ᠲᠠᠶᠢᠴᠢᠨᠳᠠᠯ᠎ᠠ ᠭᠤᠣᠯ ᠪᠠᠭ᠎ᠠ ᠰᠣᠷᠭᠠᠭᠤᠯᠢ ᠶᠢᠨ ︽ᠦᠨᠳᠥᠰᠥᠳᠡᠨ ᠤ ᠵᠠᠩ ᠦᠢᠯᠡ ᠪᠠᠨ ᠤᠯᠠᠮᠵᠢᠯᠠᠶ᠎ᠠ︾ ᠭᠡᠭᠦ ᠭᠤᠤᠯ ᠰᠡᠳᠥᠪᠳᠥ ᠬᠦᠳᠡᠯᠬᠡᠬᠡᠨ ᠨᠢᠵᠢᠭᠢᠷ ᠶᠠᠪᠣᠭᠳᠠᠪᠠ
ᠨᠡᠶᠢᠲᠡᠯᠡᠭᠰᠡᠨ ᠴᠠᠭ᠄
2017/3/6
          ᠥᠨᠳᠣᠰᠣᠳᠡᠨ ᠤ ᠵᠠᠩ ᠥᠢᠯᠡ ᠪᠠᠨ ᠣᠶᠢᠯᠠᠭᠠᠵᠣ᠂ ᠥᠨᠳᠣᠰᠣᠳᠡᠨ ᠤ ᠵᠠᠩ ᠥᠢᠯᠡ ᠪᠠᠨ ᠪᠠᠭ᠋ᠠᠷᠬᠠᠵᠣ᠂ ᠥᠨᠳᠣᠰᠣᠳᠡᠨ ᠤ ᠵᠠᠩ ᠥᠢᠯᠡ ᠪᠠᠨ ᠬᠠᠶᠢᠷᠠᠯᠠᠨ ᠲᠡᠭᠡᠳᠥᠯᠡᠵᠣ ᠣᠯᠠᠮᠵᠢᠯᠠᠨ ᠭᠥᠭᠵᠢᠭᠦᠯᠭᠦ ᠪᠠᠷ ᠲᠦᠰᠢᠶᠡᠳᠥ ᠶᠢᠨ ᠰᠤᠷᠭᠠᠨ ᠭᠦᠮᠥᠵᠢᠯ ᠤᠨ ᠲᠠᠷᠬᠠᠨ ᠭᠤᠯᠤᠮᠳᠠ᠂ ᠲᠦᠭ ᠲᠦᠮᠡᠨ ᠡᠷᠳᠡᠮᠳᠡᠨ ᠴᠢᠳᠠᠪᠤᠷᠢᠳᠠᠨ ᠢ ᠬᠦᠮᠥᠵᠢᠬᠦᠯᠵᠥ᠂ ᠲᠡᠤᠭᠡ ᠰᠤᠶᠤᠯ ᠤᠨ ᠲᠠᠪᠴᠠᠩ ᠳᠤ ᠤᠯᠠ ᠮᠦᠷ ᠢᠶᠠᠨ ᠬᠤᠴᠤᠷᠭᠠᠨ ᠥᠪᠣᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠦᠯᠵᠡᠢ ᠲᠡᠷᠢᠬᠦᠯᠡᠭᠴᠢ ᠵᠡᠷᠭᠡ ᠰᠣᠳᠣᠨ ᠥᠷᠡᠰ ᠢᠶᠠᠨ ᠰᠣᠶᠣᠨ ᠬᠦᠮᠥᠵᠢᠬᠦᠯᠥᠭᠰᠡᠨ ᠨᠠᠨᠳᠢᠨ ᠠᠯᠳᠠᠷ ᠲᠠᠢ᠂ ᠬᠤᠷᠴᠢᠨ ᠨᠤᠳᠤᠭ ᠤᠨ ᠰᠤᠷᠭᠠᠨ ᠬᠦᠮᠥᠵᠢᠯ ᠤᠨ ᠲᠠᠪᠴᠠᠩ ᠤᠨ ᠰᠤᠷᠭᠤᠭ ᠴᠡᠴᠡᠭ ᠪᠣᠯᠬᠤ ᠨᠡᠷᠡᠳᠤ ᠰᠤᠷᠭᠠᠭᠤᠯᠢ —— ᠥᠪᠣᠷ ᠮᠣᠩᠭᠤᠯ ᠤᠨ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠲᠠᠶᠢᠴᠢᠨᠳᠠᠯ᠎ᠠ ᠭᠤᠣᠯ ᠪᠠᠭ᠎ᠠ ᠰᠣᠷᠭᠠᠭᠤᠯᠢ ᠰᠣᠷᠭᠠᠭᠤᠯᠢ ᠡᠭᠢᠯᠡᠭᠰᠡᠨ ᠠᠩᠬᠠᠨ ᠤ ᠭᠠᠷᠠᠭ  ᠤᠨ ᠲᠠᠪᠣᠨ ᠳᠤ᠂ ᠲᠠᠷᠣᠢ 3 ᠰᠠᠷ᠎ᠠ ᠶᠢᠨ 3 ᠡᠳᠣᠷ ᠤᠨ ᠥᠳᠡ ᠶᠢᠨ ᠬᠤᠶᠢᠨ᠎ᠠ ᠮᠤᠩᠭᠤᠯ ᠦᠬᠡ ᠪᠠᠨ ᠶᠠᠷᠢᠵᠥ᠂ ᠮᠤᠩᠭᠤᠯ ᠬᠤᠪᠴᠠᠰᠤ ᠪᠠᠨ ᠡᠮᠤᠰᠴᠥ ᠮᠤᠩᠭᠤᠯ ᠢᠶᠠᠷ ᠢᠶᠠᠨ ᠭᠤᠶᠤᠯᠠᠵᠤ᠂ ᠮᠤᠩᠭᠤᠯ ᠰᠤᠶᠤᠯ ᠢᠶᠠᠨ ᠰᠤᠷᠴᠤ᠂ ᠮᠤᠩᠭᠤᠯ ᠦᠨᠳᠥᠰᠥᠳᠡᠨ ᠤ ᠰᠢᠯᠢᠳᠡᠭ ᠰᠠᠶᠢᠬᠠᠨ ᠵᠠᠩ ᠦᠢᠯᠡ ᠪᠠᠨ ᠰᠤᠷᠭᠠᠨ᠂ ᠬᠦᠮᠥᠨ ᠪᠤᠯᠬᠤ ᠶᠤᠰᠤ ᠶᠢ ᠲᠠᠨᠢᠭᠤᠯᠵᠥ᠂ ᠪᠠᠭᠰᠢ ᠠᠬᠠᠮᠠᠳ ᠢᠶᠠᠨ ᠬᠦᠨᠳᠥᠳᠭᠡᠭᠦ᠂ ᠦᠨᠳᠥᠰᠥᠳᠡᠨ ᠤ ᠵᠠᠩ ᠦᠢᠯᠡ ᠪᠠᠨ ᠰᠢᠳᠥᠨ ᠲᠡᠭᠡᠳᠥᠯᠡᠬᠦ᠂ ᠥᠨᠳᠣᠰᠣᠳᠡᠨ ᠤ ᠣᠮᠣᠭᠰᠢᠯᠳᠣ ᠰᠡᠳᠭᠢᠯᠬᠡ ᠶᠢ ᠪᠣᠢ ᠪᠣᠯᠭᠠᠬᠤ ᠬᠦᠮᠥᠵᠢᠯ ᠢ ᠰᠣᠷᠣᠭᠴᠢᠳ ᠲᠠᠭᠠᠨ ᠪᠣᠳᠠᠳᠣ ᠥᠢᠯᠡᠳᠥᠯᠬᠡ ᠪᠠᠷ ᠲᠠᠮᠵᠢᠨ ᠭᠦᠷᠳᠡᠭᠡᠭᠦ ᠪᠠᠷ ᠭᠡᠷ ᠤᠨ ᠠᠬᠠᠮᠠᠳ᠂ ᠪᠠᠭᠰᠢ ᠰᠤᠷᠤᠭᠴᠢ ᠬᠠᠮᠳᠤ ᠪᠠᠷ ᠤᠷᠤᠯᠴᠠᠭᠰᠠᠨ ᠬᠠᠤᠯᠢ ᠴᠠᠭᠠᠵᠠ᠂ ᠮᠤᠷᠠᠯ ᠭᠦᠮᠥᠵᠢᠯ ᠤᠨ ᠶᠠᠷᠢᠶ᠎ᠠ ᠢᠯᠡᠳᠬᠡᠯ ᠲᠠᠢ᠂ ᠲᠡᠯᠡᠭᠡᠢ ᠶᠢᠨ ᠡᠮᠡᠭᠳᠡᠶᠢᠴᠥᠳ ᠤᠨ ᠪᠠᠶᠠᠷ ᠢ ᠪᠡᠯᠭᠡᠯᠡᠬᠦ ᠪᠠ ᠯᠧᠢ ᠹᠧᠩ ᠠᠴᠠ ᠰᠤᠷᠤᠯᠴᠠᠬᠤ ᠰᠢᠰᠲ᠋ᠧᠮᠳᠥ ᠬᠦᠳᠡᠯᠬᠡᠬᠡᠨ ᠤ ᠣᠷᠭᠠᠨᠢᠭ ᠠᠭᠤᠰᠣᠯᠴᠠᠯ ᠲᠠᠢ ᠠᠩᠬᠠᠳᠣᠭᠠᠷ ᠣᠳᠠᠭᠠᠨ ᠤ ︽ᠦᠨᠳᠥᠰᠥᠳᠡᠨ ᠤ ᠵᠠᠩ ᠦᠢᠯᠡ ᠪᠠᠨ ᠤᠯᠠᠮᠵᠢᠯᠠᠶ᠎ᠠ︾ ᠭᠡᠭᠦ ᠭᠤᠤᠯ ᠰᠡᠳᠥᠪᠳᠥ ᠬᠦᠳᠡᠯᠬᠡᠬᠡᠨ —— ᠪᠠᠭᠰᠢ ᠰᠤᠷᠤᠬᠴᠢ᠂ ᠭᠡᠷ ᠤᠨ ᠠᠬᠠᠮᠠᠳ ᠤᠨ ᠤᠷᠤᠯᠴᠠᠭ᠎ᠠ ᠲᠠᠢ ᠭᠡᠪ ᠴᠢᠨᠠᠷ ᠤᠨ ᠰᠤᠷᠭᠠᠨ ᠭᠦᠮᠥᠵᠢᠯ ᠤᠨ ᠬᠠᠷᠢᠭᠤ ᠮᠡᠳᠡᠭᠦᠯᠥᠯᠳᠡ ᠶᠢᠨ ᠲᠤᠬᠯᠠᠯᠳᠠ ᠨᠢᠵᠢᠭᠢᠷ ᠶᠠᠪᠣᠭᠳᠠᠪᠠ᠃          ᠥᠨᠳᠣᠰᠣᠳᠡᠨ ᠤ ᠬᠤᠪᠴᠠᠰᠣ ᠪᠠᠷ ᠢᠶᠠᠨ ᠭᠤᠶᠣᠯᠠᠭᠰᠠᠨ ᠭᠥᠭᠡᠷᠥᠭᠦᠨ ᠴᠣᠪᠣᠭᠤᠯᠢᠭ ᠰᠣᠷᠣᠭᠴᠢᠳ ᠭᠥᠬᠡ ᠮᠣᠩᠭᠤᠯ ᠤᠨ ᠵᠠᠩᠰᠢᠯ ᠢᠶᠠᠷ ᠥᠩᠭᠡᠳᠣ ᠬᠠᠳᠠᠭ ᠢᠶᠠᠨ ᠲᠡᠯᠭᠡᠵᠣ᠂ ᠠᠮᠠᠨ ᠢᠷᠥᠭᠡᠯ ᠬᠠᠶᠢᠯᠠᠨ ᠭᠥᠳᠡᠯᠭᠡᠭᠡᠨ ᠤ ᠬᠤᠶᠢᠮᠣᠷ ᠲᠤ ᠮᠣᠷᠢᠯᠠᠨ ᠰᠠᠭᠠᠳᠠᠭᠰᠠᠨ ᠡᠷᠭᠢᠮ ᠵᠣᠴᠢᠳ ᠢᠶᠠᠨ ᠮᠣᠷᠢᠳᠠᠨ ᠥᠨᠳᠣᠰᠣᠳᠡᠨ ᠤ ᠪᠠᠨ ᠵᠣᠴᠢᠨ ᠣᠭᠳᠣᠬᠤ ᠶᠣᠰᠣ ᠪᠠᠷ ᠭᠥᠨᠳᠥᠳᠭᠡᠨ ᠣᠭᠳᠣᠵᠣ ᠰᠠᠭᠤᠯᠭᠠᠡᠨ᠂ ᠴᠠᠭᠠᠨ ᠢᠳᠡᠭᠡ ᠰᠥ ᠲᠠᠢ ᠴᠠᠢ ᠪᠠᠷ ᠵᠣᠴᠢᠯᠠᠨ ᠲᠠᠶᠢᠯᠠᠵᠣ᠂ ᠭᠥᠳᠡᠯᠭᠡᠬᠡᠨ ᠤ ᠭᠥᠰᠢᠬᠡ ᠶᠢ ᠥᠨᠳᠣᠰᠣᠳᠡᠨ ᠤ ᠣᠴᠠᠯᠢᠭ ᠲᠣᠪᠣᠶᠢᠮ᠎ᠠ ᠪᠠᠷ ᠥᠯᠵᠡᠶᠢᠳᠡᠶᠢᠭᠡᠨ ᠢᠷᠡᠵᠣ ᠂ ᠭᠥᠳᠡᠯᠭᠡᠭᠡᠨ ᠤ ᠠᠬᠤᠢ ᠲᠠᠯᠠᠪᠠᠢ ᠶᠢ ᠭᠥᠭᠵᠢᠭᠡᠪᠡ᠃         ᠰᠣᠷᠭᠠᠭᠤᠯᠢ ᠶᠢᠨ ᠵᠠᠬᠢᠷᠣᠯ ᠥ᠋ ᠵᠧᠩ ᠴᠢᠥᠸᠠᠨ ᠪᠠᠭᠰᠢ ᠠᠴᠠ ᠭᠡᠷ ᠤᠨ ᠠᠬᠠᠮᠠᠳ ᠪᠠ ᠪᠥᠭᠦ ᠪᠠᠭᠰᠢ ᠰᠣᠷᠣᠭᠴᠢᠳ ᠲᠠᠭᠠᠨ ᠮᠣᠩᠭᠤᠯ ᠥᠬᠡ ᠬᠡᠯᠡ ᠥᠰᠥᠭ ᠪᠢᠴᠢᠭ ᠢᠶᠠᠨ ᠰᠠᠶᠢᠨ ᠰᠣᠷᠴᠥ ᠮᠣᠩᠭᠤᠯ ᠰᠣᠶᠣᠯ ᠵᠠᠩᠰᠢᠯ  ᠢᠶᠠᠨ ᠣᠶᠢᠯᠠᠭᠠᠨ ᠮᠡᠳᠡᠵᠣ ᠣᠯᠠᠮᠵᠢᠯᠠᠨ ᠭᠥᠭᠵᠢᠭᠦᠯᠭᠦ ᠴᠢᠬᠤᠯᠠ ᠴᠢᠨᠠᠷ ᠤᠨ ᠲᠣᠬᠠᠢ ᠶᠠᠷᠢᠶ᠎ᠠ ᠬᠢᠭᠰᠡᠨ ᠤ ᠲᠠᠷᠠᠭ᠎ᠠ ᠲᠠᠶᠢᠴᠢᠨᠳᠠᠯ᠎ᠠ ᠭᠤᠣᠯ ᠪᠠᠭ᠎ᠠ ᠰᠣᠷᠭᠠᠭᠤᠯᠢ ᠶᠢᠨ ᠣᠨᠴᠠ ᠣᠷᠢᠭᠰᠠᠨ ᠬᠠᠣᠯᠢ ᠴᠠᠭᠠᠵᠠ ᠶᠢᠨ ᠲᠡᠳ᠋ ᠵᠠᠬᠢᠷᠣᠯ᠂ ᠬᠤᠰᠢᠭᠤᠨ ᠤ ᠪᠠᠶᠢᠴᠠᠭᠠᠬᠤ ᠬᠤᠷᠢᠶ᠎ᠠ ᠶᠢᠨ ᠬᠤᠶᠢᠴᠢ ᠥᠶ᠎ᠡ ᠶᠢᠨ ᠬᠢᠨ ᠢ ᠬᠠᠯᠠᠮᠵᠢᠯᠠᠬᠤ ᠵᠥᠪᠯᠡᠯ ᠤᠨ ᠬᠠᠰ ᠪᠠᠭᠰᠢ ᠂ ᠲᠠᠶᠢᠴᠢᠨᠳᠠᠯ᠎ᠠ ᠭᠤᠣᠯ ᠪᠠᠭ᠎ᠠ ᠰᠣᠷᠭᠠᠭᠤᠯᠢ ᠶᠢᠨ ᠣᠨᠴᠠ ᠣᠷᠢᠭᠰᠠᠨ ᠬᠠᠣᠯᠢ ᠴᠠᠭᠠᠵᠠ ᠶᠢᠨ ᠲᠡᠳ᠋ ᠵᠠᠬᠢᠷᠣᠯ᠂ ᠬᠤᠰᠢᠭᠤᠨ ᠤ ᠰᠢᠭᠦᠭᠦ ᠬᠤᠷᠢᠶ᠎ᠠ ᠶᠢᠨ ᠬᠤᠶᠢᠴᠢ ᠥᠶ᠎ᠡ ᠶᠢᠨ ᠬᠢᠨ ᠢ ᠬᠠᠯᠠᠮᠵᠢᠯᠠᠬᠤ ᠵᠥᠪᠯᠡᠯ ᠤᠨ ᠸᠠᠩ ᠬᠠᠢ ᠱᠠᠨ ᠪᠠᠭᠰᠢ᠂ ᠬᠤᠰᠢᠭᠤᠨ ᠤ ᠪᠠᠶᠠᠨᠬᠤᠰᠢᠭᠤ ᠪᠠᠯᠭᠠᠰᠣᠨ ᠤ ᠬᠠᠣᠯᠢ ᠴᠠᠭᠠᠵᠠ ᠶᠢᠨ ᠰᠠᠯᠪᠣᠷᠢ ᠶᠢᠨ ᠲᠠᠷᠤᠭ᠎ᠠ᠂ ᠬᠤᠰᠢᠭᠤᠨ ᠤ ᠰᠣᠷᠭᠠᠨ ᠭᠥᠮᠥᠵᠢᠯ ᠤᠨ ᠲᠣᠪᠴᠢᠶᠠᠨ ᠤ ᠬᠠᠣᠯᠢ ᠴᠠᠭᠠᠵᠠ ᠶᠢᠨ ᠵᠥᠪᠯᠡᠭᠴᠢ ᠠᠯᠳᠠᠨᠰᠠᠩ ᠪᠠᠭᠰᠢ  ᠠᠴᠠ ᠬᠠᠣᠯᠢ ᠶᠢ ᠴᠢᠩᠭ᠎ᠠ ᠰᠠᠭᠢᠵᠣ᠂ ᠬᠠᠣᠯᠢ ᠶᠢ ᠵᠢᠷᠣᠮᠯᠠᠨ ᠬᠡᠥᠭᠡᠳ ᠢᠶᠠᠨ ᠭᠥᠮᠣᠵᠢᠭᠦᠯᠵᠣ᠂ ᠬᠠᠣᠯᠢ ᠶᠣᠰᠣ ᠪᠠᠷ ᠬᠡᠥᠭᠡᠳ ᠢᠶᠠᠨ ᠲᠣᠰᠴᠥ ᠭᠥᠷᠭᠡᠭᠦ᠂ ᠰᠣᠷᠭᠠᠭᠤᠯᠢ ᠶᠢᠨ ᠭᠥᠷᠢᠶᠡᠨ ᠤ ᠭᠥᠴᠥᠷᠭᠡᠭᠯᠡᠯ ᠲᠣᠷᠣᠮᠵᠢᠯᠠᠯ ᠢ ᠬᠡᠷᠭᠢᠨ ᠰᠢᠢᠳᠪᠥᠷᠢᠯᠡᠭᠦ ᠵᠡᠷᠭᠡ ᠲᠠᠯ᠎ᠠ ᠪᠠᠷ ᠭᠥᠳᠡᠯᠭᠡᠭᠡᠨ ᠳᠤ ᠣᠷᠣᠯᠴᠠᠭᠰᠠᠨ ᠬᠡᠷ ᠤᠨ ᠠᠬᠠᠮᠠᠳ ᠪᠠ ᠪᠠᠭᠰᠢ ᠰᠣᠷᠣᠭᠴᠢᠳ  ᠲᠤ ᠬᠠᠤᠯᠢ ᠴᠠᠭᠠᠵᠠ᠂ ᠮᠤᠷᠠᠯ ᠭᠦᠮᠥᠵᠢᠯ ᠤᠨ ᠢᠯᠡᠳᠭᠡᠯ ᠬᠢᠵᠣ ᠡᠨᠡ ᠣᠳᠠᠭᠠᠨ ᠤ ᠭᠥᠳᠡᠯᠭᠡᠭᠡᠨ ᠤ ᠠᠭᠤᠯᠭ᠎ᠠ ᠶᠢ ᠪᠠᠶᠠᠯᠢᠭᠵᠢᠭᠤᠯᠵᠣ᠂ ᠠᠴᠢ ᠬᠤᠯᠪᠣᠭᠳᠠᠯ ᠢ ᠭᠥᠨᠵᠡᠭᠡᠶᠢᠷᠡᠭᠦᠯᠪᠡ᠃         ᠮᠣᠩᠭᠤᠯ ᠢᠶᠠᠷ ᠢᠶᠠᠨ ᠭᠤᠶᠣᠯᠠᠨ ᠵᠣᠯᠪᠣᠭᠠᠵᠢᠭᠰᠠᠨ ᠰᠣᠷᠣᠭᠴᠢᠳ ᠤᠨ ︽ᠡᠯᠢᠬᠡᠨ ᠬᠠᠶᠢᠷᠠᠳᠣ ᠲᠠᠶᠢᠴᠢᠨᠳᠠᠯ᠎ᠠ︾ ᠬᠡᠭᠦ ᠲᠠᠭᠤᠣ ᠶᠢᠨ ᠣᠶᠠᠩᠭᠠᠷᠠᠯ ᠳᠤ ᠲᠠᠶᠢᠴᠢᠨᠳᠠᠯ᠎ᠠ ᠭᠤᠣᠯ ᠪᠠᠭ᠎ᠠ ᠰᠣᠷᠭᠠᠭᠤᠯᠢ ᠶᠢᠨ ︽ᠦᠨᠳᠥᠰᠥᠳᠡᠨ ᠤ ᠵᠠᠩ ᠦᠢᠯᠡ ᠪᠠᠨ ᠤᠯᠠᠮᠵᠢᠯᠠᠶ᠎ᠠ︾ ᠬᠡᠭᠦ ᠭᠤᠣᠯ ᠰᠡᠳᠥᠪᠳᠣ ᠭᠥᠳᠡᠯᠭᠡᠭᠡᠨ ᠶᠢᠨ ᠺᠠᠢ ᠬᠤᠸᠠ ᠪᠠᠭᠰᠢ ᠶᠢᠨ ᠡᠷᠭᠢᠯᠡᠨ ᠭᠥᠳᠥᠯᠥᠯᠬᠡ ᠲᠣᠣᠷ᠎ᠠ ᠪᠠᠭᠰᠢ ᠰᠤᠷᠤᠬᠴᠢ᠂ ᠭᠡᠷ ᠤᠨ ᠠᠬᠠᠮᠠᠳ ᠤᠨ ᠤᠷᠤᠯᠴᠠᠭ᠎ᠠ ᠲᠠᠢ ᠭᠡᠪ ᠴᠢᠨᠠᠷ ᠤᠨ ᠰᠤᠷᠭᠠᠨ ᠭᠦᠮᠥᠵᠢᠯ ᠤᠨ ᠬᠠᠷᠢᠭᠤ ᠮᠡᠳᠡᠭᠦᠯᠥᠯᠳᠡ ᠶᠢᠨ ᠲᠤᠬᠯᠠᠯᠳᠠ ᠡᠭᠡᠰᠢᠭ ᠨᠣᠲ ᠤᠨ ᠢᠷᠠᠭᠤᠰᠬᠠᠯ   ᠳᠤ ᠨᠢᠵᠢᠭᠢᠷ ᠰᠠᠶᠢᠬᠠᠨ ᠶᠠᠪᠣᠭᠳᠠᠵᠣ᠂ ︽ᠲᠥᠰᠢᠶᠡᠳᠣ ᠮᠢᠨᠢ︾ ᠬᠡᠭᠦ ᠰᠢᠯᠥᠭ ᠤᠨ ᠣᠶᠠᠩᠭᠠᠯᠠᠯ᠂ ᠰᠣᠷᠭᠠᠭᠤᠯᠢ  ᠶᠢᠨ ᠲᠡᠳ᠋ ᠵᠠᠬᠢᠷᠣᠯ ᠪᠣᠣ ᠺᠠᠢ ᠬᠤᠸᠠ ᠪᠠᠭᠰᠢ ᠶᠢᠨ ᠠᠪᠤ ᠡᠵᠢ ᠪᠠᠨ ᠭᠥᠨᠳᠥᠯᠡᠭᠦ ᠲᠣᠬᠠᠢ ᠪᠢᠯᠢᠭ ᠰᠣᠷᠭᠠᠯ ᠤᠨ ᠣᠶᠠᠩᠭᠠᠯᠠᠯ᠂ ᠪᠠᠭᠰᠢ ᠰᠣᠷᠣᠭᠴᠢ᠂ ᠭᠡᠷ ᠪᠥᠯᠢ ᠶᠢᠨ ᠬᠠᠮᠳᠣᠷᠠᠯ ᠤᠨ ᠮᠣᠩᠭᠤᠯ ᠬᠤᠪᠴᠠᠰᠣᠨ ᠤ ᠥᠵᠡᠭᠦᠯᠥᠯᠬᠡ ᠣᠯᠠᠨ ᠳᠤ ᠲᠠᠭᠠᠯᠠᠭᠳᠠᠵᠣ᠂ ᠪᠠᠭᠰᠢ ᠰᠣᠷᠣᠭᠴᠢᠳ ᠤᠨ ᠥᠨᠳᠣᠰᠣᠳᠡᠨ ᠤ ᠪᠠᠨ ᠰᠣᠶᠣᠯ ᠵᠠᠩᠰᠢᠯ ᠳᠤ ᠪᠠᠨ ᠭᠥᠨ ᠵᠣᠵᠠᠭᠠᠨ ᠬᠠᠶᠢᠷ᠎ᠠ ᠰᠡᠳᠭᠢᠯᠬᠡ ᠲᠠᠢ ᠪᠠᠶᠢᠭ᠎ᠠ ᠥᠩᠭᠡ ᠵᠣᠯᠪᠣᠭ᠎ᠠ ᠪᠠᠷ ᠲᠡᠭᠦᠯᠳᠡᠷ ᠲᠥᠷᠢ ᠲᠥᠷᠭᠦ ᠶᠢ ᠲᠡᠯᠬᠡᠨ ᠥᠵᠡᠭᠦᠯᠵᠣ᠂ ᠡᠨᠡ ᠣᠳᠠᠭᠠᠨ ᠤ ᠭᠥᠳᠡᠯᠭᠡᠭᠡᠨ ᠤ ᠥᠨᠳᠣᠰᠣᠳᠡᠨ ᠤ ᠣᠨᠴᠠᠯᠢᠭ ᠤᠨ ᠥᠩᠭᠡ ᠪᠣᠳᠤᠭ ᠢ ᠨᠡᠮᠡᠭᠳᠡᠭᠦᠯᠣᠨ ᠬᠢᠯᠠᠰ ᠴᠡᠭ ᠪᠣᠯᠵᠣ ᠲᠣᠳᠣᠷᠠᠭᠠᠳ ᠰᠣᠨᠣᠰᠣᠭᠰᠠᠨ ᠪᠥᠭᠦᠨ ᠤ ᠰᠣᠨᠣᠷ ᠢ ᠪᠠᠶᠠᠰᠬᠠᠵᠣ᠂ ᠥᠵᠡᠭᠰᠡᠨ ᠪᠣᠯᠭᠠᠨ ᠤ ᠣᠣᠬᠠᠶᠢᠯᠠᠯ ᠢ ᠣᠯᠣᠨ ᠨᠣᠳᠤᠭ ᠣᠰᠣ᠂ ᠡᠬᠡ ᠣᠷᠣᠨ᠂ ᠥᠨᠳᠣᠰᠣᠳᠡᠨ ᠣᠭᠰᠠᠭ᠎ᠠ᠂ ᠡᠬᠡ ᠰᠣᠶᠣᠯ  ᠳᠤ ᠪᠠᠨ ᠬᠠᠶᠢᠷᠠᠳᠠᠢ ᠶᠠᠪᠣᠵᠣ ᠥᠨᠳᠣᠰᠣᠳᠡᠨ ᠤ ᠪᠠᠨ ᠰᠢᠯᠢᠳᠡᠭ ᠰᠣᠳᠣᠨ ᠵᠥᠢᠯᠡᠰ ᠢ ᠰᠣᠷᠭᠠᠭᠤᠯᠢ᠂ ᠬᠡᠷ ᠪᠥᠯᠢ᠂ ᠨᠡᠶᠢᠭᠡᠮ ᠬᠠᠮᠵᠢᠯᠴᠠᠵᠣ ᠣᠯᠠᠮᠵᠢᠯᠠᠨ ᠭᠥᠭᠵᠢᠭᠦᠯᠭᠦ ᠰᠡᠳᠭᠢᠯᠬᠡ ᠶᠢ ᠨᠢ ᠡᠷᠬᠡ ᠥᠭᠡᠢ ᠣᠷᠭᠢᠯᠣᠭᠤᠯᠣᠭᠰᠠᠨ ᠶᠣᠮ᠃ ᠡᠭᠦᠨ ᠤ ᠲᠠᠷᠠᠭ᠎ᠠ ᠪᠠᠷ ᠭᠡᠷ ᠤᠨ ᠠᠬᠠᠮᠠᠳ ᠠᠴᠠ ᠰᠦᠨᠲᠤᠶᠠᠭ᠎ᠠ ᠪᠠᠭᠰᠢ ᠳᠤ ᠭᠥᠷᠭᠡᠭᠰᠡᠨ ᠬᠡᠮᠡᠷᠯᠢᠭ ᠲᠤᠭ ᠢ ᠭᠠᠷᠳᠠᠭᠤᠯᠬᠤ ᠥᠶ᠎ᠡ ᠳᠤ ᠲᠠᠯᠠᠪᠠᠢ ᠲᠣᠷᠭᠢᠮ᠎ᠠ ᠠᠯᠠᠭ᠎ᠠ ᠲᠠᠰᠢᠯᠳᠡ ᠬᠠᠩᠭᠢᠨᠠᠵᠣ᠂ ᠪᠠᠭᠰᠢ ᠭᠥᠮᠥᠨ ᠤ ᠢᠷᠠᠭᠤ ᠠᠯᠳᠠᠷ ᠢ ᠭᠥᠮᠥᠵᠢᠭᠦᠯᠭᠦ ᠶᠢᠨ ᠰᠠᠶᠢᠬᠠᠨ ᠪᠠᠶᠠᠷ ᠵᠢᠷᠭᠠᠯ ᠢᠶᠠᠷ ᠥᠩᠭᠡᠰᠢᠭᠦᠯᠥᠨ ᠪᠣᠳᠣᠭᠰᠢᠭᠤᠯᠣᠭᠰᠠᠨ ᠪᠢᠯᠡ᠃         ᠭᠥᠳᠡᠯᠭᠡᠭᠡᠨ ᠳᠤ ᠬᠤᠰᠢᠭᠤᠨ ᠤ ᠰᠣᠷᠭᠠᠨ ᠭᠥᠮᠥᠵᠢᠯ ᠤᠨ ᠲᠣᠪᠴᠢᠶᠠᠨ ᠤ ᠬᠤᠶᠢᠴᠢ ᠥᠶ᠎ᠡ ᠶᠢᠨ ᠬᠢᠨ  ᠢ ᠬᠠᠯᠠᠮᠵᠢᠯᠠᠬᠤ ᠵᠥᠪᠯᠡᠯ ᠤᠨ ᠪᠠᠶᠢᠩᠭᠤ ᠶᠢᠨ ᠡᠷᠭᠢᠯᠡᠭᠴᠢ ᠵᠣᠣ ᠶᠢᠨ ᠬᠠᠢ ᠪᠠᠭᠰᠢ᠂ ᠲᠠᠶᠢᠴᠢᠨᠳᠠᠯ᠎ᠠ ᠰᠣᠮᠣ ᠶᠢᠨ ᠲᠡᠳ᠋ ᠲᠠᠷᠤᠭ᠎ᠠ ᠨᠠᠷᠠᠨ ᠨᠥᠭᠦᠷ᠂ ᠰᠣᠮᠣ ᠶᠢᠨ ᠬᠤᠶᠢᠴᠢ ᠥᠶ᠎ᠡ ᠶᠢᠨ ᠬᠢᠨ ᠢ ᠬᠠᠯᠠᠮᠵᠢᠯᠠᠬᠤ ᠵᠥᠪᠯᠡᠯ ᠤᠨ ᠰᠡᠴᠡᠨ ᠨᠥᠭᠦᠷ ᠵᠡᠷᠭᠡ ᠣᠳᠣᠷᠢᠳᠣᠯᠭ᠎ᠠ ᠨᠠᠷ ᠰᠠᠭᠠᠳᠠᠨ ᠣᠷᠣᠯᠴᠠᠵᠣ ᠭᠥᠴᠥ ᠲᠡᠮᠵᠢᠯᠭᠡ ᠨᠡᠮᠡᠪᠡ᠃ ᠭᠥᠳᠡᠯᠬᠡᠬᠡᠨ ᠤ ᠬᠢᠨᠠᠨ ᠵᠢᠯᠣᠭᠤᠳᠣᠭᠴᠢ᠂ ᠰᠣᠷᠭᠠᠭᠤᠯᠢ ᠶᠢᠨ ᠲᠡᠳ᠋ ᠵᠠᠬᠢᠷᠣᠯ ᠢᠥᠢ ᠨᠢᠣ ᠪᠠᠭᠰᠢ ᠠᠴᠠ ᠡᠨᠡ ᠣᠳᠠᠭᠠᠨ ᠤ ᠭᠥᠳᠡᠯᠭᠡᠭᠡᠨ ᠢ ᠳ᠋ᠥᠩᠨᠡᠵᠣ ᠲᠠᠶᠢᠴᠢᠨᠳᠠᠯ᠎ᠠ ᠭᠤᠣᠯ ᠪᠠᠭ᠎ᠠ ᠰᠣᠷᠭᠠᠭᠤᠯᠢ ᠶᠢᠨ ᠠᠩᠬᠠᠳᠣᠭᠠᠷ ᠣᠳᠠᠭᠠᠨ ᠤ ︽ᠦᠨᠳᠥᠰᠥᠳᠡᠨ ᠤ ᠵᠠᠩ ᠦᠢᠯᠡ ᠪᠠᠨ ᠤᠯᠠᠮᠵᠢᠯᠠᠶ᠎ᠠ︾ ᠭᠡᠭᠦ ᠥᠨᠳᠣᠰᠣᠳᠡᠨ ᠤ ᠣᠨᠴᠠᠯᠢᠭ ᠲᠣᠪᠣᠶᠢᠮ᠎ᠠ ᠨᠢᠵᠢᠭᠢᠷ ᠰᠠᠶᠢᠬᠠᠨ ᠶᠠᠪᠣᠭᠳᠠᠭᠰᠠᠨ ᠰᠡᠳᠭᠢᠯ ᠢ ᠰᠣᠷᠢᠨᠵᠢᠳᠠᠮ᠎ᠠ ᠭᠤᠴᠣ ᠰᠠᠶᠢᠬᠠᠨ ᠭᠥᠳᠡᠯᠬᠡᠬᠡᠨ ᠥᠨᠳᠣᠰᠣᠳᠡᠨ ᠤ ᠣᠮᠣᠭᠰᠢᠯᠳᠣ ᠰᠡᠳᠭᠢᠯᠬᠡ ᠶᠢ ᠭᠥᠪᠴᠢᠯᠡᠵᠣ ᠥᠭᠡᠳᠡᠳᠡᠶᠢᠬᠡᠨ ᠥᠨᠳᠣᠷᠯᠡᠪᠡ᠃         ᠬᠤᠰᠢᠭᠤᠨ ᠤ ᠪᠠᠶᠠᠨᠬᠤᠰᠢᠭᠤ ᠪᠠᠯᠭᠠᠰᠣᠨ ᠤ ᠬᠠᠣᠯᠢ ᠴᠠᠭᠠᠵᠠ ᠶᠢᠨ ᠰᠠᠯᠪᠣᠷᠢ ᠶᠢᠨ ᠲᠠᠷᠤᠭ᠎ᠠ᠂ ᠬᠤᠰᠢᠭᠤᠨ ᠤ ᠰᠣᠷᠭᠠᠨ ᠭᠥᠮᠥᠵᠢᠯ ᠤᠨ ᠲᠣᠪᠴᠢᠶᠠᠨ ᠤ ᠬᠠᠣᠯᠢ ᠴᠠᠭᠠᠵᠠ ᠶᠢᠨ ᠵᠥᠪᠯᠡᠭᠴᠢ ᠠᠯᠳᠠᠨᠰᠠᠩ ᠰᠣᠷᠪᠣᠯᠵᠢᠯᠠᠭ᠎ᠠ ᠭᠥᠯᠢᠶᠡᠭᠦ ᠳᠤ ᠪᠠᠨ᠄ ︽ᠲᠠᠶᠢᠴᠢᠨᠳᠠᠯ᠎ᠠ ᠭᠤᠣᠯ ᠪᠠᠭ᠎ᠠ ᠰᠣᠷᠭᠠᠭᠤᠯᠢ ᠰᠣᠷᠭᠠᠭᠤᠯᠢ ᠡᠭᠢᠯᠡᠭᠰᠡᠨ ᠠᠩᠬᠠᠨ ᠤ ᠮᠥᠴᠡ ᠳᠤ ᠪᠠᠭᠰᠢ ᠰᠣᠷᠣᠭᠴᠢᠳ᠂ ᠬᠡᠷ ᠤᠨ ᠠᠬᠠᠮᠠᠳ ᠤᠨ ᠣᠷᠣᠯᠴᠠᠭ᠎ᠠ ᠲᠠᠢ ᠥᠨᠳᠣᠰᠣᠳᠡᠨ ᠤ ᠪᠠᠨ ᠰᠢᠯᠢᠳᠡᠭ ᠰᠣᠶᠣᠯ ᠵᠠᠩᠰᠢᠯ ᠢᠶᠠᠨ ᠰᠢᠳᠣᠨ ᠲᠡᠭᠡᠳᠥᠯᠡᠵᠣ᠂ ᠥᠨᠳᠣᠰᠣᠳᠡᠨ ᠤ ᠵᠠᠩ ᠥᠢᠯᠡ ᠪᠠᠨ ᠣᠯᠠᠮᠵᠢᠯᠠᠨ ᠭᠥᠭᠵᠢᠭᠦᠯᠭᠦ  ᠭᠤᠣᠯ ᠰᠡᠳᠥᠪᠳᠣ ᠭᠥᠳᠡᠯᠭᠡᠭᠡᠨ ᠢ ᠠᠭᠤᠯᠭ᠎ᠠ ᠪᠠᠶᠠᠯᠢᠭ᠂ ᠣᠳᠬ᠎ᠠ ᠭᠥᠨ ᠶᠠᠪᠣᠭᠳᠠᠭᠤᠯᠵᠣ ᠪᠥᠭᠦ ᠬᠤᠰᠢᠭᠤᠨ ᠤ ᠰᠣᠷᠭᠠᠨ ᠭᠥᠮᠥᠵᠢᠯ ᠤᠨ ᠰᠢᠰᠲ᠋ᠧᠮ ᠳᠤ ᠲᠥᠷᠥᠭᠦᠴᠢ ᠭᠠᠯᠠᠭᠤ ᠪᠣᠯᠵᠣ ᠬᠤᠰᠢᠭᠤᠷᠠᠪᠠ᠂ ᠡᠨᠡᠭᠦ ᠠᠵᠢᠯᠯᠠᠭ᠎ᠠ ᠲᠥᠰᠢᠶᠡᠳᠣ ᠮᠣᠩᠭᠤᠯᠴᠣᠳ ᠤᠨ ᠲᠠᠭᠠᠰᠢᠶᠠᠯ ᠭᠥᠷᠢᠶᠡᠯᠡᠯ ᠢ ᠣᠯᠵᠣ᠂ ᠥᠨᠳᠣᠰᠣᠳᠡᠨ ᠤ ᠵᠠᠩ ᠥᠢᠯᠡ  ᠪᠠᠨ ᠲᠡᠭᠡᠳᠥᠯᠡᠨ ᠭᠥᠭᠵᠢᠭᠦᠯᠭᠦ ᠰᠢᠨ᠎ᠡ ᠥᠷᠨᠢᠯᠳᠡ ᠶᠢ ᠪᠣᠢ ᠪᠣᠯᠭᠠᠵᠣ ᠪᠣᠰᠣᠳ ᠰᠣᠷᠭᠠᠭᠤᠯᠢ ᠶᠢᠨ ᠲᠠᠭᠤᠷᠢᠶᠠᠯ ᠪᠣᠯᠬᠤ ᠶᠣᠮ︕︾ ᠬᠡᠵᠣ ᠰᠡᠳᠭᠢᠯ ᠲᠣᠭᠳᠣᠯᠣᠩᠭᠤᠢ ᠶᠠᠷᠢᠭᠰᠠᠨ ᠶᠣᠮ᠃ ᠬᠤᠰᠢᠭᠤᠨ ᠤ ᠰᠣᠷᠭᠠᠨ ᠭᠥᠮᠥᠵᠢᠯ  ᠤᠨ ᠲᠣᠪᠴᠢᠶᠠᠨ ᠤ ᠬᠤᠶᠢᠴᠢ ᠥᠶ᠎ᠡ ᠶᠢᠨ ᠬᠢᠨ ᠢ ᠬᠠᠯᠠᠮᠵᠢᠯᠠᠬᠤ ᠵᠥᠪᠯᠡᠯ ᠤᠨ ᠪᠠᠶᠢᠩᠭᠤ ᠶᠢᠨ ᠡᠷᠭᠢᠯᠡᠭᠴᠢ ᠵᠣᠣ  ᠶᠢᠨ ᠬᠠᠢ ᠪᠠᠭᠰᠢ ᠠᠴᠠ᠄ ︽ᠲᠠᠶᠢᠴᠢᠨᠳᠠᠯ᠎ᠠ ᠭᠤᠣᠯ ᠪᠠᠭ᠎ᠠ ᠰᠣᠷᠭᠠᠭᠤᠯᠢ ᠶᠢᠨ ᠥᠷᠨᠢᠭᠦᠯᠥᠭᠰᠡᠨ ᠭᠥᠳᠡᠯᠭᠡᠭᠡᠨ ᠮᠠᠰᠢ ᠶᠡᠭᠡ ᠰᠢᠨᠡᠴᠢᠯᠡᠯᠳᠡ ᠲᠠᠢ᠂ ᠠᠴᠢ ᠬᠤᠯᠪᠣᠭᠳᠠᠯ ᠢᠶᠠᠷ ᠮᠠᠰᠢ ᠭᠥᠨ ᠪᠠᠶᠢᠨ᠎ᠠ︕︾ ᠬᠡᠵᠣ ᠨᠣᠳᠠᠯᠠᠭᠰᠠᠨ ᠪᠠᠶᠢᠨ᠎ᠠ᠃ ︵ᠰᠤᠷᠪᠣᠯᠵᠢᠯᠠᠭᠴᠢ  ᠄ᠵᠣᠣ ᠢᠥᠢ ᠱᠠᠨ ᠮᠡᠳᠡᠭᠡᠯᠡᠪᠡ︶
 
ᠢᠷᠡᠯᠲᠡ᠄ ᠲᠦᠪ ᠤᠨ ᠲᠧᠯᠸᠢᠰ ᠤᠨ ᠮᠡᠳᠡᠭᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号