ᠨᠢᠭᠡ ᠰᠠᠭᠠᠯᠢ ᠶᠢᠨ ᠥᠨᠢᠶ᠎ᠠ ᠠᠴᠠ ᠵᠢᠯ ᠳᠤ ᠲᠥᠷᠪᠡᠨ ᠲᠥᠮᠡᠡ ᠲᠥᠬᠦᠷᠢᠭ ᠤᠨ  ᠤᠷᠤᠯᠭ᠎ᠠ ᠡᠬᠦᠳᠦᠭᠰᠡᠨ ᠭᠠᠶᠢᠬᠠᠮᠰᠢᠬ
ᠨᠡᠶᠢᠲᠡᠯᠡᠭᠰᠡᠨ ᠴᠠᠭ᠄
2017/2/15
      ᠮᠠᠯᠴᠢᠳ ᠰᠥ ᠰᠠᠭᠠᠯᠢ ᠶᠢᠨ ᠠᠵᠢᠯ ᠠᠴᠠ ᠪᠠᠨ ᠬᠤᠯᠠᠳᠠᠵᠤ᠂ ᠬᠦᠳᠡᠭᠡ ᠨᠤᠳᠤᠭ ᠲᠤ ᠴᠠᠭᠠᠠ ᠢᠳᠡᠭᠡ  ᠬᠤᠪᠤᠷᠳᠠᠵᠤ  ᠪᠠᠶᠢᠭ᠎ᠠ ᠴᠠᠭ ᠡᠷᠡᠨ ᠢᠶᠠᠷ ᠨᠢᠭᠡ ᠰᠠᠭᠠᠯᠢ ᠶᠢᠨ ᠥᠨᠢᠶ᠎ᠠ ᠠᠴᠠ ᠵᠢᠯ ᠳᠤ 4 ᠲᠥᠮᠡᠡ ᠲᠥᠬᠦᠷᠢᠭ ᠤᠨ  ᠠᠰᠢᠬ  ᠤᠯᠵᠤ  ᠪᠠᠶᠢᠭ᠎ᠠ  ᠨᠢᠬᠡ ᠮᠠᠯᠴᠢᠨ ᠪᠦᠰᠡᠬᠦᠢ ᠪᠠᠶᠢᠨ᠎ᠡ ᠭᠡᠳᠡᠭ ᠰᠤᠷᠠᠭ ᠢᠶᠠᠷ ᠰᠤᠷᠪᠤᠯᠵᠢᠯᠠᠬᠤ ᠪᠠᠷ ᠬᠦᠷᠦᠯ᠎ᠠ᠃               ᠳᠠᠳᠠᠨᠡᠶᠢᠬᠢᠠ ᠠᠯᠠᠱᠠ ᠵᠡᠬᠦᠨ ᠬᠤᠰᠢᠭᠤᠨ ᠤ ᠤᠯᠠᠨᠪᠤᠯᠠᠭ ᠪᠠᠯᠭᠠᠰᠤᠨ ᠤ ᠪᠠᠶᠠᠨᠮᠤᠳᠤ ᠭᠠᠴᠠᠭᠠᠠ ᠤ ᠵᠤᠯᠵᠠᠭᠠᠠ  ᠮᠤᠳᠤ ᠭᠡᠮᠡᠬᠦ ᠭᠠᠵᠠᠷ ᠲᠤ᠋ ᠨᠤᠳᠤᠭᠰᠢᠵᠤ ᠪᠠᠶᠢᠨ᠎ᠡ᠃ ᠬᠥᠰᠡᠵᠤ ᠵᠤᠷᠢᠬᠰᠠᠠ ᠠᠶᠢᠯ ᠤᠨ ᠭᠠᠳᠠᠨ᠎ᠠ ᠬᠥᠷᠬᠦ ᠳᠤ ᠭᠡᠷ ᠤᠨ ᠡᠵᠡᠭᠳᠡᠢ  ᠭᠡᠷ ᠲᠡᠭᠡᠨ  ᠪᠠᠶᠢᠬᠤ ᠥᠬᠡᠢ ᠪᠠᠶᠢᠯ᠎ᠠ᠃ ᠬᠥᠳᠡᠭᠡ ᠶᠢᠨ ᠠᠶᠢᠯ ᠤᠨ ᠠᠵᠢᠯ ᠭᠡᠳᠡᠭ ᠴᠢᠨᠢ  ᠲᠤᠯᠤᠭᠠᠢ ᠶᠢᠨ  ᠥᠰᠦᠨ ᠠᠴᠠ  ᠠᠷᠪᠢᠨ  ᠪᠠᠶᠢᠳᠠᠬ ᠢᠶᠠᠷ  ᠤᠳᠠᠯ ᠥᠬᠡᠢ ᠬᠠᠷᠢᠵᠤ ᠢᠷᠡᠬᠦ ᠪᠠᠶᠢᠯᠬᠦᠢ ᠭᠡᠮᠡᠡ ᠭᠡᠰᠡᠭ  ᠬᠥᠯᠢᠶᠠᠵᠤ  ᠰᠠᠭᠤᠳᠠᠯ᠎ᠠ  ᠭᠡᠷ ᠤᠨ  ᠡᠵᠡᠭᠳᠡᠢ  ᠥᠭᠡᠷ ᠢᠶᠠᠨ  ᠳᠠᠭᠤᠭᠠᠳ  ᠡᠮᠦᠨ᠎ᠡ ᠵᠥᠭ ᠠᠴᠠ ᠠᠶᠢᠰᠦᠢ ᠬᠠᠷᠠᠬᠳᠠᠯ᠎ᠠ᠃ ᠭᠡᠷ ᠤᠨ ᠡᠵᠡᠭᠳᠡᠢ ᠪᠢᠳᠡᠨ ᠲᠠᠢ ᠠᠮᠤᠷ ᠮᠡᠨᠳᠤ ᠠᠰᠠᠭᠤᠯᠴᠠᠬᠤ ᠶᠢᠨ ᠳᠠᠭᠠᠤ  ᠭᠡᠷ ᠤᠨ  ᠠᠷᠤ ᠳᠠᠬᠢ ᠱᠠᠳᠤ ᠪᠠᠷ ᠮᠠᠴᠤᠨ ᠪᠠᠶᠢᠰᠢᠩ ᠤᠨ ᠨᠢᠷᠤᠭᠤᠨ ᠳᠡᠭᠡᠷ᠎ᠠ ᠬᠠᠳᠠᠭᠠᠵᠤ  ᠪᠠᠶᠢᠬᠰᠠᠠ  ᠫᠢᠯᠡ ᠲᠠᠢ  ᠱᠥᠬᠦᠷᠮᠡᠭ ᠢᠶᠠᠨ  ᠱᠠᠯᠠᠪᠬᠠᠠ ᠭᠡᠷ ᠲᠡᠭᠡᠨ ᠤᠷᠤᠭᠤᠯᠵᠤ᠂ ᠨᠢᠬᠡ ᠳᠠᠯ᠎ᠠ ᠪᠠᠷ ᠪᠢᠳᠠᠠ ᠲᠠᠢ ᠡᠨᠠ ᠳᠠᠷᠠ ᠭᠡᠵᠤ ᠶᠠᠷᠢᠯᠴᠠᠬᠤ ᠶᠢᠨ ᠵᠠᠪᠰᠠᠷ ᠭᠡᠷ ᠤᠨ  ᠡᠬᠦᠳᠡᠨ ᠠᠴᠠ  ᠠᠯᠳᠠ  ᠵᠠᠶᠢᠳᠠᠢ ᠬᠤᠳᠳᠤᠭ ᠤᠨ ᠮᠠᠰᠢᠨ ᠤ ᠪᠠᠨ ᠳᠠᠷᠤᠭᠤᠯ ᠢ ᠳᠠᠷᠤᠵᠤ ᠥᠭᠡᠷ ᠪᠤᠯᠤᠨ ᠢᠮᠠᠭ᠎ᠠ ᠬᠤᠨᠢ ᠪᠠᠨ ᠤᠰᠤᠯᠠᠠ ᠶᠠᠭᠠᠷᠠᠤᠬᠠᠠ  ᠪᠠᠶᠢᠭ᠎ᠠ ᠠᠴᠠ ᠨᠢ ᠳᠤᠩ ᠱᠠᠯᠠᠮᠠᠬ ᠬᠥᠮᠦᠨ ᠭᠡᠳᠡᠭ ᠨᠢ ᠢᠯᠡᠭᠡᠠ᠃ ᠳᠠᠷᠠ ᠪᠤᠯ  ᠪᠢᠳᠠᠠ ᠤ  ᠰᠤᠷᠪᠤᠯᠵᠢᠯᠠᠬᠤ  ᠭᠡᠵᠤ  ᠵᠤᠷᠢᠵᠤ  ᠬᠦᠷᠦᠭᠰᠡᠠ  ᠤᠶᠤᠨᠭᠡᠷᠡᠯ ᠪᠢᠯᠡ᠃ ᠤᠶᠤᠨᠭᠡᠷᠡᠯ ᠡᠨᠡ ᠨᠤᠳᠤᠭ ᠲᠤ ᠭᠡᠳᠤᠨ ᠠᠷᠪᠠᠨ ᠵᠢᠯ ᠮᠠᠯ ᠮᠠᠯᠵᠢᠵᠤ ᠨᠤᠳᠤᠬᠰᠢᠵᠤ᠂ ᠡᠳᠦᠭᠡ ᠴᠥᠭᠡᠨ ᠴᠤ ᠭᠡᠰᠡᠡ  ᠬᠤᠷᠢᠨ ᠥᠭᠡᠷ᠂ ᠵᠠᠭᠤᠭᠠᠳ ᠬᠤᠨᠢ ᠢᠮᠠᠭ᠎ᠠ᠂ ᠰᠠᠭᠠᠯᠢ ᠶᠢᠨ ᠥᠨᠢᠶ᠎ᠡ ᠪᠠᠨ ᠰᠠᠭᠠᠵᠤ ᠮᠠᠯᠯᠠᠵᠤ᠂ ︽ᠡᠳ᠋ᠯᠡᠵᠤ ᠪᠠᠶᠢᠪᠠᠯ ᠡᠳ᠋  ᠪᠠᠶᠠᠨ᠂  ᠵᠠᠯᠪᠠᠷᠢᠵᠤ ᠪᠠᠶᠢᠪᠠᠯ ᠵᠠᠶᠠᠭ᠎ᠠ ᠪᠠᠶᠠᠨ︾ ᠭᠡᠭᠴᠢ ᠪᠠᠷ ᠠᠷᠪᠠᠭᠠᠳ ᠵᠢᠯ ᠰᠠᠭᠠᠯᠢ ᠶᠢᠨ ᠥᠨᠢᠶ᠎ᠡ ᠪᠠᠷ ᠢᠶᠠᠨ ᠭᠤᠤᠯ ᠤᠷᠤᠯᠭ᠎ᠠ ᠪᠠᠨ ᠪᠤᠯᠭᠠᠵᠤ᠂  ᠲᠠᠩᠰᠤᠬ ᠪᠠᠶᠠᠨ ᠭᠡᠰᠢᠭ ᠢᠶᠠᠨ ᠳᠠᠪᠠᠳᠠᠢ ᠰᠠᠶᠢᠬᠠᠠ ᠡᠳ᠋ᠯᠡᠵᠤ ᠪᠠᠶᠢᠨ᠎ᠠ᠃ ᠳᠠᠳᠠᠠ ᠤ ᠠᠮᠢᠠ ᠤᠨᠳᠤᠷᠤᠯᠭ᠎ᠠ ᠶᠢᠨ ᠭᠤᠤᠯ ᠢᠷᠡᠯᠳᠠ ᠪᠤᠯᠵᠤ  ᠪᠠᠶᠢᠭ᠎ᠠ ᠡᠨᠡᠬᠦ ᠰᠠᠭᠠᠯᠢ ᠶᠢᠨ ᠦᠨᠢᠶ᠎ᠠ ᠶᠢ ︽ᠥᠰᠦᠳᠡᠢ ᠬᠠᠯᠵᠠᠠ︾ ᠭᠡᠳᠡᠭ᠃               ᠡᠳᠤᠷ ᠲᠤ᠋ ᠪᠠᠷᠤᠭ 38 ᠵᠢᠩ ᠰᠥ ᠰᠠᠭᠠᠵᠤ᠂ ᠠᠶᠢᠷᠠᠬ᠂ ᠥᠷᠦᠮ᠎ᠠ᠂ ᠱᠥᠬᠦᠷᠮᠡᠭ᠂  ᠰᠢᠷ᠎ᠠ  ᠲᠤᠰᠤ ᠶᠢ  ᠬᠢᠵᠤ  ᠪᠠᠵᠠᠭᠠᠵᠤ ᠪᠠᠶᠢᠳᠠᠭ ᠢᠶᠠᠷ ᠠᠶᠢᠯ ᠠᠶᠢᠮᠠᠭ ᠨᠢ ᠬᠤᠶᠢᠨ᠎ᠠ ᠬᠤᠶᠢᠨ᠎ᠠ ᠠᠴᠠ ᠪᠤᠯᠵᠤᠨ ᠴᠠᠭᠠᠠ ᠢᠳᠡᠭᠡ ᠬᠤᠳᠠᠯᠳᠤᠨ  ᠠᠪᠳᠠᠬ  ᠠᠵᠢ᠃  ᠵᠠᠷᠢᠮ ᠳᠠᠭᠠᠨ ᠭᠡᠷᠡᠭᠯᠡᠭᠴᠢᠳ ᠤᠨ ᠭᠡᠷᠡᠭᠴᠡᠭᠡ ᠶᠢ ᠬᠠᠨᠭ᠍ᠭᠠᠵᠤ ᠴᠢᠳᠠᠬᠤ ᠥᠬᠡᠢ ᠬᠡᠮᠵᠢᠶᠠᠨ ᠳᠤ ᠬᠥᠷᠴᠤ᠂ ᠤᠳᠤ ᠪᠤᠯᠬᠤ ᠳᠤ ᠪᠠᠶᠠᠨᠬᠤᠳᠠ᠂ ᠯᠢᠨ  ᠾᠧ ᠬᠤᠳᠡ ᠠᠴᠠ ᠴᠠᠭᠠᠠ ᠢᠳᠡᠭᠡᠨ ᠤ ᠵᠠᠬᠢᠶᠠᠯᠠᠭ᠎ᠠ ᠦᠷᠬᠦᠯᠵᠢ ᠢᠷᠠᠵᠤ᠂ ᠠᠶᠢᠷᠠᠬ ᠰᠥ ᠶᠢᠨ ᠵᠡᠬᠢᠶᠠᠯᠠᠭ᠎ᠠ ᠨᠢ ᠨᠡᠮᠡᠭᠳᠡᠵᠤ ᠪᠠᠶᠢᠬᠤ ᠨᠢ ᠢᠯᠡᠷᠭᠡᠢ ᠪᠠᠶᠢᠯ᠎ᠠ᠃ ᠲᠥᠬᠦᠮ ᠭᠠᠴᠠᠭᠠᠠ ᠤ ᠰᠡᠴᠡᠨᠭᠡᠷᠡᠯ ᠰᠤᠷᠪᠤᠯᠵᠢᠯᠠᠬᠴᠢ ᠳᠤ᠄  ︽ᠤᠳᠤ ᠶᠢᠨ  ᠬᠤᠳᠠ ᠳᠤ  ᠬᠤᠳᠠᠯᠳᠤᠵᠤ  ᠪᠠᠶᠢᠭ᠎ᠠ  ᠠᠶᠢᠷᠠᠬ ᠰᠥ ᠶᠢ ᠠᠪᠴᠤ ᠢᠳᠡᠬᠦ ᠳᠤ ᠢᠳᠡᠭᠡᠯ ᠥᠬᠡᠢ᠂ ᠵᠤᠭᠤᠰ ᠪᠠᠶᠢᠭᠠᠳ ᠵᠢᠩᠬᠢᠨᠢ ᠴᠠᠭᠠᠠ ᠢᠳᠡᠭᠡ ᠶᠢ ᠤᠯᠵᠤ ᠠᠪᠬᠤ ᠳᠤ ᠪᠡᠷᠭᠡ  ᠪᠤᠯᠵᠡᠢ᠃ ᠪᠢᠳᠡ ᠪᠥᠳᠦᠨ ᠵᠢᠯ ᠪᠥᠷ ᠡᠨᠡ ᠠᠶᠢᠯ ᠠᠴᠠ ᠭᠡᠳᠤᠨ ᠵᠠᠭᠤᠨ ᠵᠢᠩ ᠢᠶᠠᠷ  ᠠᠶᠢᠷᠠᠬ  ᠰᠥ  ᠠᠪᠴᠤ  ᠢᠳᠡᠳᠡᠭ᠃  ᠴᠠᠭᠠᠠ  ᠢᠳᠡᠭᠡ ᠨᠢ ᠪᠤᠬᠢᠷᠳᠤᠯ ᠥᠬᠡᠢ᠂ ᠴᠢᠨᠠᠷᠯᠢᠬ ᠥᠨ᠎ᠡ ᠬᠠᠨᠭ᠍ᠰᠢ ᠨᠢ ᠲᠤᠬᠢᠷᠠᠮᠵᠢᠳᠠᠢ ᠪᠠᠶᠢᠳᠠᠬ ᠠᠴᠠ ᠰᠠᠨᠠᠭ᠎ᠠ ᠠᠮᠠᠷ︾ ᠭᠡᠵᠤ ᠱᠠᠭᠰᠢᠵᠤ ᠪᠠᠶᠢᠯ᠎ᠠ᠃  ᠮᠢᠨᠤ ︽ᠥᠰᠦᠳᠡᠢ ᠬᠠᠯᠵᠠᠠ︾ ᠪᠥᠳᠦᠨ ᠵᠢᠯ ᠢᠶᠠᠷ ᠪᠤᠰᠤᠳ ᠬᠥᠮᠦᠨ ᠤ ᠥᠭᠬᠦᠭᠰᠡᠡ ᠥᠨᠦᠴᠢᠨ ᠢᠰᠢᠭᠡ ᠬᠤᠷᠠᠭ᠎ᠠ ᠪᠤᠯᠤᠨ ᠨᠠᠳᠠ ᠶᠢ ᠪᠠᠨ ᠡᠯᠪᠡᠭ ᠳᠡᠯᠪᠡᠭ ᠴᠠᠳᠭᠠᠵᠤ ᠴᠢᠳᠠᠳᠠᠬ ᠲᠠᠩᠰᠤᠬ ᠭᠡᠰᠢᠭ ᠲᠠᠢ ᠠᠮᠢᠳᠠᠨ ᠰᠢᠤ᠃ ᠪᠢ ᠵᠢᠯ ᠳᠡᠭᠡᠨ 15000  ᠲᠥᠬᠦᠷᠢᠭ ᠤᠨ  ᠡᠪᠡᠰᠤ ᠪᠤᠷᠳᠤᠭ᠎ᠠ ᠠᠪᠴᠤ ᠮᠠᠯ ᠥᠨᠢᠶ ᠎ᠠ ᠪᠠᠨ ᠲᠠᠵᠢᠭᠡᠭᠡᠳ ᠬᠦᠢᠴᠡᠴᠢᠭᠡᠨ᠎ᠠ᠂ ᠵᠢᠯ ᠳᠤ  ᠵᠦᠪᠭᠡᠨ  ᠰᠠᠭᠠᠯᠢ ᠶᠢᠨ  ᠥᠨᠢᠶ᠎ᠠ ᠲᠤᠭᠤᠯᠯᠠᠬᠤ ᠠᠴᠠ ᠡᠮᠦᠨ᠎ᠠ ᠬᠤᠶᠠᠷ ᠡᠳᠦᠷ ᠲᠤ ᠰᠥ ᠵᠤᠬᠰᠤᠳᠠᠬ᠃ ᠪᠤᠰᠤᠳ 363 ᠡᠳᠦᠷ ᠲᠤ᠂ ᠡᠳᠦᠷ ᠪᠥᠷᠢ 38 ᠵᠢᠩ ᠰᠥ ᠰᠠᠭᠠᠵᠤ᠂  ᠪᠠᠭ᠎ᠠ ᠪᠠᠷ ᠬᠡᠯᠡᠬᠦ ᠳᠤ ᠴᠤ 4 ᠲᠥᠮᠡᠡ ᠲᠥᠬᠦᠷᠢᠭ ᠤᠨ ᠤᠷᠤᠯᠭ᠎ᠠ ᠪᠠᠨ ᠪᠠᠳᠤᠯᠠᠴᠢᠬᠠᠳᠠᠬ᠂ ᠮᠠᠯ ᠤᠨ ᠭᠡᠰᠢᠭ ᠪᠤᠶᠠᠨ ᠭᠡᠵᠤ ᠡᠶᠢᠮᠤ  ᠯᠡ  ᠰᠠᠶᠢᠬᠠᠠ ᠬᠡᠵᠤ ᠤᠶᠤᠨᠭᠡᠷᠡᠯ ᠶᠠᠷᠢᠨ᠎ᠠ᠃      ᠲᠤᠷᠤᠨ᠎ᠠ
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号