᠢᠭᠡ ᠭᠠᠵᠠᠷ ᠶᠠᠪᠣᠳᠠᠭ᠃ ᠱᠠᠩ ᠭᠠᠷᠣᠭᠰᠠᠨ ᠦᠶ᠎ᠡ ᠳᠤ ᠶᠠᠪᠣᠵᠣ ᠪᠠᠶᠢᠭ᠎ᠠ ᠱᠠᠩᠨᠠᠭᠰᠠᠨ ᠪᠣᠬ᠎ᠠ ᠲᠠᠢ ᠪᠣᠯ ᠱᠠᠩᠨᠠᠭᠠᠳᠣᠢ ᠪᠣᠬ᠎ᠠ ᠠᠴᠠ ᠪᠠᠨ ᠨᠢᠭᠡ  ᠶᠢ ᠱᠠᠩᠨᠠᠭᠠᠳ ᠦᠯᠡᠳᠡᠭᠰᠡᠨ ᠭᠠᠵᠠᠷ ᠲᠠᠭᠠᠨ ᠦᠭᠡᠷ᠎ᠡ ᠪᠣᠬ᠎ᠠ ᠪᠠᠨ ᠶᠠᠪᠣᠭᠤᠯᠵᠣ ᠪᠣᠯᠳᠠᠭ᠃ ᠨᠠᠮᠰᠢᠭ ᠢᠶᠠᠨ ᠪᠠᠰᠠ ᠦᠭᠡᠷ᠎ᠡ ᠪᠣᠬ᠎ᠠ ᠲᠠᠢ ᠪᠠᠨ ᠶᠠᠪᠣᠭᠤᠯᠵᠣ ᠪᠣᠯᠳᠠᠭ᠃ ᠱᠠᠩ ᠳᠣᠰᠴᠣ ᠪᠣᠬ᠎ᠠ ᠱᠠᠩᠨᠠᠭᠠᠳᠣᠢ ᠦᠶ᠎ᠡ ᠳᠤ ᠬᠡᠳᠦᠨ ᠡᠬᠡᠯᠵᠢ ᠬᠠᠶᠠᠭᠰᠠᠨ ᠴᠦ ᠪᠣᠬ᠎ᠠ ᠬᠦᠯᠭᠡᠨ ᠳᠡᠭᠡᠷ᠎ᠡ ᠭᠠᠵᠠᠷ ᠶᠠᠪᠣᠬᠤ ᠡᠷᠭᠡ ᠦᠬᠡᠢ᠃ ᠱᠠᠩ ᠣᠯᠠᠨ ᠭᠠᠷᠣᠭᠠᠳ ᠨᠢᠭᠡ ᠪᠣᠬ᠎ᠠ ᠶᠢᠨ ᠡᠷᠬᠢᠵᠦ ᠢᠷᠡᠬᠦ ᠭᠠᠵᠠᠷ ᠠᠴᠠ ᠭᠡᠳᠦᠷᠡᠭᠰᠡᠨ ᠦᠶ᠎ᠡ ᠳᠤ ᠠᠷᠪᠠᠨ ᠨᠢᠭᠡ ᠶᠢ ᠠᠷᠪᠠᠨ ᠨᠢᠭᠡ ᠪᠠᠷ ᠨᠢ᠂ ᠬᠤᠷᠢᠨ ᠵᠢᠷᠭᠤᠭ᠎ᠠ ᠶᠢ ᠬᠤᠷᠢᠨ ᠵᠢᠷᠭᠤᠭ᠎ᠠ ᠪᠠᠷ ᠨᠢ ᠳᠣᠰ ᠪᠦᠷᠢ ᠨᠢᠭᠡ ᠪᠣᠬ᠎ᠠ ᠶᠠᠪᠣᠭᠤᠯᠵᠣ ᠪᠣᠯᠬᠤ ᠪᠦᠭᠡᠳ ᠶᠠᠭ ᠪᠠᠭᠳᠠᠬᠤ ᠦᠬᠡᠢ ᠦᠶ᠎ᠡ ᠳᠤ ᠪᠠᠭᠳᠠᠬᠤ ᠨᠢᠭᠡ ᠱᠠᠩ ᠬᠢᠭᠡᠳ ᠪᠣᠰᠣᠳ ᠱᠠᠩ ᠤᠨ ᠣᠳᠣᠷᠠᠩ ᠨᠠᠮᠰᠢᠭ ᠤᠨ ᠭᠠᠵᠠᠷ  ᠲᠠᠢ ᠪᠠᠨ ᠶᠠᠪᠣᠵᠣ ᠪᠣᠯᠳᠠᠭ᠃ ᠱᠠᠩ ᠨᠢ ᠶᠠᠭ ᠪᠠᠭᠳᠠᠬᠤ ᠦᠬᠡᠢ ᠦᠶ᠎ᠡ ᠳᠤ ᠨᠠᠮᠰᠢᠭ ᠢᠶᠠᠨ ᠬᠠᠶᠠᠭᠠᠳ ᠭᠠᠷᠣᠭᠰᠠᠨ ᠭᠠᠵᠠᠷ ᠪᠠ ᠣᠳᠣᠷᠠᠩ ᠢᠶᠠᠨ ᠶᠠᠪᠣᠵᠣ ᠪᠣᠯᠳᠠᠭ᠃ ᠱᠠᠩ ᠴᠦ ᠪᠠᠭᠳᠠᠬᠤ ᠦᠬᠡᠢ᠂ ᠭᠠᠵᠠᠷ ᠴᠦ ᠪᠠᠭᠳᠠᠬᠤ ᠦᠬᠡᠢ ᠦᠶ᠎ᠡ ᠳᠤ ᠣᠳᠣᠷᠠᠩ ᠤᠨ ᠭᠠᠵᠠᠷ ᠢᠶᠠᠨ ᠶᠠᠪᠣᠵᠣ ᠪᠣᠯᠳᠠᠭ᠃            ᠫᠠᠷᠵᠢ ᠶᠢᠨ ᠱᠠᠩ ᠬᠠᠶᠢᠯᠬᠤ ᠪᠠ ᠰᠡᠷᠭᠦᠬᠦ ᠶᠣᠰᠣ ᠵᠢᠷᠣᠮ ᠣᠯᠠᠨ ᠪᠠᠶᠢᠳᠠᠭ᠃ ᠠᠷᠪᠠᠨ ᠨᠢᠭᠡ   ᠶᠢᠨ ᠱᠠᠩ ᠭᠤᠷᠪᠠ ᠭᠠᠷᠪᠠᠯ  ᠬᠠᠶᠢᠯᠵᠣ᠂  ᠭᠤᠷᠪᠠᠨ ᠣᠳᠣᠷᠠᠩ ᠨᠠᠮᠰᠢᠭ ᠲᠠᠢ ᠪᠠᠨ ᠭᠠᠵᠠᠷ ᠶᠠᠪᠣᠳᠠᠭ᠃ ᠠᠷᠪᠠᠨ ᠨᠢᠭᠡ 4 ᠭᠠᠷᠪᠠᠯ ᠨᠢᠭᠡ ᠠᠷᠪᠠᠨ ᠨᠢᠭᠡ᠂ ᠭᠤᠷᠪᠠᠨ ᠣᠳᠣᠷᠠᠩ᠂ ᠨᠠᠮᠰᠢᠭ ᠲᠠᠢ ᠶᠠᠪᠣᠵᠣ᠂ ᠳᠠᠪᠣᠨ ᠠᠷᠪᠠᠨ ᠨᠢᠭᠡ ᠭᠠᠷᠪᠠᠯ ᠰᠡᠷᠭᠦᠵᠦ᠂ ᠳᠠᠪᠣᠨ ᠱᠠᠩ ᠨᠠᠮᠰᠢᠭ ᠲᠠᠢ ᠪᠠᠨ ᠪᠦᠷ ᠭᠠᠵᠠᠷ ᠶᠠᠪᠣᠳᠠᠭ᠃ ᠬᠤᠷᠢᠨ ᠳᠠᠪᠤ ᠶᠢᠨ ᠱᠠᠩ ᠳᠠᠪᠤ ᠭᠠᠷᠪᠠᠯ ᠬᠠᠶᠢᠯᠵᠣ᠂ ᠳᠠᠪᠣᠨ ᠣᠳᠣᠷᠠᠩ ᠨᠠᠮᠰᠢᠭ ᠲᠠᠢ ᠪᠠᠨ ᠭᠠᠵᠠᠷ ᠶᠠᠪᠣᠳᠠᠭ᠃ ᠵᠢᠷᠭᠤᠭᠠᠨ ᠬᠤᠷᠢᠨ ᠳᠠᠪᠤ ᠭᠠᠷᠪᠠᠯ ᠨᠢᠭᠡ ᠬᠤᠷᠢᠨ ᠳᠠᠪᠤ᠂ ᠳᠠᠪᠣᠨ ᠣᠳᠣᠷᠠᠩ᠂ ᠨᠠᠮᠰᠢᠭ ᠲᠠᠢ ᠪᠠᠨ ᠭᠠᠵᠠᠷ ᠶᠠᠪᠣᠳᠠᠭ᠃ ᠳᠣᠯᠣᠭᠠᠨ ᠬᠤᠷᠢᠨ ᠳᠠᠪᠤ ᠭᠠᠷᠪᠠᠯ ᠰᠡᠷᠭᠦᠵᠦ᠂ ᠳᠣᠯᠣᠭᠠᠨ ᠱᠠᠩ ᠨᠠᠮᠰᠢᠭ ᠲᠠᠢ ᠪᠠᠨ ᠪᠦᠷ ᠭᠠᠵᠠᠷ ᠶᠠᠪᠣᠳᠠᠭ᠃ ᠴᠠᠭᠷᠠᠢ ᠵᠢᠷᠭᠤᠭ᠎ᠠ᠂ ᠵᠢᠷᠭᠤᠭ᠎ᠠ ᠭᠠᠷᠪᠠᠯ ᠪᠦᠭᠦᠳᠡ ᠬᠠᠶᠢᠯᠵᠣ᠂ ᠨᠠᠮᠰᠢᠭ ᠬᠠᠶᠠᠬᠤ ᠡᠷᠭᠡ ᠴᠦ ᠦᠬᠡᠢ ᠪᠣᠯᠣᠨ᠎ᠠ᠃ ᠱᠠᠩ ᠬᠤᠷᠢᠨ ᠵᠢᠷᠭᠤᠭ᠎ᠠ᠂ ᠠᠷᠪᠠᠨ ᠨᠢᠭᠡ ᠡᠭᠡᠯᠵᠢᠯᠡᠨ ᠬᠡᠳᠦᠢ ᠳᠣᠰᠣᠭᠰᠠᠨ ᠴᠦ ᠬᠠᠶᠢᠯᠬᠤ ᠦᠬᠡᠢ ᠪᠦᠭᠡᠳ ᠳᠠᠪᠣᠨ ᠬᠤᠷᠢᠨ ᠵᠢᠷᠭᠤᠭ᠎ᠠ᠂ ᠭᠤᠷᠪᠠᠨ‌ᠠᠷᠪᠠᠨ ᠨᠢᠭᠡ ᠶᠢᠨ ᠳᠣᠮᠳᠠ ᠴᠠᠭᠷᠠᠢ ᠵᠢᠷᠭᠤᠭ᠎ᠠ ᠬᠠᠪᠴᠢᠭᠳᠠᠭᠰᠠᠨ ᠦᠶ᠎ᠡ ᠳᠤ ᠮᠦᠨ ᠬᠠᠶᠢᠯᠬᠤ ᠦᠬᠡᠢ᠃ ᠪᠠᠬᠢ ᠳᠡᠭᠡᠷ᠎ᠡ ᠪᠠᠶᠢᠬᠤ ᠪᠣᠬ᠎ᠠ ᠪᠠᠬᠢᠯᠡᠪᠡ ᠬᠡᠳᠡᠭ᠃ ᠬᠡᠳᠦᠨ ᠡᠭᠦᠳᠡᠨ ᠤ ᠪᠣᠬ᠎ᠠ ᠪᠠᠬᠢ ᠳᠡᠭᠡᠷ᠎ᠡ ᠬᠡᠳᠦᠢ ᠣᠪᠣᠭᠠᠷᠠᠭᠰᠠᠨ ᠴᠦ ᠬᠠᠷᠢᠯᠴᠠᠨ ᠨᠢᠭᠡᠨ ᠨᠢᠭᠡ ᠪᠠᠨ ᠢᠳᠡᠬᠦ ᠶᠣᠰᠣ ᠦᠬᠡᠢ᠃ ᠳᠡᠭᠦᠨ ᠠᠴᠠ ᠭᠠᠳᠠᠨ᠎ᠠ ᠡᠭᠦᠳᠡᠨ ᠳᠣᠳᠣᠷ᠎ᠠ ᠪᠠᠶᠢᠬᠤ ᠪᠣᠬ᠎ᠠ ᠶᠢ ᠢᠳᠡᠵᠦ ᠪᠣᠯᠬᠤ ᠦᠬᠡᠢ ᠠᠴᠠ ᠪᠣᠰᠣᠳ ᠰᠠᠭᠤᠳᠠᠯ ᠳᠤ ᠪᠠᠶᠢᠭ᠎ᠠ ᠪᠣᠬ᠎ᠠ ᠶᠢ ᠰᠣᠯᠠ ᠪᠣᠬ᠎ᠠ ᠬᠡᠳᠡᠭ᠃ ᠫᠠᠷᠵᠢ ᠶᠢᠨ ᠳᠣᠰᠣᠯᠳᠠ ᠪᠠᠷ ᠬᠤᠶᠢᠨᠠᠬᠢ ᠪᠣᠬ᠎ᠠ ᠨᠢ ᠨᠡᠭᠡᠵᠦ ᠢᠷᠡᠭᠡᠳ ᠰᠠᠭᠤᠳᠠᠯ ᠳᠠᠭᠠᠷᠠᠪᠠᠯ ᠨᠦᠬᠦᠭᠡ ᠡᠳᠡᠭᠡᠳ ᠤᠨ ᠳᠡᠷᠡ ᠪᠣᠬ᠎ᠠ ᠶᠢ ᠢᠳᠡᠵᠦ ᠠᠪᠴᠣ ᠬᠠᠶᠠᠳᠠᠭ᠃ ᠵᠠᠷᠢᠮ ᠦᠶ᠎ᠡ ᠳᠤ ᠨᠢᠭᠡ ᠭᠠᠵᠠᠷ ᠵᠦᠷᠢᠪᠡᠯ ᠱᠠᠩ ᠲᠠᠢ ᠪᠣᠯ ᠱᠠᠩ ᠢᠶᠠᠷ ᠢᠶᠠᠨ ᠢᠳᠡᠳᠡᠭ᠂ ᠡᠭᠦᠨ ᠢ ᠱᠠᠩ ᠢᠶᠠᠨ ᠬᠤᠳᠠᠯᠳᠣᠵᠣ ᠢᠳᠡᠨ᠎ᠡ ᠭᠡᠳᠡᠭ᠃ ᠢᠩᠬᠢᠵᠦ ᠢᠳᠡᠭᠳᠡᠭᠰᠡᠨ ᠪᠣᠬ᠎ᠠ ᠨᠢ ᠬᠡᠳᠦᠢ ᠣᠯᠠᠨ ᠭᠠᠵᠠᠷ ᠶᠠᠪᠣᠭᠰᠠᠨ ᠴᠦ ᠬᠠᠮᠢᠶ᠎ᠠ ᠦᠬᠡᠢ᠂ ᠦᠪᠡᠷ ᠤᠨ ᠭᠤᠣᠯ ᠠᠴᠠ ᠪᠠᠨ ᠳᠠᠬᠢᠵᠣ ᠰᠢᠨ᠎ᠡ ᠪᠠᠷ ᠭᠠᠷᠴᠣ ᠳᠦᠷᠪᠡᠨ ᠡᠭᠦᠳᠡ ᠶᠢ ᠳᠠᠬᠢᠵᠣ ᠡᠷᠬᠢᠬᠦ ᠶᠣᠰᠣᠳᠠᠢ᠃ ᠡᠭᠦᠳᠡ ᠠᠴᠠ ᠪᠠᠨ ᠭᠠᠷᠣᠭᠠᠳ ᠬᠤᠯᠠᠳᠠᠭᠠᠳᠣᠢ ᠪᠣᠬ᠎ᠠ ᠶᠢ ᠵᠠᠯᠠᠭᠤ ᠪᠣᠬ᠎ᠠ ᠬᠡᠵᠦ᠂ ᠬᠠᠷᠢᠵᠦ ᠢᠷᠡᠬᠦ ᠳᠤ ᠪᠠᠨ ᠳᠣᠯᠣᠭᠰᠠᠨ ᠪᠣᠬ᠎ᠠ ᠶᠢ ᠬᠦᠭᠰᠢᠨ ᠪᠣᠬ᠎ᠠ ᠭᠡᠳᠡᠭ᠃ ᠫᠠᠷᠵᠢ ᠶᠢᠨ ᠪᠣᠬ᠎ᠠ ᠬᠦᠯᠭᠡᠨ ᠳᠡᠭᠡᠷ᠎ᠡ ᠵᠦᠪ ᠡᠷᠬᠢᠨ ᠣᠷᠣᠭᠰᠢᠯᠠᠳᠠᠭ ᠣᠬᠤᠷᠢᠵᠣ ᠪᠣᠯᠳᠠᠭ ᠦᠬᠡᠢ᠃ ᠵᠠᠮ ᠳᠣᠮᠳᠠ ᠪᠠᠨ ᠪᠣᠰᠣᠳ ᠲᠤ ᠢᠳᠡᠭᠳᠡᠬᠦ ᠦᠬᠡᠢ ᠪᠠᠷ ᠡᠩᠭᠡ ᠳᠠᠶᠢᠪᠣᠩ ᠨᠢᠭᠡ ᠡᠷᠬᠢᠭᠡᠳ ᠨᠠᠶᠠᠨ ᠳᠠᠪᠣᠨ ᠭᠠᠵᠠᠷ  ᠢᠶᠠᠨ ᠶᠠᠪᠣᠵᠣ ᠪᠠᠷᠠᠪᠠᠯ ᠨᠢᠭᠡ ᠪᠣᠬ᠎ᠠ ᠬᠠᠷᠢᠵᠦ ᠢᠷᠡᠭᠰᠡᠨ ᠳᠤ ᠳᠣᠭᠠᠴᠠᠭᠳᠠᠵᠣ᠂ ᠫᠠᠷᠵᠢ ᠶᠢᠨ ᠬᠦᠯᠭᠡᠨ ᠠᠴᠠ ᠠᠪᠴᠣ ᠬᠠᠶᠠᠨ᠎ᠠ᠃ ᠡᠭᠦᠳᠡ ᠪᠠᠷ ᠢᠶᠠᠨ ᠣᠷᠣᠵᠣ ᠢᠷᠡᠭᠰᠡᠨ ᠪᠣᠬ᠎ᠠ ᠪᠣᠰᠣᠳ ᠪᠣᠬ᠎ᠠ ᠳᠤ ᠢᠳᠡᠭᠳᠡᠬᠦ ᠠᠶᠣᠯ ᠦᠬᠡᠢ ᠪᠣᠯᠪᠠᠴᠣ ᠫᠠᠷᠵᠢ ᠶᠢᠨ ᠳᠣᠰᠣᠯᠳᠠ ᠠᠴᠠ ᠪᠣᠯᠵᠣ ᠳᠡᠭᠦᠰᠦᠯᠳᠡ ᠶᠢᠨ ᠨᠢᠭᠡ ᠳᠦᠷᠪᠡᠯᠵᠢ ᠰᠠᠭᠤᠳᠠᠯ ᠤᠨ ᠨᠠᠭᠠᠨ᠎ᠠ ᠰᠠᠭᠤᠬᠤ ᠶᠢ ᠳᠦᠩᠭᠡ ᠳᠤ ᠣᠨᠠᠨ᠎ᠠ ᠭᠡᠳᠡᠭ᠃ ᠳᠦᠩᠭᠡ ᠳᠤ ᠣᠨᠠᠭᠰᠠᠨ ᠪᠣᠬ᠎ᠠ ᠶᠢ ᠠᠷᠪᠠᠨ ᠨᠢᠭᠡ᠂ ᠬᠤᠷᠢᠨ ᠵᠢᠷᠭᠤᠭ᠎ᠠ ᠶᠢᠨ ᠱᠠᠩ ᠢᠶᠠᠷ ᠠᠪᠴᠣ ᠬᠠᠶᠠᠳᠠᠭ᠃ ᠱᠠᠩᠨᠠᠭᠰᠠᠨ ᠦᠬᠡᠢ ᠪᠠᠷ ᠱᠦᠭᠦᠭᠳᠡᠭᠰᠡᠨ ᠪᠣᠬ᠎ᠠ ᠶᠢ ᠦᠮᠡᠭᠡᠢ ᠪᠣᠬ᠎ᠠ ᠭᠡᠳᠡᠭ᠃ ᠱᠠᠩᠨᠠᠭᠰᠠᠨ ᠪᠣᠯᠪᠠᠴᠣ ᠭᠠᠵᠠᠷ ᠢᠶᠠᠨ ᠶᠠᠪᠣᠵᠣ ᠪᠠᠷᠠᠭᠰᠠᠨ ᠦᠬᠡᠢ ᠪᠣᠬ᠎ᠠ ᠶᠢ ᠳᠣᠭᠠᠯᠠᠵᠣ᠂ ᠬᠡᠳᠦᠨ ᠪᠣᠬ᠎ᠠ ᠲᠠᠢ ᠱᠦᠭᠦᠭᠳᠡᠪᠡ ᠭᠡᠳᠡᠭ᠃  
 
ᠢᠷᠡᠯᠲᠡ᠄ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号