︽ᠠᠷᠪᠠᠨ ᠰᠤᠮᠤ︾ ᠶᠢᠨ ᠬᠤᠷᠢᠮ ᠤᠨ ᠶᠣᠰᠤᠨ
ᠨᠡᠶᠢᠲᠡᠯᠡᠭᠰᠡᠨ ᠴᠠᠭ᠄
2018/6/7
         ︽ᠠᠷᠪᠠᠨ ᠰᠣᠮᠤ︾ ᠭᠡᠳᠡᠭ ᠪᠤᠯ ᠤᠳᠤ ᠶᠢᠨ ᠤᠯᠠᠭᠠᠨᠬᠠᠳᠠ ᠬᠤᠳᠠ ᠶᠢᠨ ᠠᠷᠤ ᠬᠤᠷᠴᠢᠨ  ᠬᠤᠰᠢᠭᠤᠨ ᠤ  ᠬᠤᠶᠢᠲᠤ ᠪᠡᠶ᠎ᠡ ᠶᠢᠨ ᠬᠤᠭᠤᠯᠠᠲᠤ᠂ ᠬᠠᠬᠢᠷ ᠪᠣᠯᠤᠨ ᠰᠦᠵᠢ ᠶᠢᠨ ᠭᠤᠣᠯ ᠳᠠᠭᠠᠤ ᠶᠢᠨ ᠮᠠᠯᠵᠢᠬᠤ ᠣᠷᠤᠨ ᠢ ᠵᠢᠭᠠᠵᠤ ᠪᠣᠢ᠃ ᠬᠤᠶᠠᠷ  ᠵᠠᠭᠤ ᠢᠯᠡᠭᠦᠦ ᠵᠢᠯ ᠤᠨ ᠡᠮᠦᠨ᠎ᠡ᠂ ᠠᠷᠤ ᠬᠤᠷᠴᠢᠨ ᠠᠶᠢᠮᠠᠭ ᠤᠨ ᠨᠢᠭᠡᠨ ᠲᠠᠶᠢᠵᠢ ᠬᠦᠯᠦᠨ ᠪᠤᠶᠢᠷ ᠠᠴᠠ ᠨᠡᠭᠦᠳᠡᠯᠯᠡᠨ  ᠢᠷᠡᠵᠦ᠂  ᠠᠷᠣ ᠬᠤᠷᠴᠢᠨ ᠬᠤᠰᠢᠭᠤ ᠵᠠᠰᠠᠭ ᠠᠴᠠ ᠨᠣᠲᠤᠭ ᠭᠤᠶᠤᠭᠰᠠᠨ ᠳᠤ ᠶᠡᠭᠡ ᠬᠢᠩᠭᠠᠨ ᠳᠠᠪᠠᠭᠠᠨ ᠤ ᠠᠷᠤ ᠦᠪᠦᠷ ᠤᠨ ᠡᠳᠡᠭᠡᠷ  ᠭᠠᠵᠠᠷ ᠢ ᠵᠢᠭᠠᠵᠤ ᠦᠭᠭᠦᠭᠰᠡᠨ ᠪᠠᠶᠢᠵᠠᠢ᠃ ᠵᠠᠰᠠᠭ ᠵᠠᠬᠢᠷᠭᠠᠨ ᠤ ᠬᠤᠪᠢᠶᠠᠷᠢᠯᠠᠯ ᠳᠤ᠂ ᠲᠡᠳᠡᠭᠡᠷ  ᠬᠦᠮᠦᠰ ᠢ  ᠠᠷᠪᠠᠨ  ᠰᠣᠮᠤ  ᠬᠤᠪᠢᠶᠠᠵᠤ ᠰᠠᠭᠤᠯᠭᠠᠵᠠᠢ᠃ ᠠᠷᠪᠠᠨ ᠰᠤᠮᠤ ᠶᠢᠨ ᠨᠣᠶᠠᠨ ᠬᠤᠵᠢᠮ ᠨᠢ ᠲᠤᠰᠠᠯᠠᠭᠴᠢ ᠶᠢᠨ ᠵᠡᠷᠭᠡ ᠳᠤ ᠬᠦᠷᠴᠦ᠂ ᠬᠦᠮᠦᠰ ᠶᠡᠷᠦᠳᠡᠭᠡᠨ ︽ᠠᠷᠤ ᠲᠤᠰᠠᠯᠠᠭᠴᠢ︾ ᠭᠡᠵᠤ ᠳᠠᠭᠤᠳᠠᠳᠠᠭ ᠶᠤᠮ᠃ ᠳᠡᠳᠡᠨ ᠤ ᠪᠠᠶᠢᠭᠤᠯᠤᠭᠰᠠᠨ ᠰᠦᠮ᠎ᠡ ᠶᠢ ︽ᠭᠠᠨᠵᠤᠤᠷ︾  ᠰᠦᠮ᠎ᠡ  ᠭᠡᠵᠤ᠂  ᠪᠠᠰᠠ ︽ᠲᠤᠰᠠᠯᠠᠭᠴᠢ ᠶᠢᠨ ᠰᠦᠮ᠎ᠡ︾ ᠭᠡᠳᠡᠭ᠃ 1947 ᠣᠨ ᠤ ᠮᠠᠯᠵᠢᠬᠤ  ᠣᠷᠤᠨ ᠤ  ᠠᠷᠠᠳᠴᠢᠯᠠᠭᠰᠠᠨ  ᠦᠭᠡᠷᠡᠴᠢᠯᠡᠯᠲᠡ ᠶᠢᠨ ᠦᠶ᠎ᠡ ᠳᠤ᠂ ᠭᠠᠨᠵᠤᠤᠷ  ᠰᠦᠮ᠎ᠡ ᠶᠢᠨ  ᠯᠠᠮᠠ  ᠬᠤᠸᠠᠷᠠᠭ ᠢ ᠨᠢ  ᠲᠠᠷᠬᠠᠭᠠᠵᠠᠢ᠃  ᠰᠦᠮ᠎ᠡ  ᠰᠠᠩ ᠤᠨ  ᠭᠡᠷ  ᠪᠠᠶᠢᠰᠢᠩ ᠢ ᠨᠢ ᠠᠯᠪᠠᠨ ᠳᠤ ᠬᠡᠷᠡᠭᠯᠡᠵᠦ ᠪᠠᠶᠢᠭᠰᠠᠨ ᠢᠶᠠᠨ᠂ ᠬᠤᠵᠢᠮ ᠨᠢ ᠮᠣᠳᠤ ᠴᠢᠯᠠᠭᠤ ᠶᠢ ᠨᠢ ᠪᠣᠰᠤᠳ ᠪᠠᠷᠢᠯᠭ᠎ᠠ ᠳᠤ ᠵᠠᠷᠤᠵᠦ ᠬᠡᠷ ᠪᠠᠶᠢᠰᠢᠩ ᠢ ᠨᠤᠷᠠᠭᠠᠵᠤ ᠬᠠᠶᠠᠵᠠᠢ᠃                 1949 ᠣᠨ ᠳᠤ᠂ ᠠᠷᠣ ᠬᠤᠷᠴᠢᠨ ᠬᠤᠰᠢᠭᠤᠨ ᠤ ᠠᠷᠪᠠᠨ  ᠰᠤᠮᠤ ᠳᠤ  ᠪᠠᠭᠲᠠᠵᠤ  ᠪᠠᠶᠢᠭᠰᠠᠨ  ᠤᠯᠠᠭᠠᠨᠳᠠᠪᠠᠭ᠎ᠠ ᠨᠤᠲᠤᠭ ᠢ ᠪᠠᠭᠠᠷᠢᠨ ᠵᠡᠭᠦᠨ ᠬᠤᠰᠢᠭᠤᠨ ᠳᠤ ᠵᠢᠷᠤᠵᠤ ᠦᠭᠭᠦᠭᠰᠡᠨ ᠶᠤᠮ᠃ ᠡᠶᠢᠮᠦ ᠠᠴᠠ᠂  ᠠᠷᠤ  ᠬᠤᠷᠴᠢᠨ ᠤ  ᠣᠳᠤᠬᠠᠨ ᠤ ᠠᠷᠪᠠᠨ ᠰᠣᠮᠤ ᠨᠤᠲᠤᠭ ᠨᠢ ᠤᠤᠯ ᠤᠨ ᠪᠠᠶ᠋ᠬᠠᠦ᠋ᠨᠳᠦᠷ᠂ ᠪᠠᠶᠠᠨᠪᠤᠯᠠᠭ ᠬᠤᠶᠠᠷ  ᠰᠤᠮᠤ ᠶᠢᠨ  ᠭᠡᠰᠡᠭ  ᠭᠠᠵᠠᠷ ᠢ  ᠬᠡᠯᠡᠵᠦ  ᠪᠣᠢ᠃ ᠠᠷᠪᠠᠨ ᠰᠣᠮᠤ ᠶᠢᠨ ᠮᠠᠯᠴᠢᠳ ᠤᠯᠠᠮᠵᠢᠯᠠᠯᠲᠤ  ᠮᠠᠯᠵᠢᠬᠤ  ᠦᠢᠯᠡᠳᠪᠦᠷᠢᠯᠡᠯ ᠢᠶᠠᠨ  ᠡᠷᠬᠢᠯᠡᠨ  ᠠᠮᠢᠳᠤᠷᠠᠵᠤ᠂  ᠮᠣᠩᠭᠤᠯ  ᠭᠡᠷ᠂ ᠮᠣᠳᠤᠨ ᠲᠡᠷᠭᠡ ᠪᠣᠯᠤᠨ ᠮᠣᠷᠢ ᠤᠨᠤᠭ᠎ᠠ ᠪᠠᠨ ᠳᠡᠭᠡᠷ᠎ᠡ ᠵᠠᠭᠤᠨ ᠤ ᠶᠡᠷᠡᠭᠡᠳ ᠣᠨ ᠪᠣᠯᠲᠠᠯ᠎ᠠ ᠦᠷᠭᠡᠨ ᠬᠡᠪᠴᠢᠶ᠎ᠡ ᠪᠠᠷ  ᠬᠡᠷᠡᠭᠯᠡᠵᠦ ᠪᠠᠶᠢᠭᠰᠠᠨ ᠶᠤᠮ᠃ ᠡᠶᠢᠮᠦ ᠠᠴᠠ᠂ ᠤᠷᠤᠭ ᠬᠤᠷᠢᠮ ᠤᠨ ᠶᠣᠰᠤᠨ ᠳᠤᠨᠢ ᠴᠦ ᠤᠯᠠᠮᠵᠢᠯᠠᠯᠳᠦ ᠮᠣᠩᠭᠤᠯ  ᠠᠮᠢᠳᠤᠷᠠᠯ ᠤᠨ  ᠤᠯᠠ ᠮᠦᠷ ᠮᠡᠳᠡᠭᠳᠡᠮ᠎ᠡ ᠬᠠᠳᠠᠭᠠᠯᠠᠭᠳᠠᠵᠤ ᠢᠷᠡᠭᠰᠡᠨ ᠪᠢᠯᠡ᠃  ︽ᠠᠷᠪᠠᠨ  ᠰᠤᠮᠤ︾ ᠶᠢᠨ  ᠬᠤᠷᠢᠮ ᠤᠨ  ᠶᠣᠰᠤᠨ ᠳᠤ᠂  ᠬᠦᠷᠭᠡᠨ᠂ ᠬᠡᠤᠬᠡᠨ ᠤ ᠲᠠᠯ᠎ᠠ ᠶᠢᠨ ᠬᠤᠷᠢᠮ ᠢᠶᠠᠨ ᠴᠦᠮ ᠮᠣᠩᠭᠤᠯ ᠭᠡᠷ ᠲᠤ ᠬᠢᠵᠦ᠂ ᠭᠡᠶᠢᠴᠢᠨ  ᠵᠣᠴᠢᠨ ᠢᠶᠠᠨ  ᠰᠦ ᠲᠠᠢ  ᠴᠠᠢ᠂  ᠴᠠᠭᠠᠨ ᠢᠳᠡᠭᠡ᠂ ᠰᠠᠭᠠᠯᠢ ᠶᠢᠨ ᠠᠷᠢᠬᠢ ᠪᠣᠯᠤᠨ ᠤᠯᠠᠭᠠᠨ  ᠢᠳᠡᠭᠡ  ᠵᠡᠷᠭᠡ ᠪᠠᠷ  ᠳᠠᠶᠢᠯᠠᠵᠤ᠂  ᠵᠠᠷᠢᠮ ᠳᠠᠭᠠᠨ  ᠬᠠᠯᠠᠭᠤᠨ  ᠲᠣᠭᠤᠭ᠎ᠠ ᠭᠠᠷᠭᠠᠳᠠᠭ᠃  ᠬᠤᠶᠠᠷ  ᠲᠠᠯ᠎ᠠ ᠶᠢᠨ  ︽ᠰᠦᠨᠢ ᠶᠢᠨ  ᠰᠠᠭᠤᠳᠠᠯ︾ ᠤᠨ  ᠬᠤᠷᠢᠮ ᠳᠤ᠂  ᠬᠦᠮᠦᠰ   ᠰᠦᠨᠢᠵᠢᠨ   ᠠᠷᠢᠬᠢᠳᠠᠨ ᠨᠠᠶᠢᠷᠯᠠᠯᠳᠤᠬᠤ ᠲᠤᠯᠠ ᠬᠤᠷᠢᠮ ᠤᠨ ᠳᠠᠭᠤᠴᠢᠳ ᠠᠴᠠ ︽ᠲᠦᠷᠦ ᠶᠢᠨ ᠳᠦᠷᠪᠡᠨ ᠳᠠᠭᠤᠤ︾ ᠶᠢ ᠳᠠᠭᠤᠯᠠᠵᠤ  ᠵᠤᠭ᠎ᠠ  ᠪᠣᠯᠭᠠᠳᠠᠭ ᠶᠤᠮ᠃ ᠡᠳᠡᠭᠡᠷ ᠳᠠᠭᠤᠤ ᠨᠢ ᠡᠵᠡᠨ ᠪᠣᠭᠳᠠ ᠴᠢᠩᠬᠢᠰ ᠬᠠᠭᠠᠨ ᠠᠴᠠ ᠡᠬᠢᠯᠡᠵᠦ᠂  ᠵᠠᠰᠠᠭ  ᠲᠦᠷᠦ᠂  ᠱᠠᠰᠢᠨ  ᠲᠦᠷᠦ  ᠪᠣᠯᠤᠨ ᠬᠤᠷᠢᠮ ᠲᠦᠷᠦ ᠶᠢᠨ ᠠᠭᠤᠯᠭ᠎ᠠ ᠲᠠᠢ ᠪᠠᠶᠢᠵᠤ᠂ ᠬᠤᠷᠢᠮ  ᠶᠣᠰᠤᠯᠠᠯ ᠤᠨ  ᠬᠠᠤᠯᠢ ᠶᠢᠨ  ᠪᠠᠲᠤᠯᠠᠭ᠎ᠠ ᠶᠢᠨ  ᠰᠢᠨᠵᠢ  ᠴᠢᠨᠠᠷ ᠲᠠᠢ ᠪᠢᠯᠡ᠃                 ᠳᠠᠭᠤᠴᠢᠳ ᠲᠦᠷᠦ ᠶᠢᠨ ᠳᠦᠷᠪᠡᠨ ᠳᠠᠭᠤᠤ ᠶᠢ  ᠳᠠᠭᠤᠯᠠᠵᠤ  ᠪᠠᠷᠠᠪᠠᠯ᠂  ᠬᠤᠷᠢᠮ ᠤᠨ  ᠲᠦᠷᠦᠭᠦᠦ ᠠᠴᠠ  ᠱᠠᠩᠨᠠᠯ ᠣᠯᠭᠤᠵᠤ᠂ ᠲᠡᠳᠡ ᠵᠠᠯᠭᠠᠵᠤ  ︽ᠱᠠᠩ ᠤᠨ  ᠨᠠᠢᠮᠠᠨ  ᠳᠠᠭᠤᠤ︾ ᠶᠢ  ᠡᠷᠭᠦᠨ᠎ᠡ᠃  ᠡᠳᠡᠭᠡᠷ ᠨᠢ  ᠪᠦᠷ  ᠤᠷᠤᠭ  ᠬᠤᠷᠢᠮ ᠳᠤ ᠬᠤᠯᠪᠤᠭ᠎ᠠ ᠲᠠᠢ ᠲᠠᠭᠤᠤ ᠪᠠᠶᠢᠵᠦ᠂ ᠰᠡᠳᠤᠨ ᠲᠦᠷᠦᠯ ᠤᠨ ᠡᠪ ᠨᠠᠶᠢᠷᠲᠠᠢ ᠪᠣᠯᠤᠨ ᠬᠤᠵᠢᠮ ᠤᠨ  ᠰᠠᠶᠢᠨ  ᠰᠠᠶᠢᠬᠠᠨ ᠢ  ᠵᠦᠩᠨᠡᠨ ᠪᠡᠯᠭᠡᠳᠡᠭᠰᠡᠨ ᠠᠭᠤᠯᠭ᠎ᠠ ᠲᠠᠢ ᠶᠤᠮ᠃ ᠬᠤᠷᠢᠮ ᠤᠨ ᠡᠳᠦᠷ᠂ ᠰᠢᠨ᠎ᠡ ᠬᠦᠷᠭᠡᠨ᠂ ᠬᠦᠷᠭᠡᠨ ᠳᠠᠭᠠᠭᠴᠢ᠂ ᠬᠤᠷᠢᠮ ᠤᠨ ᠲᠦᠷᠦᠭᠦᠦ᠂ ᠢᠷᠦᠭᠡᠯᠴᠢ᠂ ᠳᠠᠭᠤᠴᠢ ᠵᠡᠷᠭᠡ  ᠲᠠᠪᠤ  ᠪᠤᠶᠤ  ᠳᠣᠯᠤᠭ᠎ᠠ  ᠵᠡᠷᠬᠡ  ᠰᠤᠨᠳᠠᠭᠠᠢ  ᠲᠤᠭ᠎ᠠ  ᠪᠦᠬᠦᠢ  ᠬᠦᠮᠦᠰ  ︽ᠰᠠᠭᠠᠳᠠᠭ︾ ᠲᠤ ᠮᠤᠷᠳᠠᠳᠠᠭ᠃ ᠲᠡᠳᠡ ᠪᠦᠷ ᠮᠣᠷᠢ ᠣᠨᠤᠵᠤ᠂ ᠰᠢᠨ᠎ᠡ ᠬᠦᠷᠭᠡᠨ ᠪᠡᠶ᠎ᠡ ᠳᠡᠭᠡᠨ ᠬᠤᠷᠤᠮᠰᠠᠭ᠎ᠠ ᠰᠠᠭᠠᠳᠠᠭ ᠠᠭᠰᠠᠵᠤ ᠶᠠᠪᠤᠳᠠᠭ ᠪᠤᠯᠬᠤᠷ ︽ᠰᠠᠭᠠᠳᠠᠭ ᠲᠤ ᠶᠠᠪᠤᠬᠤ︾ ᠭᠡᠳᠡᠭ ᠶᠤᠮ᠃ ᠮᠠᠶᠢᠬᠠᠨ ᠬᠦᠰᠭᠡ ᠪᠣᠯᠤᠨ  ᠮᠢᠬ᠎ᠠ  ᠠᠷᠢᠬᠢ  ᠲᠡᠭᠡᠭᠡᠭᠰᠡᠨ  ᠦᠬᠡᠷ  ᠲᠡᠷᠭᠡ  ᠴᠦ ᠰᠠᠭᠠᠳᠠᠭ ᠤᠨ ᠬᠦᠮᠦᠰ ᠲᠠᠢ ᠴᠤᠭ ᠶᠠᠪᠤᠳᠠᠭ᠃ ᠬᠡᠤᠬᠡᠨ ᠤ  ᠲᠠᠯ᠎ᠠ ᠳᠤ  ᠬᠦᠷᠦᠭᠰᠡᠨ ᠤ  ᠬᠤᠶᠢᠨ᠎ᠠ᠂  ᠬᠦᠰᠭᠡ  ᠮᠠᠶᠢᠬᠠᠨ ᠢᠶᠠᠨ ᠬᠡᠤᠬᠡᠨ ᠤ ᠭᠤᠣᠯ ᠮᠣᠩᠭᠤᠯ ᠭᠡᠷ ᠤᠨ ᠪᠠᠷᠠᠭᠤᠨ ᠡᠮᠦᠨ᠎ᠡ ᠪᠣᠰᠬᠠᠵᠤ᠂ ᠳᠣᠲᠤᠷ᠎ᠠ ᠨᠢ ᠬᠡᠤᠬᠡᠨ ᠤ  ᠲᠠᠯ᠎ᠠ ᠳᠤ  ᠬᠡᠷᠡᠭᠯᠡᠬᠦ  ᠮᠢᠬ᠎ᠠ᠂ ᠠᠷᠢᠬᠢ᠂ ᠪᠡᠯᠡᠭ ᠰᠡᠯᠲᠡ ᠪᠠᠨ ᠲᠠᠯᠪᠢᠨ᠎ᠠ᠃                 ᠬᠡᠤᠬᠡᠨ ᠤ ᠲᠠᠯ᠎ᠠ ᠶᠢᠨ ᠬᠤᠷᠢᠮ ᠳᠤ᠂  ᠬᠠᠳᠠᠮ  ᠠᠪᠤ ᠨᠢ  ᠬᠦᠷᠭᠡᠨ ᠳᠡᠭᠡᠨ  ᠰᠤᠮᠤ  ᠱᠠᠩᠨᠠᠨ᠎ᠠ᠃  ᠬᠦᠷᠭᠡᠨ  ᠨᠢᠭᠡ ᠰᠣᠮᠤ ᠶᠢ ᠨᠢ ᠬᠡᠤᠬᠡᠨ ᠤ ᠪᠡᠷᠭᠡᠨ ᠳᠤ ᠦᠯᠡᠳᠡᠭᠡᠨ ᠦᠭᠭᠦᠨ᠎ᠡ᠃ ᠪᠦᠬᠦᠯᠢ ᠰᠢᠭᠦᠰᠦ ᠶᠢᠨ ᠳᠠᠶᠢᠯᠠᠯᠭ᠎ᠠ ᠳᠤ᠂ ᠬᠦᠷᠭᠡᠨ  ᠱᠠᠭᠠᠨᠲᠤ ᠴᠢᠮᠦᠭᠡ ᠶᠢᠨ ᠱᠠᠭ᠎ᠠ ᠶᠢ ᠮᠣᠯᠲᠤᠯᠤᠨ ᠠᠪᠴᠤ᠂ ᠲᠣᠷᠭᠠᠨ ᠠᠯᠴᠢᠭᠤᠷ ᠢᠶᠠᠷ ᠪᠠᠭᠯᠠᠵᠤ  ᠪᠠᠷᠠᠭᠤᠨ  ᠲᠦᠷᠡᠢ ᠶᠢᠨ ᠢᠶᠠᠨ  ᠳᠤᠲᠤᠷ᠎ᠠ ᠲᠠᠯ᠎ᠠ ᠳᠤᠨᠢ ᠬᠢᠨ᠎ᠡ᠃ ᠱᠠᠭᠠᠨᠲᠤ ᠶᠢ ᠬᠡᠤᠬᠡᠨ ᠤ ᠨᠢᠭᠡ ᠪᠡᠷᠭᠡᠨ ᠳᠤ ᠦᠭᠴᠦ᠂ ᠬᠦᠷᠭᠡᠯᠲᠡ ᠶᠢᠨ ᠲᠡᠷᠭᠡᠨ ᠳᠤ ᠬᠠᠮᠲᠤ ᠶᠠᠪᠤᠨ᠎ᠠ᠃ ᠬᠦᠷᠭᠡᠨ ᠤ ᠭᠡᠷ ᠣᠶᠢᠷᠠᠳᠬᠤ ᠳᠤ᠂ ᠬᠦᠷᠭᠡᠨ᠂ ᠬᠦᠷᠭᠡᠨ ᠳᠠᠭᠠᠭᠴᠢ ᠠᠴᠠ ᠤᠷᠢᠳᠠᠪᠠᠷ ᠲᠣᠪᠲᠤᠯᠤᠨ ᠣᠴᠢᠵᠤ᠂ ᠬᠦᠷᠭᠡᠯᠲᠡ ᠶᠢᠨ ᠬᠦᠮᠦᠰ ᠤᠨ ᠤᠳᠠᠯ ᠦᠭᠡᠢ ᠢᠷᠡᠬᠦ ᠶᠢ ᠮᠡᠳᠡᠭᠳᠡᠨ᠎ᠡ᠃ ᠬᠦᠷᠭᠡᠨ ᠤ ᠲᠠᠯ᠎ᠠ ᠠᠴᠠ ᠬᠦᠷᠭᠡᠯᠲᠡ ᠶᠢᠨ ᠲᠡᠷᠭᠡᠨ ᠤ ᠲᠤᠭ᠎ᠠ ᠪᠠᠷ ᠦᠬᠡᠷ ᠬᠦᠲᠦᠯᠦᠨ ᠢᠷᠡᠵᠦ᠂ ᠬᠡᠤᠬᠡᠨ ᠤ ᠲᠠᠯ᠎ᠠ ᠶᠢᠨ ᠲᠡᠷᠭᠡᠨ ᠳᠤ ᠰᠣᠯᠢᠨ ᠬᠦᠯᠦᠨ᠎ᠡ᠃  ᠡᠨᠡ  ᠵᠠᠭᠤᠷ᠎ᠠ᠂  ᠬᠡᠤᠬᠡᠨ ᠤ  ᠪᠡᠷᠭᠡᠨ ᠠᠴᠠ ᠰᠤᠮᠤ᠂ ᠱᠠᠭ᠎ᠠ᠂ ᠱᠠᠭᠠᠨᠲᠤ ᠶᠢ  ᠰᠢᠯᠭᠠᠨ  ᠦᠵᠡᠨ᠎ᠡ᠃  ᠡᠭᠦᠨ ᠠᠴᠠ  ᠭᠠᠳᠠᠨ᠎ᠠ᠂  ᠪᠦᠬᠦ᠋ᠢᠯᠡ  ᠬᠤᠷᠢᠮ ᠤᠨ  ᠶᠠᠪᠤᠴᠠ ᠳᠤ᠂ ᠬᠦᠦ ᠶᠢᠨ ᠲᠠᠯ᠎ᠠ ᠠᠴᠠ ᠬᠡᠤᠬᠡᠨ ᠤ ᠲᠠᠯ᠎ᠠ ᠳᠤ ᠰᠤᠮᠤᠨ ᠪᠡᠯᠡᠭ ᠮᠤᠷᠢ ᠲᠠᠢ ᠤᠴᠢᠬᠤ᠂ ᠮᠡᠨᠳᠦ ᠶᠢᠨ ᠡᠯᠴᠢ ᠲᠣᠮᠢᠯᠠᠬᠤ᠂  ᠬᠦᠷᠭᠡᠨ ᠠᠮᠠᠳᠠᠬᠤ᠂ ᠬᠦᠷᠭᠡᠨ ᠢᠶᠠᠷ ᠬᠡᠳᠡ ᠴᠤᠬᠢᠭᠤᠯᠵᠦ  ᠲᠠᠮᠠᠬᠢ  ᠨᠤᠴᠤᠭᠠᠯᠭᠠᠬᠤ᠂  ᠠᠳᠠᠷ  ᠮᠡᠳᠡᠭᠦᠯᠬᠦ᠂  ᠬᠡᠤᠬᠡᠨ  ᠮᠣᠷᠳᠠᠬᠤ  ᠴᠠᠭ ᠣᠶᠢᠷᠠᠳᠪᠠᠯ ᠪᠡᠷᠭᠡᠳ ᠨᠠᠷ ᠠᠴᠠ ᠬᠦᠷᠭᠡᠨ ᠤ ᠲᠠᠯ᠎ᠠ ᠶᠢᠨ ᠮᠠᠶᠢᠬᠠᠨ ᠢ ᠤᠨᠠᠭᠠᠬᠤ᠂  ᠮᠠᠶᠢᠬᠠᠨ ᠳᠤ  ᠳᠠᠷᠤᠭᠳᠠᠭᠰᠠᠨ  ᠬᠦᠮᠦᠨ ᠤ ᠭᠤᠲᠤᠯ ᠢ ᠠᠪᠬᠤ᠂ ᠬᠡᠦᠬᠡᠨ ᠮᠣᠷᠳᠠᠬᠤ ᠠᠴᠠ ᠡᠮᠦᠨ᠎ᠡ ᠤᠨᠣᠬᠤ ᠮᠤᠷᠢᠨ ᠤ ᠲᠡᠯ  ᠰᠡᠭᠦᠯ ᠳᠤ  ᠱᠦᠬᠦᠷ᠂  ᠰᠠᠮ  ᠬᠠᠳᠬᠤᠬᠤ᠂ ᠬᠡᠦᠬᠡᠨ ᠤ ᠲᠠᠯᠠᠯᠭ᠎ᠠ ᠶᠢ ᠠᠪᠬᠤ᠂ ᠮᠤᠷᠳᠠᠬᠤ ᠶᠢᠨ ᠮᠤᠯᠤᠷ ᠠᠪᠬᠤ᠂ ᠮᠤᠷᠳᠠᠭᠤᠯᠤᠯ ᠤᠨ ᠲᠡᠷᠭᠡᠨ ᠳᠤ ᠠᠯᠲᠠᠨ ᠮᠡᠯᠡᠬᠡᠢ ᠶᠢᠨ ᠵᠢᠷᠤᠭ ᠡᠯᠭᠦᠭᠦ᠂ ᠲᠤᠶᠢᠭ ᠲᠤᠰᠤ ᠲᠤᠭᠤᠭ᠎ᠠ ᠶᠢᠨ ᠢᠷᠤᠭᠠᠷ ᠤᠨ ᠬᠤᠷᠢᠮ᠂ ᠦᠭᠡᠬᠦ ᠪᠠᠷ ᠭᠡᠷ ᠲᠤᠤᠷᠯᠠᠵᠤ᠂  ᠬᠠᠶᠠᠭ᠎ᠠ  ᠲᠠᠷᠤᠵᠤ  ᠮᠦᠷ ᠪᠦᠲᠡᠭᠡᠬᠦ ᠵᠡᠷᠭᠡ ᠨᠢ ᠪᠦᠷ ︽ᠠᠷᠪᠠᠨ ᠰᠤᠮᠤ ︾ ᠶᠢᠨ ᠬᠤᠷᠢᠮ ᠤᠨ ᠶᠣᠰᠤᠨ ᠤ ᠤᠨᠴᠠᠯᠢᠭ ᠪᠤᠯᠬᠤ ᠶᠤᠮ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号