ᠪᠣᠭᠤ ᠵᠢᠷᠬᠢᠭᠡ
ᠨᠡᠶᠢᠲᠡᠯᠡᠭᠰᠡᠨ ᠴᠠᠭ᠄
2017/2/14
       ᠪᠣᠭᠤ ᠵᠢᠷᠬᠢᠭᠡ ᠶᠢᠨ ᠨᠢᠭᠡᠨ ᠳᠦᠷᠦᠯ᠃ ᠡᠭᠦᠨ ᠢ ᠪᠠᠰᠠ ᠬᠤᠷᠢᠨ ᠳᠦᠷᠪᠡ ᠨᠠᠭᠠᠳᠬᠤ᠂ ᠬᠤᠶᠠᠷ ᠠᠭᠤᠯᠠ ᠲᠠᠢ ᠪᠣᠭᠤ ᠵᠢᠷᠬᠢᠭᠡ᠂ ᠬᠤᠶᠠᠷ ᠪᠣᠭᠤ ᠲᠠᠢ ᠪᠣᠭᠤ ᠵᠢᠷᠬᠢᠭᠡ ᠬᠡᠳᠡᠭ᠃ ᠬᠦᠯᠭᠡ ᠶᠢ ᠨᠢ ᠴᠠᠭᠠᠰᠣ ᠪᠣᠶᠣ ᠪᠠᠩᠵᠠᠨ ᠳᠡᠭᠡᠷ᠎ᠡ ᠳᠡᠭᠰᠢ ᠳᠦᠷᠪᠡᠯᠵᠢᠨ ᠵᠢᠷᠣᠵᠣ ᠳᠡᠭᠦᠨ ᠢ ᠬᠦᠨᠳᠡᠯᠡᠨ ᠢᠶᠠᠷ ᠨᠢ ᠭᠤᠷᠪᠠᠨ ᠰᠢᠯᠣᠭᠤᠨ ᠵᠢᠷᠣᠵᠣ ᠠᠳᠠᠯᠢᠬᠠᠨ ᠳᠦᠷᠪᠡᠨ ᠬᠡᠰᠡᠭ ᠬᠤᠪᠢᠶᠠᠵᠣ᠂ ᠭᠤᠯᠳᠣ ᠪᠠᠷ ᠨᠢ ᠪᠰᠠ ᠭᠤᠷᠪᠠᠨ ᠰᠢᠯᠣᠭᠤᠨ ᠵᠢᠷᠣᠵᠣ ᠠᠳᠠᠯᠢᠬᠠᠨ ᠳᠦᠷᠪᠡᠨ ᠬᠡᠰᠡᠭ ᠬᠤᠪᠢᠶᠠᠵᠣ᠂ ᠨᠡᠶᠢᠳᠡ ᠠᠷᠪᠠᠨ ᠵᠢᠷᠭᠤᠭᠠᠨ ᠳᠡᠭᠰᠢ ᠳᠦᠷᠪᠡᠯᠵᠢᠨ ᠴᠤᠩᠬᠤ ᠭᠠᠷᠭᠠᠨ᠎ᠠ᠃ ᠳᠦᠷᠪᠡᠨ ᠳᠣᠮᠣ ᠴᠣᠩᠬᠤ ᠪᠦᠷᠢ ᠶᠢᠨ ᠳᠦᠷᠪᠡᠨ ᠦᠨᠴᠦᠭ ᠢ ᠬᠤᠯᠪᠣᠵᠣ᠂ ᠳᠦᠷᠪᠡᠯᠵᠢᠨ ᠬᠦᠷᠢᠶ᠎ᠡ ᠲᠠᠢ《米》 ᠦᠰᠦᠭ ᠢ ᠳᠦᠷᠪᠡ ᠪᠠᠷ ᠨᠡᠶᠢᠯᠡᠭᠦᠯᠦᠭᠰᠡᠨ ᠮᠡᠳᠦ ᠬᠦᠯᠭᠡ ᠵᠢᠷᠣᠨ᠎ᠠ᠃ ᠬᠤᠶᠠᠷ ᠳᠠᠯ᠎ᠠ ᠳᠤ ᠨᠢ ᠳᠣᠰ ᠪᠦᠷᠢ ᠨᠢᠭᠡ ᠠᠭᠤᠯᠠ ᠲᠠᠢ᠃ ᠨᠢᠭᠡ ᠠᠭᠤᠯᠠ ᠶᠢ ᠨᠢ ᠳᠡᠭᠡᠷ᠎ᠡ ᠪᠠᠨ ᠬᠦᠨᠳᠡᠯᠡᠨ ᠭᠤᠷᠪᠠᠨ ᠪᠠᠭᠤᠳᠠᠯ ᠲᠠᠢ᠂ ᠭᠤᠷᠪᠠᠯᠵᠢᠨ ᠬᠡᠯᠪᠡᠷᠢ ᠲᠠᠢ ᠵᠢᠷᠣᠭᠠᠳ ᠳᠡᠭᠦᠨ ᠢᠶᠠᠨ ᠳᠠᠩᠭᠤᠳ ᠠᠭᠤᠯᠠ ᠭᠡᠳᠡᠭ᠃ ᠪᠠᠰᠠ ᠨᠢᠭᠡ ᠶᠢ ᠨᠢ ᠳᠡᠭᠡᠷ᠎ᠡ᠂ ᠳᠣᠮᠳᠠ᠂ ᠵᠡᠭᠦᠨ᠂ ᠪᠠᠷᠠᠭᠤᠨ ᠳᠦᠷᠪᠡᠨ ᠰᠠᠭᠤᠳᠠᠯ ᠲᠠᠢ ᠳᠦᠷᠪᠡᠯᠵᠢᠨ ᠬᠡᠯᠪᠡᠷᠢ ᠲᠠᠢ ᠵᠢᠷᠣᠭᠠᠳ ᠮᠣᠩᠭᠤᠯ ᠠᠭᠤᠯᠠ ᠬᠡᠳᠡᠭ᠃ ᠠᠭᠤᠯᠠᠨ ᠰᠡᠵᠢᠭᠦᠷ ᠢᠶᠠᠨ ᠳᠣᠰ ᠳᠣᠰ ᠳᠤᠨᠢ ᠬᠤᠯᠪᠣᠪᠠᠯ ᠭᠤᠴᠢᠨ ᠳᠠᠪᠣᠨ ᠪᠠᠯᠴᠢᠷ ᠤᠨ ᠪᠠᠭᠤᠳᠠᠯ ᠲᠠᠢ ᠪᠦᠳᠦᠨ ᠬᠦᠯᠭᠡ ᠪᠣᠯᠳᠠᠭ᠃ ᠪᠣᠭᠤ ᠶᠢ ᠪᠣᠳᠤᠭ ᠲᠠᠢ ᠣᠩᠭᠤᠳ ᠱᠠᠭ᠎ᠠ ᠪᠠᠷ ᠣᠷᠣᠯᠠᠭᠤᠯᠬᠤ ᠪᠣᠶᠣ ᠦᠭᠡᠷ᠎ᠡ ᠶᠠᠭᠤᠮ᠎ᠠ ᠪᠠᠷ ᠣᠷᠣᠯᠠᠭᠤᠯᠣᠭᠰᠠᠨ ᠴᠦ ᠪᠣᠯᠣᠨ᠎ᠠ᠃ ᠨᠣᠬᠠᠳ ᠢ ᠬᠤᠨᠢ ᠢᠮᠠᠭᠠᠨ ᠤ ᠱᠠᠭ᠎ᠠ ᠪᠠᠷ ᠣᠷᠣᠯᠠᠭᠤᠯᠬᠤ ᠪᠣᠶᠣ ᠦᠭᠡᠷ᠎ᠡ ᠶᠠᠭᠤᠮ᠎ᠠ ᠪᠠᠷ ᠣᠷᠣᠯᠠᠭᠤᠯᠣᠭᠰᠠᠨ ᠴᠦ ᠪᠣᠯᠣᠨ᠎ᠠ᠃               ᠬᠠᠯᠵᠠᠨ ᠪᠣᠭᠤ ᠶᠢ ᠬᠤᠶᠠᠷ ᠬᠦᠮᠦᠨ ᠨᠠᠭᠠᠳᠣᠨ᠎ᠠ᠃ ᠪᠣᠭᠤ ᠶᠠᠪᠣᠭᠤᠯᠣᠭᠴᠢ ᠶᠢ ᠪᠣᠭᠤ ᠪᠠᠷᠢᠭᠴᠢ ᠬᠡᠵᠦ᠂ ᠨᠣᠬᠠᠢ ᠳᠠᠯᠪᠢᠭᠴᠢ ᠶᠢ ᠨᠣᠬᠠᠢ ᠪᠠᠷᠢᠭᠴᠢ ᠭᠡᠳᠡᠭ᠃ ᠪᠣᠭᠤ ᠪᠠᠨ ᠪᠣᠭᠤ ᠪᠠᠷᠢᠭᠴᠢ ᠡᠷᠭᠡᠪᠡᠰᠢ ᠬᠤᠶᠠᠷ ᠠᠭᠤᠯᠠᠨ ᠪᠣᠭᠤᠮ᠎ᠠ ᠳᠤ ᠳᠠᠯᠪᠢᠨ᠎ᠠ᠃ ᠨᠣᠬᠠᠢ ᠪᠠᠷᠢᠭᠴᠢ 8 ᠨᠣᠬᠠᠢ ᠶᠢ ᠳᠦᠷᠪᠡᠨ ᠨᠠᠢᠮᠠᠨ᠂ ᠳᠦᠷᠪᠡᠨ ᠪᠠᠭ᠎ᠠ ᠭᠤᠣᠯ ᠳᠤ ᠳᠦᠷᠪᠡᠯᠵᠢᠯᠡᠨ ᠪᠠᠶᠢᠷᠢᠯᠠᠭᠤᠯᠳᠠᠭ᠃ ᠬᠤᠶᠠᠷ ᠠᠭᠤᠯᠠ ᠲᠠᠢ ᠪᠣᠭᠤ ᠵᠢᠷᠬᠢᠭᠡ ᠳᠤ ᠶᠡᠭᠡ ᠭᠤᠣᠯ ᠨᠢᠭᠡ᠂ ᠨᠠᠢᠮᠠᠨ ᠳᠦᠷᠪᠡ᠂ ᠪᠠᠭ᠎ᠠ ᠭᠤᠣᠯ ᠳᠦᠷᠪᠡ᠂ ᠠᠭᠤᠯᠠᠨ ᠪᠣᠭᠤᠮ᠎ᠠ ᠬᠤᠶᠠᠷ᠂ ᠪᠠᠯᠴᠢᠷ ᠨᠠᠢᠮᠠ᠂ ᠰᠡᠡᠴᠢᠭ ᠳᠦᠷᠪᠡ᠂ ᠠᠭᠤᠯᠠᠨ ᠭᠤᠣᠯ ᠬᠤᠶᠠᠷ᠂ ᠠᠭᠤᠯᠠᠨ ᠰᠡᠵᠢᠭᠦᠷ ᠳᠦᠷᠪᠡ᠂ ᠠᠭᠤᠯᠠᠨ ᠣᠷᠣᠢ ᠬᠤᠶᠠᠷ ᠪᠠᠶᠢᠳᠠᠭ᠃ ᠪᠣᠭᠤ ᠪᠠ ᠨᠣᠬᠠᠢ ᠪᠠᠨ ᠪᠠᠶᠢᠷᠢᠰᠢᠭᠤᠯᠣᠭᠰᠠᠨ ᠤ ᠳᠠᠷᠠᠭ᠎ᠠ᠂ ᠪᠣᠭᠤ ᠪᠠᠷᠢᠭᠴᠢ ᠨᠢ ᠳᠠᠯ᠎ᠠ ᠶᠢᠨ ᠨᠣᠬᠠᠢ ᠶᠢ ᠢᠳᠡᠳᠡᠭ᠃ ᠣᠷᠢᠳᠠ  ᠪᠠᠷ ᠡᠬᠢᠯᠡᠨ ᠨᠡᠬᠦᠵᠦ ᠡᠰᠡᠷᠬᠦ ᠳᠠᠯ᠎ᠠ ᠶᠢᠨ ᠨᠣᠬᠠᠢ ᠶᠢ ᠢᠳᠡᠳᠡᠭ᠃ ᠨᠣᠬᠠᠢ ᠪᠠᠷᠢᠭᠴᠢ 24 ᠨᠣᠬᠠᠢ ᠪᠠᠨ ᠪᠦᠭᠦᠨ ᠢ ᠳᠠᠯᠪᠢᠵᠦ ᠪᠠᠷᠠᠬᠤ ᠠᠴᠠ ᠣᠷᠢᠳ ᠨᠣᠬᠠᠢ ᠪᠠᠨ ᠨᠡᠭᠦᠵᠦ ᠦᠯᠦ ᠪᠣᠯᠣᠨ᠎ᠠ᠃ ᠪᠣᠭᠤ ᠪᠠᠷᠢᠭᠴᠢ ᠬᠠᠷᠢᠨ ᠠᠯᠢ ᠠᠰᠢᠭᠳᠠᠢ ᠳᠡᠰᠢ ᠢᠳᠡᠨ ᠨᠡᠭᠦᠵᠦ ᠪᠣᠯᠳᠠᠭ᠃ ᠪᠣᠭᠤ ᠶᠡᠷᠦ ᠳᠡᠭᠡᠨ ᠠᠰ ᠱᠣᠭᠤᠮ ᠳᠤ ᠵᠡᠷᠭᠡᠴᠡᠭᠰᠡᠨ ᠭᠤᠷᠪᠠᠨ ᠪᠠᠭᠤᠳᠠᠯ ᠤᠨ ᠡᠨᠡ ᠪᠠᠭᠤᠳᠠᠯ ᠠᠴᠠ ᠨᠣᠬᠠᠢ ᠶᠢᠨ ᠳᠡᠭᠡᠭᠦᠷ ᠦᠰᠦᠷᠴᠦ ᠳᠡᠷᠡ ᠪᠠᠭᠤᠳᠠᠯ ᠳᠤ ᠰᠠᠭᠤᠭᠠᠳ ᠭᠤᠷᠪᠠᠨ ᠪᠠᠭᠤᠳᠠᠯ ᠤᠨ ᠳᠣᠮᠳᠠ ᠪᠠᠭᠤᠳᠠᠯ ᠳᠤ ᠪᠠᠶᠢᠭᠰᠠᠨ ᠨᠣᠬᠠᠢ ᠶᠢ ᠢᠳᠡᠳᠡᠭ᠃ ᠪᠣᠭᠤ ᠳᠤ ᠢᠳᠡᠭᠳᠡᠭᠰᠡᠨ ᠨᠣᠬᠠᠢ ᠶᠢ ᠪᠣᠭᠤ ᠪᠠᠷᠢᠭᠴᠢ ᠬᠦᠯᠭᠡᠨ ᠳᠡᠭᠡᠷ᠎ᠡ ᠠᠴᠠ ᠠᠪᠴᠣ ᠬᠠᠶᠠᠳᠠᠭ᠃ ᠪᠣᠭᠤ ᠢᠳᠡᠰᠢ ᠦᠬᠡᠢ ᠪᠣᠯ ᠭᠤᠷᠪᠠᠨ ᠪᠠᠭᠤᠳᠠᠯ  ᠢᠶᠠᠷ ᠦᠰᠦᠷᠴᠦ ᠶᠠᠪᠣᠬᠤ ᠦᠬᠡᠢ᠂ ᠬᠠᠷᠢᠨ ᠨᠢᠭᠡ ᠨᠢᠭᠡ ᠪᠠᠭᠤᠳᠠᠯ ᠢᠶᠠᠷ ᠨᠡᠭᠦᠳᠡᠭ ᠪᠦᠭᠡᠳ ᠢᠳᠡᠭᠰᠡᠨ ᠴᠦ ᠳᠡᠷᠡ᠂ ᠡᠰᠡ ᠢᠳᠡᠭᠰᠡᠨ ᠴᠦ ᠳᠡᠷᠡ᠂ ᠪᠣᠭᠤ ᠨᠢᠭᠡ ᠨᠡᠭᠦᠪᠡᠯ ᠨᠣᠬᠠᠢ ᠪᠠᠷᠢᠭᠴᠢ ᠨᠣᠬᠠᠢ ᠪᠠᠨ ᠠᠯᠢ ᠠᠰᠢᠭᠳᠠᠢ ᠪᠠᠭᠤᠳᠠᠯ ᠳᠤ  ᠪᠠᠨ ᠳᠠᠯᠪᠢᠳᠠᠭ᠃ ᠡᠨᠡ ᠮᠡᠳᠦ ᠪᠠᠷ 24 ᠨᠣᠬᠠᠢ ᠪᠠᠨ ᠪᠦᠬᠦᠨ ᠢ ᠳᠠᠯᠪᠢᠵᠦ ᠪᠠᠷᠠᠭᠰᠠᠨ ᠤ ᠳᠠᠷᠠᠭ᠎ᠠ ᠨᠣᠬᠠᠳ ᠢᠶᠠᠨ ᠨᠢᠭᠡ ᠨᠢᠭᠡ ᠪᠠᠭᠤᠳᠠᠯ ᠢᠶᠠᠷ ᠨᠡᠭᠦᠯᠭᠡᠨ ᠪᠣᠭᠤ ᠶᠢ ᠶᠠᠪᠣᠬᠤ ᠵᠠᠮ ᠦᠬᠡᠢ ᠪᠣᠯᠭᠠᠨ ᠬᠤᠷᠢᠵᠣ ᠠᠪᠬᠤ ᠪᠠᠷ ᠳᠡᠮᠡᠴᠡᠳᠡᠭ᠃ ᠨᠣᠬᠠᠳ ᠢᠶᠠᠨ ᠰᠢᠯᠵᠢᠭᠦᠯᠦᠨ ᠨᠡᠭᠦᠯᠬᠡᠬᠦ ᠶᠢ ᠨᠣᠬᠠᠢ ᠳᠠᠳᠠᠬᠤ ᠬᠡᠳᠡᠭ᠃ ᠪᠣᠭᠤ ᠶᠢᠨ ᠬᠦᠳᠡᠯᠬᠦ ᠶᠢ ᠬᠦᠯᠢᠶᠡᠵᠦ ᠬᠠᠮᠢᠶ᠎ᠠ ᠦᠬᠡᠢ ᠪᠠᠶᠢᠬᠤ ᠨᠣᠬᠠᠢ ᠪᠠᠨ ᠬᠦᠳᠡᠯᠭᠡᠨ ᠡᠭᠡᠯᠵᠢ ᠦᠩᠬᠡᠷᠡᠭᠦᠯᠬᠦ ᠶᠢ ᠰᠣᠯᠠ ᠨᠣᠬᠠᠢ ᠨᠡᠭᠦᠯᠭᠡᠬᠦ ᠬᠡᠳᠡᠭ᠃ ᠪᠣᠭᠤ ᠶᠢᠨ ᠶᠠᠪᠣᠬᠤ ᠵᠠᠮ ᠢ ᠬᠠᠰᠢᠵᠣ᠂ ᠨᠢᠭᠡ ᠯᠡ ᠱᠣᠭᠤᠮ ᠳᠡᠭᠡᠷ᠎ᠡ 2 ᠨᠣᠬᠠᠢ ᠴᠣᠪᠣᠷᠠᠨ ᠵᠢᠭᠰᠠᠪᠠᠯ ᠢᠳᠡᠵᠦ ᠪᠣᠯᠬᠤ ᠦᠬᠡᠢ ᠪᠦᠭᠡᠳ ᠦᠨᠴᠦᠭ ᠡᠷᠬᠢᠨ ᠢᠳᠡᠵᠦ ᠴᠦ ᠪᠣᠯᠬᠤ ᠦᠬᠡᠢ᠃ ᠪᠣᠭᠤ ᠬᠤᠶᠠᠷ ᠢᠳᠡᠰᠢ ᠲᠠᠢ ᠰᠠᠭᠤᠳᠠᠯ  ᠳᠤ ᠳᠠᠭᠠᠷᠠᠪᠠᠯ 1 ᠨᠣᠬᠠᠢ ᠶᠢ ᠣᠯᠵᠣ ᠢᠳᠡᠨ᠎ᠡ᠃ ᠨᠣᠬᠠᠢ ᠨᠢ ᠪᠣᠭᠤ ᠶᠢ ᠵᠠᠪᠠᠯ ᠬᠤᠣᠰ ᠠᠴᠠ ᠳᠡᠭᠡᠭᠰᠢ ︵ᠬᠤᠣᠰ ᠪᠠᠭᠳᠠᠨ᠎ᠠ︶ ᠪᠠᠭᠤᠳᠠᠯ ᠤᠨ ᠵᠠᠮ ᠢ ᠪᠦᠭᠯᠡᠵᠦ ᠰᠠᠭᠤᠪᠠᠯ ᠰᠠᠶ᠋ᠢ ᠬᠤᠷᠢᠵᠣ ᠴᠢᠳᠠᠳᠠᠭ᠃ ᠬᠠᠯᠵᠠᠨ ᠪᠣᠭᠤ ᠶᠢᠨ ᠵᠢᠷᠬᠢᠭᠡ ᠳᠤ ᠠᠭᠤᠯᠠᠨ ᠪᠠᠭᠤᠳᠠᠯ ᠠᠷᠪᠠ᠂ ᠳᠠᠯ᠎ᠠ ᠶᠢᠨ ᠪᠠᠭᠤᠳᠠᠯ ᠬᠤᠷᠢᠨ ᠳᠠᠪᠤ ᠪᠠᠶᠢᠳᠠᠭ᠃ ᠠᠭᠤᠯᠠᠨ ᠪᠠᠭᠤᠳᠠᠯ  ᠤᠨ ᠳᠣᠳᠣᠷ᠎ᠠ ᠪᠣᠰᠤᠭ᠎ᠠ ᠠᠭᠤᠯᠠ ︵ᠮᠣᠩᠭᠤᠯ ᠠᠭᠤᠯᠠ︶ ᠨᠢ ᠳᠦᠷᠪᠡᠨ ᠪᠠᠭᠤᠳᠠᠯ ᠲᠠᠢ᠂ ᠬᠡᠪᠳᠡᠭᠡ ᠠᠭᠤᠯᠠ ︵ᠳᠠᠩᠭᠤᠳ ᠠᠭᠤᠯᠠ︶ ᠨᠢ ᠵᠢᠷᠭᠤᠭᠠᠨ ᠪᠠᠭᠤᠳᠠᠯ ᠲᠠᠢ᠃ ᠠᠭᠤᠯᠠᠨ ᠳᠠᠯ᠎ᠠ ᠶᠢᠨ ᠪᠠᠭᠤᠳᠠᠯ ᠢᠶᠠᠷ ᠪᠣᠭᠤ ᠨᠣᠬᠠᠳ ᠬᠦᠨᠳᠡᠯᠡᠨ ᠭᠤᠯᠳᠣ ᠳᠣᠷ᠎ᠠ ᠪᠠᠷ ᠢᠶᠠᠨ ᠶᠠᠪᠣᠳᠠᠭ ᠨᠢ ᠪᠣᠭᠤ ᠵᠢᠷᠭᠢᠭᠡ ᠶᠢᠨ ᠣᠨᠴᠠᠯᠢᠭ ᠮᠦᠨ᠃ ᠪᠣᠭᠤ ᠭᠡᠷᠪᠡ ᠶᠡᠭᠡ ᠭᠤᠣᠯ ᠪᠣᠶᠣ ᠨᠠᠢᠮᠠᠨ ᠳᠤ ᠰᠠᠭᠤᠴᠢᠬᠠᠪᠠᠯ ᠬᠤᠷᠢᠬᠤ ᠳᠤ ᠬᠦᠴᠢᠷᠳᠠᠢ ᠪᠣᠯᠳᠠᠭ᠃ ᠡᠨᠡ ᠦᠶᠡᠰ ᠨᠣᠬᠠᠢ ᠪᠠᠷᠢᠭᠴᠢ ᠨᠣᠬᠠᠢ ᠳᠤ ᠪᠠᠨ ᠠᠰᠢᠭᠳᠠᠢ᠂ ᠪᠣᠭᠤ ᠳᠤ ᠬᠠᠷᠰᠢ ᠲᠠᠢ ᠵᠦᠭ ᠲᠤ ᠰᠣᠯᠠ ᠦᠰᠦᠷᠦᠯᠳᠡ ᠭᠠᠷᠭᠠᠨ ᠪᠣᠭᠤ ᠳᠤ ᠢᠳᠡᠰᠢ ᠦᠭᠳᠡᠭ᠃ ᠪᠣᠭᠤ ᠳᠡᠷᠡ ᠨᠣᠬᠠᠢ ᠶᠢ ᠢᠳᠡᠪᠡᠯ ᠨᠣᠬᠠᠢ ᠪᠠᠷᠢᠭᠴᠢ ᠰᠣᠯᠠ ᠨᠣᠬᠠᠢ ᠪᠠᠨ ᠳᠠᠳᠠᠨ ᠣᠷᠣᠭᠤᠯᠵᠣ ᠂ ᠳᠡᠷᠡ ᠬᠦ ᠴᠢᠬᠤᠯᠠ ᠪᠠᠶᠢᠷᠢ ᠶᠢ ᠡᠵᠡᠯᠡᠳᠡᠭ᠃ ᠢᠳᠡᠰᠢ ᠦᠭᠴᠦ ᠪᠠᠶᠢᠳᠠᠯ᠎ᠠ ᠪᠣᠭᠤ ᠢᠳᠡᠭᠦ ᠦᠬᠡᠢ ᠪᠣᠯ ᠯᠠᠶᠢᠮᠣᠣᠷ  ᠲᠠᠢ ᠨᠠᠭᠠᠳᠣᠮ ᠪᠣᠯᠳᠠᠭ᠃ ᠯᠠᠶᠢᠮᠣᠣᠷᠳᠠᠵᠣ ᠪᠠᠶᠢᠭᠠᠳ ᠠᠷᠭ᠎ᠠ ᠣᠬᠠᠭᠠᠨ ᠢᠶᠠᠷ ᠳᠣᠶᠢᠯᠳᠠᠭᠠᠳ ᠶᠡᠭᠡ ᠭᠤᠣᠯ᠂ ᠨᠠᠢᠮᠠᠨ ᠮᠡᠳᠦ ᠶᠢᠨ ᠨᠣᠬᠠᠢ ᠣᠯᠠᠨ ᠬᠡᠷᠡᠭᠰᠡᠬᠦ ᠭᠠᠵᠠᠷ ᠲᠤ ᠬᠤᠷᠢᠭᠳᠠᠪᠠᠯ ᠬᠦᠮᠦᠨ ᠤ ᠡᠯᠡᠭ ᠪᠣᠯᠳᠠᠭ᠃ ᠬᠠᠯᠵᠠᠨ ᠪᠣᠭᠤ ᠶᠢᠨ ᠱᠦᠬᠦᠨ ᠱᠦᠭᠦᠭᠳᠡᠬᠦ ᠨᠢ ᠭᠤᠣᠯᠳᠠᠭᠤ ᠬᠠᠮᠤᠭ ᠰᠡᠭᠦᠯ ᠳᠤ ᠨᠢ ᠪᠣᠭᠤ ᠨᠣᠬᠠᠢ ᠳᠤ ᠬᠠᠰᠢᠭᠳᠠᠭᠠᠳ ᠬᠦᠳᠡᠯᠬᠦ ᠭᠠᠵᠠᠷ ᠦᠬᠡᠢ ᠪᠣᠯᠪᠠᠯ ᠪᠣᠭᠤ ᠪᠠᠷᠢᠭᠴᠢ ᠱᠦᠭᠦᠭᠳᠡᠳᠡᠭ᠃ ᠨᠣᠬᠠᠢ ᠣᠯᠠᠨ ᠢᠳᠡᠭᠳᠡᠵᠦ᠂ ᠪᠣᠭᠤ ᠶᠢ ᠬᠠᠰᠢᠵᠣ ᠴᠢᠳᠠᠬᠤ ᠦᠬᠡᠢ ᠪᠣᠯᠪᠠᠯ ᠨᠣᠬᠠᠢ ᠪᠠᠷᠢᠭᠴᠢ ᠱᠦᠭᠦᠭᠳᠡᠳᠡᠭ᠃ ᠨᠢᠭᠡ ᠪᠣᠭᠤ ᠶᠢ ᠨᠢ ᠬᠤᠷᠢᠭᠠᠳ ᠨᠦᠬᠦᠭᠡ ᠪᠣᠭᠤ ᠶᠢ ᠨᠢ ᠬᠤᠷᠢᠵᠣ ᠳᠡᠶᠢᠯᠭᠦ ᠦᠬᠡᠢ ᠪᠣᠯ ᠮᠦᠨ ᠨᠣᠬᠠᠢ ᠪᠠᠷᠢᠭᠴᠢ ᠱᠦᠭᠦᠭᠳᠡᠭᠰᠡᠨ ᠳᠤ ᠳᠣᠭᠠᠴᠠᠭᠳᠠᠨ᠎ᠠ᠃ ᠬᠠᠯᠵᠠᠨ ᠪᠣᠭᠤ ᠬᠠᠶᠢᠨᠴᠠᠬᠤ ᠶᠠᠪᠣᠳᠠᠯ ᠦᠬᠡᠢ᠂ ᠬᠠᠮᠤᠭ ᠤᠨ ᠰᠠᠶᠢᠨ ᠱᠦᠭᠦᠯᠳᠡ ᠪᠣᠯ ᠬᠤᠰᠢᠭᠤᠯᠠᠵᠣ ᠬᠤᠷᠢᠬᠤ ᠪᠣᠶᠣ ᠪᠦᠭᠡᠷᠡᠯᠡᠵᠦ ᠬᠤᠷᠢᠬᠤ ᠬᠡᠳᠡᠭ᠃ ᠳᠣᠬᠠᠶᠢᠯᠠᠪᠠᠯ ᠵᠠᠪᠠᠯ 2 ᠪᠣᠭᠤ ᠶᠢ ᠬᠠᠰᠢᠵᠣ ᠪᠠᠶᠢᠭᠠᠳ ᠵᠡᠷᠭᠡᠴᠡᠭᠡ ᠬᠤᠶᠠᠷ ᠪᠠᠯᠴᠢᠷ ᠲᠤ ᠰᠡᠡᠴᠢᠭ ᠤᠨ ᠬᠤᠶᠠᠷ ᠳᠠᠯ᠎ᠠ ᠳᠤ ᠰᠡᠡᠴᠢᠭ ᠢ ᠬᠠᠪᠴᠢᠭᠤᠯᠵᠣ᠂ ᠭᠤᠣᠯ ᠤᠨ ᠰᠠᠭᠤᠳᠠᠯ ᠤᠨ ᠨᠣᠬᠠᠢ  ᠪᠠᠷ ᠣᠴᠢᠵᠣ ᠬᠠᠰᠢᠨ᠎ᠠ᠃ ᠪᠦᠭᠡᠷᠡᠯᠡᠭᠳᠡᠵᠦ ᠬᠤᠷᠢᠭᠳᠠᠬᠤ ᠨᠢ ᠬᠠᠯᠵᠠᠨ ᠪᠣᠭᠤ ᠨᠠᠭᠠᠳᠬᠤ ᠳᠤ ᠬᠠᠮᠤᠭ ᠤᠨ ᠮᠠᠭᠤᠬᠠᠢ ᠱᠦᠭᠦᠭᠳᠡᠯ ᠳᠤ ᠳᠣᠭᠠᠴᠠᠭᠳᠠᠨ᠎ᠠ᠃ ᠬᠤᠶᠠᠷ ᠠᠭᠤᠯᠠ ᠲᠠᠢ ᠪᠣᠭᠤ ᠶᠢᠨ ᠬᠦᠯᠭᠡ ᠶᠢ ᠪᠠᠰᠠ ᠬᠤᠶᠠᠷ ᠶᠠᠩᠵᠣ ᠪᠠᠷ ᠵᠢᠷᠣᠳᠠᠭ᠃ ᠳᠣᠬᠠᠶᠢᠯᠠᠪᠠᠯ ᠬᠤᠶᠠᠷ ᠮᠣᠩᠭᠤᠯ ᠠᠭᠤᠯᠠ ᠲᠠᠢ ᠪᠣᠭᠤ᠂ ᠳᠦᠷᠦᠭᠦᠴᠢ ᠶᠢᠨ ᠬᠢᠨᠢ ᠭᠤᠴᠢᠨ ᠭᠤᠷᠪᠠᠨ ᠪᠠᠭᠤᠳᠠᠯ ᠲᠠᠢ᠂ ᠰᠡᠭᠦᠯ ᠤᠨ ᠬᠢᠨᠢ ᠭᠤᠴᠢᠨ ᠳᠣᠯᠣᠭᠠᠨ ᠪᠠᠭᠤᠳᠠᠯ ᠲᠠᠢ᠃
 
ᠢᠷᠡᠯᠲᠡ᠄ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号