ᠡᠮᠤᠰᠴᠦ ᠵᠡᠭᠦᠭᠦ ᠶᠤᠰᠤᠨ
ᠨᠡᠶᠢᠲᠡᠯᠡᠭᠰᠡᠨ ᠴᠠᠭ᠄
2017/2/15
     ᠮᠣᠩᠭᠤᠯᠴᠤᠳ ᠤᠨ ᠬᠤᠪᠴᠠᠰᠤ ᠬᠤᠨᠠᠷ᠂ ᠵᠠᠰᠠᠯ ᠴᠢᠮᠡᠭ ᠲᠤ ᠦᠨᠳᠦᠰᠦᠳᠡᠨ ᠤ ᠦᠪᠡᠷᠮᠢᠴᠡ ᠣᠨᠴᠠᠯᠢᠭ ᠪᠦᠬᠦᠢ ᠣᠯᠠᠨ ᠵᠦᠢᠯ ᠤᠨ ᠳᠦᠷᠢᠮ ᠭᠤᠷᠢᠮ ᠪᠠᠶᠢᠳᠠᠭ ᠪᠦᠭᠡᠳ ᠡᠨᠡ ᠨᠢ ᠲᠡᠤᠬᠡ ᠶᠢᠨ ᠤᠷᠳᠤ ᠤᠳᠠᠭᠠᠨ ᠬᠤᠭᠤᠴᠠᠭᠠᠨ᠎ᠠ ᠪᠣᠯᠪᠠᠰᠤᠷᠠᠭᠳᠠᠨ ᠲᠦᠭᠦᠷᠵᠢᠭᠰᠡᠭᠡᠷ ᠢᠷᠡᠵᠠᠢ᠃      ᠮᠣᠩᠭᠤᠯᠴᠤᠳ ᠤᠨ ᠡᠮᠦᠰᠴᠦ ᠵᠡᠭᠦᠬᠦ ᠶᠣᠰᠤᠨ ᠪᠣᠯ ᠲᠡᠳᠡ ᠨᠠᠷ ᠤᠨ ᠤᠶᠤᠨ ᠤ ᠰᠣᠶᠤᠯ ᠤᠨ ᠰᠠᠯᠤᠰᠢ ᠦᠭᠡᠢ ᠪᠦᠷᠢᠯᠳᠦᠭᠦᠨ ᠬᠡᠰᠡᠭ ᠪᠣᠯᠤᠨ᠎ᠠ᠃ ᠡᠭᠦᠨ ᠳᠤ ᠡᠷᠡᠭᠳᠠᠢ ᠡᠮᠡᠭᠳᠠᠢ᠂ ᠬᠦᠭᠰᠢᠨ ᠵᠠᠯᠠᠭᠤ᠂ ᠬᠡᠤᠬᠡᠳ ᠪᠠᠭᠠᠴᠤᠳ ᠂ ᠤᠷᠤᠭᠯᠠᠭᠰᠠᠳ ᠪᠠ ᠡᠰᠡ ᠤᠷᠤᠭᠯᠠᠭᠰᠠᠳ ᠤᠨ ᠬᠤᠪᠴᠠᠰᠦ ᠵᠠᠰᠠᠯ ᠤᠨ ᠶᠣᠰᠤ ᠨᠢ ᠪᠦᠷ ᠵᠣᠬᠢᠬᠤ ᠢᠯᠭᠠᠭ᠎ᠠ ᠲᠠᠢ ᠪᠦᠭᠡᠳ ᠪᠠᠰᠠ ᠬᠤᠰᠢᠭᠤ ᠴᠢᠭᠤᠯᠭᠠᠨ᠂ ᠠᠷᠤ ᠦᠪᠦᠷ᠂ ᠵᠡᠭᠦᠨ ᠪᠠᠷᠠᠭᠤᠨ ᠣᠷᠤᠨ ᠤ ᠵᠦᠷᠢᠶ᠎ᠡ ᠲᠠᠢ ᠪᠠᠶᠢᠳᠠᠭ᠃ ᠡᠨᠡ ᠨᠢ ᠮᠣᠩᠭᠤᠯᠴᠤᠳ ᠤᠨ ᠠᠶᠢᠮᠠᠭ ᠤᠭᠰᠠᠭ᠎ᠠ᠂ ᠬᠤᠰᠢᠭᠤ ᠨᠤᠳᠤᠭ ᠤᠨ ᠭᠠᠷᠤᠯ ᠡᠭᠦᠰᠦᠯ ᠲᠠᠢ ᠬᠤᠯᠪᠤᠭᠳᠠᠯ  ᠲᠠᠢ ᠦᠯᠦ ᠪᠠᠷᠠᠮ ᠣᠷᠤᠨ ᠭᠠᠵᠠᠷ ᠤᠨ ᠬᠡᠪ ᠵᠠᠩᠰᠢᠯ ᠬᠢᠭᠡᠳ ᠱᠠᠰᠢᠨ ᠰᠢᠳᠦᠯᠭᠡ ᠲᠠᠢ ᠬᠤᠯᠪᠤᠭᠳᠠᠯ ᠲᠠᠢ ᠪᠠᠶᠢᠳᠠᠭ᠃ ᠡᠭᠦᠨ ᠠᠴᠠ ᠭᠠᠳᠠᠨ᠎ᠠ ᠮᠣᠩᠭᠤᠯᠴᠤᠳ ᠤᠨ ᠡᠮᠦᠰᠴᠦ ᠵᠡᠭᠦᠬᠦ ᠶᠣᠰᠤᠨ ᠳᠤ ᠳᠦᠷᠪᠡᠨ ᠤᠯᠠᠷᠢᠯ ᠤᠨ ᠬᠤᠪᠴᠠᠰᠦ ᠶᠢᠨ ᠢᠯᠭᠠᠭ᠎ᠠ ᠪᠠ ᠡᠩ ᠤᠨ ᠬᠤᠪᠴᠠᠰᠦ᠂ ᠵᠠᠰᠠᠯ ᠤᠨ ᠬᠤᠪᠴᠠᠰᠦ ᠶᠢᠨ ᠢᠯᠭᠠᠭ᠎ᠠ ᠪᠠᠶᠢᠳᠠᠭ᠃ ᠡᠪᠦᠯ ᠤᠨ ᠤᠯᠠᠷᠢᠯ ᠪᠣᠯ ᠴᠠᠰᠦ ᠰᠢᠭᠤᠷᠭ᠎ᠠ ᠶᠡᠭᠡ᠂ ᠲᠡᠰᠬᠢᠮ᠎ᠡ ᠬᠦᠢᠳᠡᠨ ᠪᠠᠶᠢᠳᠠᠭ ᠲᠤᠯᠠ ᠣᠯᠠᠩᠬᠢ ᠳᠠᠭᠠᠨ ᠦᠨᠡᠭᠡ ᠂ ᠰᠡᠩᠰᠡᠨ ᠦᠰᠦ ᠬᠠᠳᠠᠭᠰᠠᠨ ᠮᠠᠬᠤᠵᠠ ᠮᠠᠯᠠᠭᠠᠢ᠂ ᠢᠰᠡᠭᠡᠢ ᠲᠣᠭᠤᠷᠴᠤᠭ᠂ ᠳᠤᠭᠤᠢ ᠮᠠᠯᠠᠭᠠᠢ᠂ ᠤᠳᠤᠮᠠᠯ ᠠᠷᠠᠰᠤᠨ ᠨᠡᠬᠡᠢ ᠳᠡᠪᠡᠯ᠂ ᠴᠠᠭᠠᠨ ᠳᠡᠪᠡᠯ᠂ ᠠᠷᠠᠰᠤᠨ ᠦᠮᠦᠳᠤ᠂ ᠢᠰᠡᠭᠡᠢ ᠣᠶᠢᠮᠦᠰᠦ ᠲᠠᠢ ᠪᠣᠯᠢᠭᠠᠷᠢᠨ ᠭᠤᠳᠤᠯ᠂ ᠪᠤᠶᠢᠪᠤᠭ ︵ ᠳᠡᠭᠡᠳᠠᠢ︶ ᠡᠮᠦᠰᠳᠡᠭ ᠪᠦᠭᠡᠳ ᠠᠵᠢᠯ ᠲᠦᠷᠦᠯ ᠳᠡᠭᠡᠨ ᠵᠣᠬᠢᠴᠠᠭᠤᠯᠤᠨ ᠠᠷᠠᠰᠦᠨ ᠪᠦᠰᠡ᠂ ᠴᠢᠰᠴᠠᠦ ᠪᠦᠰᠡ ᠪᠦᠰᠡᠯᠡᠳᠡᠭ᠃ ᠬᠠᠪᠤᠷ ᠤᠨ ᠤᠯᠠᠷᠢᠯ ᠳᠤ ᠭᠤᠤᠯᠳᠠᠭᠤ ᠳᠤᠭᠤᠢ ᠮᠠᠯᠠᠭᠠᠢ᠂ ᠶᠠᠤᠳᠠᠨ ᠮᠠᠯᠠᠭᠠᠢ᠂ ᠬᠠᠯᠴᠠᠭᠠᠢ ᠠᠷᠠᠰᠦᠨ ᠳᠡᠪᠡᠯ᠂ ᠢᠯᠭᠢᠨ ᠠᠷᠠᠰᠦᠨ ᠦᠮᠦᠳᠦ᠂ ᠪᠦᠰ ᠭᠤᠳᠤᠯ᠂ ᠨᠢᠮᠬᠡᠨ ᠠᠷᠠᠰᠣᠨ ᠭᠤᠳᠤᠯ ᠡᠮᠦᠰᠴᠦ᠂ ᠰᠠᠯᠬᠢ ᠰᠢᠭᠤᠷᠭᠠᠨ ᠭᠠᠷᠪᠠᠯ ᠮᠦᠨ ᠡᠪᠦᠯ ᠤᠨ ᠬᠦᠢᠳᠡᠨ ᠤ ᠬᠤᠪᠴᠠᠰᠦ ᠪᠠᠨ ᠡᠮᠦᠰᠳᠡᠭ᠃ ᠵᠤᠨ ᠤ ᠳᠡᠯᠭᠡᠷ ᠤᠯᠠᠷᠢᠯ ᠪᠣᠯᠪᠠᠯ ᠲᠦᠮᠡᠨ ᠪᠣᠳᠠᠰ ᠲᠦᠯᠵᠢᠨ ᠲᠦᠯ ᠮᠠᠯ ᠪᠣᠶᠢᠵᠢᠵᠦ᠂ ᠬᠦᠮᠦᠨ ᠤ ᠰᠡᠳᠬᠢᠯ ᠲᠡᠨᠢᠢᠵᠦ ᠬᠦᠯᠦᠭ ᠤᠨ ᠨᠢᠷᠤᠭᠤ ᠰᠤᠩᠬᠤ ᠲᠤᠯᠠ ᠬᠦᠮᠦᠰ ᠬᠠᠯᠠᠭᠤᠨ ᠳᠤᠯᠠᠭᠠᠨ ᠠᠭᠤᠷ ᠠᠮᠢᠰᠬᠤᠯ ᠳᠤ ᠵᠣᠬᠢᠴᠠᠭᠤᠯᠤᠨ ᠲᠤᠷᠭ᠎ᠠ ᠴᠢᠰᠴᠠᠤ᠂ ᠶᠣᠷᠤᠭ ᠪᠦᠰ ᠢᠶᠠᠷ ᠬᠢᠭᠰᠡᠨ ᠳᠠᠩ ᠳᠠᠪᠬᠤᠷ  ᠲᠡᠷᠯᠢᠭ᠂ ᠦᠭᠡᠳᠡᠩ ᠬᠢᠯᠢᠩ ᠬᠠᠳᠠᠭᠰᠠᠨ ᠳᠤᠭᠤᠢ ᠮᠠᠯᠠᠭᠠᠢ᠂ ᠶᠠᠤᠳᠠᠨ ᠮᠠᠯᠠᠭᠠᠢ᠂ ᠳᠠᠩ ᠦᠮᠦᠳᠦ᠂ ᠰᠦᠭᠦᠬᠡᠢ ᠭᠤᠳᠤᠯ᠂ ᠪᠦᠰ ᠭᠤᠳᠤᠯ᠂ ᠨᠢᠮᠬᠡᠨ ᠠᠷᠠᠰᠦᠨ ᠭᠤᠳᠤᠯ ᠡᠮᠦᠰᠳᠡᠭ᠃ ᠵᠠᠯᠠᠭᠤᠴᠤᠳ ᠪᠣᠯ ᠬᠤᠷᠴᠠ ᠦᠩᠭᠡ ᠲᠠᠢ ᠪᠦᠰ ᠳᠤᠷᠳᠤᠩ ᠠᠯᠴᠢᠭᠤᠷ ᠢᠶᠠᠷ ᠲᠣᠯᠤᠭᠠᠢ ᠪᠠᠨ ᠣᠷᠢᠶᠠᠳᠠᠭ᠃ ᠠᠯᠳᠠᠨ ᠨᠠᠮᠦᠷ ᠤᠨ ᠤᠯᠠᠷᠢᠯ ᠪᠣᠯᠪᠠᠯ ᠠᠶᠢᠯ ᠡᠷᠦᠬᠡ ᠪᠣᠯᠭᠠᠨ ᠳᠤ ᠠᠶᠢᠷᠠᠭ ᠲᠣᠰᠤᠨ ᠤ ᠦᠨᠦᠷ ᠠᠩᠭᠢᠯᠤᠨ᠂ ᠲᠠᠪᠤᠨ ᠬᠤᠰᠢᠭᠤ ᠮᠠᠯ ᠲᠠᠷᠭᠤ ᠬᠦᠴᠦ ᠪᠠᠨ ᠭᠦᠢᠴᠡᠳ ᠠᠪᠴᠦ᠂ ᠡᠪᠦᠯᠵᠢᠶᠡᠨ ᠳᠤ ᠣᠷᠤᠬᠤ ᠪᠡᠯᠡᠳᠭᠡᠯ ᠬᠢᠬᠦ ᠲᠤᠯᠠ ᠬᠦᠮᠦᠰ ᠳᠤᠭᠤᠢ ᠮᠠᠯᠠᠭᠠᠢ᠂ ᠲᠣᠭᠤᠷᠴᠤᠭ᠂ ᠲᠣᠷᠭ᠎ᠠ ᠪᠦᠰ ᠢᠶᠠᠷ ᠭᠠᠳᠠᠷᠯᠠᠭᠰᠠᠨ ᠬᠤᠷᠠᠭᠠᠨ ᠵᠤᠪᠴᠠᠭ᠎ᠠ᠂ ᠬᠦᠪᠦᠩ ᠲᠡᠷᠯᠢᠭ᠂ ᠦᠵᠦᠭᠦᠷᠰᠡᠭ ᠵᠤᠪᠴᠠᠭ᠎ᠠ᠂ ᠨᠢᠮᠬᠡᠨ ᠦᠰᠦ ᠲᠠᠢ ᠠᠷᠠᠰᠤᠨ ᠦᠮᠦᠳᠤ᠂ ᠨᠢᠮᠬᠡᠨ ᠤᠶᠢᠮᠦᠰᠦ ᠲᠠᠢ ᠪᠦᠰ ᠭᠤᠳᠤᠯ᠂ ᠠᠷᠠᠰᠤᠨ ᠭᠤᠳᠤᠯ ᠡᠮᠦᠰᠳᠡᠭ᠃ ᠭᠡᠪᠡᠴᠦ ᠮᠣᠩᠭᠤᠯᠴᠤᠳ ᠤᠨ ᠨᠤᠳᠤᠭ ᠤᠰᠤ ᠠᠭᠤᠳᠠᠮ ᠲᠡᠨᠢᠭᠡᠷ᠂ ᠠᠭᠤᠷ ᠠᠮᠢᠰᠬᠤᠯ ᠲᠡᠩᠴᠡᠭᠦᠨ ᠦᠭᠡᠢ᠂ ᠣᠯᠠᠨ ᠭᠠᠵᠠᠷ ᠤᠨ ᠠᠵᠦ ᠲᠦᠷᠦᠬᠦ ᠠᠭᠤᠯᠭ᠎ᠠ ᠬᠡᠯᠪᠡᠷᠢ ᠨᠢ ᠠᠳᠠᠯᠢ ᠦᠭᠡᠢ ᠲᠤᠯᠠ ᠡᠷᠬᠢᠬᠦ ᠳᠦᠷᠪᠡᠨ ᠤᠯᠠᠷᠢᠯ ᠳᠤ ᠲᠣᠬᠢᠷᠠᠭᠤᠯᠤᠨ ᠡᠮᠦᠰᠴᠦ ᠵᠡᠭᠦᠬᠦ ᠪᠠᠨ ᠰᠣᠯᠢᠬᠤ ᠨᠢ ᠣᠯᠠᠨ ᠶᠠᠩᠵᠦ ᠶᠢᠨ ᠠᠭᠤᠯᠭ᠎ᠠ ᠬᠡᠯᠪᠡᠷᠢ ᠲᠠᠢ ᠪᠠᠶᠢᠳᠠᠭ᠃        ᠮᠣᠩᠭᠤᠯᠴᠤᠳ ᠤᠨ ᠡᠮᠦᠰᠴᠦ ᠵᠡᠭᠦᠬᠦ ᠶᠣᠰᠤᠨ ᠤ ᠪᠠᠰᠠ ᠨᠢᠭᠡᠨ ᠳᠣᠪᠤᠶᠢᠭᠰᠠᠨ ᠣᠨᠴᠠᠯᠢᠭ ᠪᠣᠯ ᠡᠩ ᠤᠨ ᠬᠤᠪᠴᠠᠰᠦ ᠵᠠᠰᠠᠯ  ᠪᠣᠯᠤᠨ ᠭᠤᠶᠤᠯᠠᠯ ᠤᠨ ᠬᠤᠪᠴᠠᠰᠦ ᠵᠠᠰᠠᠯ ᠤᠨ  ᠢᠯᠭᠠᠭ᠎ᠠ ᠪᠣᠯᠤᠨ᠎ᠠ᠃ ᠡᠩ ᠤᠨ ᠬᠤᠪᠴᠠᠰᠦ ᠵᠠᠰᠠᠯ ᠭᠡᠳᠡᠭ ᠨᠢ ᠭᠤᠤᠯᠳᠠᠭᠤ ᠭᠡᠷ ᠵᠠᠭᠤᠷ᠎ᠠ ᠡᠮᠦᠰᠴᠦ ᠵᠡᠭᠦᠬᠦ ᠪᠣᠶᠤ ᠠᠵᠢᠯ ᠬᠦᠳᠡᠯᠮᠦᠷᠢ ᠳᠤ ᠶᠠᠪᠤᠬᠤ ᠦᠶ᠎ᠡ ᠳᠤ ᠡᠮᠦᠰᠴᠦ ᠵᠡᠭᠦᠬᠦ ᠬᠤᠪᠴᠠᠰᠦ ᠵᠠᠰᠠᠯ ᠢ ᠬᠡᠯᠡᠵᠦ ᠪᠣᠢ᠃ ᠭᠤᠶᠤᠯᠠᠯ ᠤᠨ ᠬᠤᠪᠴᠠᠰᠦ ᠭᠡᠳᠡᠭ ᠨᠢ ᠪᠠᠶᠠᠷ ᠨᠠᠶᠢᠷ ᠤᠨ ᠡᠳᠦᠷ ᠡᠮᠦᠰᠴᠦ ᠵᠡᠭᠦᠬᠦ  ᠡᠳ᠋ ᠦᠩᠭᠡ᠂ ᠤᠷ᠎ᠠ ᠬᠢᠴᠡ ᠶᠢᠨ ᠲᠠᠯ᠎ᠠ ᠪᠠᠷ ᠭᠤᠶᠢᠳᠠ ᠰᠠᠶᠢᠬᠠᠨ᠂ ᠲᠦᠷᠦᠯ ᠵᠦᠢᠯ᠂ ᠬᠡᠯᠪᠡᠷᠢ ᠨᠠᠮᠪᠠ ᠶᠢᠨ ᠲᠠᠯ᠎ᠠ ᠪᠠᠷ ᠦᠪᠴᠢ ᠪᠦᠷᠢᠨ ᠬᠤᠪᠴᠠᠰᠦ ᠵᠠᠰᠠᠯ ᠢ ᠬᠡᠯᠡᠵᠦ ᠪᠣᠢ᠃ ᠡᠭᠦᠨ ᠳᠤ ᠵᠢᠯ ᠴᠠᠭᠠᠨ ᠰᠠᠷ᠎ᠠ᠂ ᠬᠤᠷᠢᠮ ᠨᠠᠶᠢᠷ᠂ ᠰᠦᠮ᠎ᠡ ᠶᠢᠨ ᠬᠤᠷᠠᠯ ᠪᠣᠯ ᠨᠡᠶᠢᠭᠡᠮ ᠤᠨ ᠡᠯ᠎ᠡ ᠡᠳᠡᠭᠡᠳ ᠤᠨ ᠬᠦᠮᠦᠰ ᠤᠨ ᠨᠠᠶᠢᠷᠯᠠᠵᠦ ᠬᠦᠭᠡᠷᠦᠯᠳᠤᠬᠦ᠂ ᠰᠤᠷᠠᠭ ᠵᠠᠩᠭᠢ ᠰᠣᠯᠢᠯᠴᠠᠬᠤ ᠭᠤᠤᠯ ᠪᠣᠯᠬᠤ ᠪᠠᠶᠠᠷ ᠨᠠᠶᠢᠷ ᠤᠨ ᠡᠳᠦᠷ ᠪᠣᠯᠬᠤ ᠪᠠᠷ ᠦᠯᠦ ᠪᠠᠷᠠᠮ ᠭᠤᠶᠤᠯᠠᠯ ᠤᠨ ᠬᠤᠪᠴᠠᠰᠦ ᠵᠠᠰᠠᠯ ᠢᠶᠠᠨ ᠦᠪᠴᠢ ᠪᠦᠷᠢᠨ ᠡᠮᠦᠰᠴᠦ ᠵᠡᠭᠦᠬᠦ ᠲᠠᠯᠠᠪᠤᠷ ᠪᠣᠯᠤᠨ᠎ᠠ᠃ ᠲᠡᠷᠡᠴᠢᠯᠡᠨ ᠬᠤᠪᠴᠠᠰᠦ ᠬᠤᠨᠠᠷ ᠵᠠᠰᠠᠯ ᠴᠢᠮᠡᠭ ᠤᠨ ᠵᠦᠢᠯ ᠳᠤ ᠦᠪᠡᠷ ᠦᠪᠡᠷ ᠤᠨ ᠡᠮᠦᠰᠴᠦ ᠵᠡᠭᠦᠬᠦ ᠶᠣᠰᠤ ᠭᠤᠷᠢᠮ ᠲᠠᠢ ᠪᠠᠶᠢᠳᠠᠭ᠃ ᠡᠳᠡᠭᠡᠷ ᠨᠢ ᠮᠣᠩᠭᠤᠯᠴᠣᠳ ᠤᠨ ᠤᠯᠠᠮᠵᠢᠯᠠᠯᠳᠤ ᠰᠣᠶᠤᠯ ᠬᠤᠪᠴᠠᠰᠦ ᠵᠠᠰᠠᠯ ᠳᠡᠭᠡᠷ᠎ᠡ ᠢᠯᠡᠷᠡᠵᠦ ᠪᠠᠶᠢᠳᠠᠭ ᠭᠤᠤᠯ ᠪᠣᠯᠬᠤ ᠠᠭᠤᠯᠭ᠎ᠠ ᠪᠠ ᠬᠡᠯᠪᠡᠷᠢ ᠪᠣᠯᠤᠨ᠎ᠠ᠃
 
ᠢᠷᠡᠯᠲᠡ᠄ ᠲᠤᠮᠳᠠᠲᠦ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号