ᠮᠠᠯ ᠰᠢᠨᠡᠯᠡᠭᠦ ᠶᠤᠰᠤᠨ
ᠨᠡᠶᠢᠲᠡᠯᠡᠭᠰᠡᠨ ᠴᠠᠭ᠄
2017/2/15
       ᠮᠤᠩᠭᠤᠯᠴᠤᠤᠨ ᠲᠠᠪᠤᠨ ᠬᠤᠰᠢᠭᠤ ᠮᠠᠯ  ᠢᠶᠠᠨ ᠡᠷᠳᠡᠨᠢ ᠮᠡᠳᠤ ᠬᠠᠶᠢᠷᠠᠯᠠᠳᠠᠭ᠃ ᠡᠨᠡ ᠨᠢ ᠬᠡᠯᠡᠬᠦ  ᠶᠢᠨ ᠲᠡᠳᠤᠢ ᠪᠢᠰᠢ ᠬᠠᠷᠢᠨ ᠤᠯᠠᠨ ᠵᠤᠶᠢᠯ  ᠤᠨ ᠪᠤᠳᠠᠳᠤ ᠠᠵᠢᠯᠯᠠᠭᠠᠨ ᠳᠤ ᠢᠯᠡᠷᠡᠳᠡᠭ᠃ ᠬᠡᠯᠡᠯᠭᠡ ᠪᠠᠷ ᠰᠢᠨ᠎ᠡ ᠶᠢᠨ ᠨᠠᠢᠮᠠᠨ ᠳᠤ ᠮᠠᠯ ᠰᠢᠨᠡᠯᠡᠳᠡᠭ᠃        ᠦᠨᠡᠨ ᠲᠡᠭᠡᠨ ᠮᠤᠩᠭᠤᠯᠴᠤᠳ ᠪᠢᠳᠡᠭᠦᠨ ᠳᠤ ᠮᠠᠯ ᠤᠨ ᠢᠶᠠᠨ ᠬᠤᠷᠤᠭᠠᠨ ᠳᠡᠭᠡᠷ᠎ᠡ ᠳ᠋ᠸᠡᠭᠯᠤ ᠡᠯᠭᠦᠵᠤ ᠮᠠᠯ ᠢᠶᠠᠨ ᠤᠳᠤ ᠦᠵᠡᠭᠦᠯᠵᠤ ᠪᠠᠶᠢᠨ᠎ᠠ ᠭᠡᠳᠡᠭ᠃ ᠪᠠᠰᠠ‌ᠡᠪᠡᠰᠤ ᠪᠤᠷᠳᠤᠭ᠎ᠠ ᠪᠠᠨ ᠠᠬᠢᠭᠤᠬᠠᠨ ᠲᠠᠯᠪᠢᠵᠤ ᠦᠭᠳᠡᠭ᠂ ᠬᠠᠷᠢᠨ ᠰᠢᠨᠡᠯᠡᠵᠤ ᠶᠠᠭᠠᠷᠤ ᠪᠠᠶᠢᠨ᠎ᠠ ᠭᠡᠳ ᠮᠠᠯ ᠢᠶᠠᠨ ᠬᠤᠭᠤᠰᠤᠨ ᠬᠤᠷᠢᠳᠠᠭ ᠠᠶᠢᠯ ᠶᠡᠷᠤ ᠨᠢ ᠪᠠᠶᠢᠳᠠᠭ ᠦᠭᠡᠢ᠃ ᠡᠨᠡ ᠨᠢ ᠮᠦᠨᠴᠤ ᠮᠠᠯ ᠰᠦᠷᠤᠭ᠌ ᠢᠶᠠᠨ ᠰᠢᠨ᠎ᠡ ᠤᠨ ᠳᠤ ᠡᠰᠡᠨ ᠮᠡᠨᠳᠤ ᠤᠨᠳᠤᠷᠠᠵᠤ ᠪᠠᠶᠢᠬᠤ  ᠶᠢ ᠪᠡᠯᠭᠡᠰᠢᠶᠡᠵᠤ᠂ ᠮᠠᠯ ᠲᠠᠢ ᠪᠠᠨ ᠬᠠᠮᠳᠤ ᠰᠢᠨᠡᠯᠡᠵᠤ ᠪᠠᠶᠢᠬᠤ  ᠶᠢᠨ ᠲᠡᠮᠳᠡᠭ ᠪᠢᠯᠠ᠃ ᠲᠡᠭᠡᠭᠡᠳ ᠰᠢᠨ᠎ᠡ ᠶᠢᠨ ᠬᠤᠶᠡᠷ ᠭᠤᠷᠪᠠᠨ ᠠᠴᠠ ᠭᠡᠶᠢᠴᠢᠨ ᠵᠤᠴᠢᠨ ᠢᠶᠠᠨ ᠵᠤᠴᠢᠯᠠᠵᠤ᠂ ᠠᠶᠢᠯ ᠠᠬ᠎ᠠ ᠲᠡᠭᠦᠤ  ᠶᠢᠨ ᠲᠠᠭᠠᠨ ᠠᠶᠢᠯᠠᠴᠢᠯᠠᠬᠤ ᠶᠢᠨ ᠲᠠᠭᠠᠭᠤ ᠵᠠᠪᠰᠠᠷ ᠴᠢᠯᠤᠭᠡᠨ ᠲᠡᠭᠡᠨ ᠪᠠᠭ᠎ᠠ ᠪᠠᠭ᠎ᠠ ᠪᠠᠷ ᠬᠤᠨᠢᠨ ᠬᠤᠷᠤᠭᠠᠨ ᠤ ᠭᠦᠷᠵᠢᠩ ᠢ ᠬᠢᠰᠬᠢᠵᠤ ᠵᠦᠭᠡᠭᠡᠳ᠂ ᠭᠡᠶᠢᠴᠢᠨ ᠵᠤᠴᠢᠨ  ᠲᠠᠢ ᠪᠠᠶᠢᠪᠠᠯ ᠲᠡᠳᠡ ᠴᠤ ᠠᠵᠢᠯ ᠠᠴᠠ ᠤᠬᠤᠷᠢᠯ ᠦᠭᠡᠢ ᠬᠠᠮᠵᠢᠯᠴᠠᠳᠠᠭ ᠰᠠᠶᠢᠬᠠᠨ ᠵᠠᠩᠰᠢᠯ ᠲᠠᠢ ᠪᠢᠯᠠ᠃  ᠰᠢᠨ᠎ᠡ ᠶᠢᠨ ᠨᠠᠢᠮᠠᠨ ᠪᠤᠯᠬᠤ ᠳᠤ ᠬᠤᠷᠤᠭᠠᠨ ᠤ ᠳᠤᠮᠳᠠ ᠬᠤᠴᠠᠨ ᠰᠢᠷᠡᠭᠡ ᠭᠡᠵᠤ ᠲᠦᠷᠪᠡᠯᠵᠢᠯᠡᠵᠤ ᠦᠯᠡᠳᠡᠭᠡᠭᠰᠡᠨ ᠭᠦᠷᠵᠢᠩ ᠲᠡᠭᠡᠷ᠎ᠡ ᠪᠠᠨ ᠲᠠᠪᠠᠯᠢᠭ ᠲᠡᠪᠢᠰᠴᠤ ᠰᠢᠷᠡᠭᠡ ᠲᠠᠯᠪᠢᠵᠤ᠂ ᠴᠠᠭᠠᠨ ᠢᠳᠡᠭᠡ ᠠᠷᠢᠬᠢ ᠦᠷᠤᠵᠤ᠂ ᠲᠡᠭᠦᠨ  ᠠᠴᠠ ᠠᠮᠰᠠᠴᠤ ᠲᠠᠷᠠᠭ᠎ᠠ ᠨᠢ ᠬᠤᠴᠠ ᠤᠬᠤᠨ᠎ᠠ ᠪᠤᠬ᠎ᠠ ᠵᠡᠷᠭᠡ ᠡᠴᠢᠭᠡ ᠮᠠᠯ  ᠢᠶᠠᠨ ᠤᠳᠤᠯᠠᠭ᠎ᠠ ᠪᠠᠷ ᠠᠷᠢᠭᠤᠯᠵᠤ ᠰᠢᠷ᠎ᠠ ᠲᠤᠰᠤ ᠴᠠᠭᠠᠨ ᠢᠳᠡᠭᠡ ᠪᠠᠷ ᠮᠢᠯᠢᠶᠠᠵᠤ᠂ ᠦᠡᠭᠭᠡ ᠶᠢᠨ ᠲᠡᠪᠤᠤ ᠲᠤᠷᠭ᠎ᠠ ᠡᠪᠡᠷ ᠲᠤᠨᠢ ᠵᠡᠭᠦᠯᠭᠡᠵᠤ ︵ᠮᠤᠬᠤᠷ ᠮᠠᠯ ᠤᠨ ᠭᠦᠵᠤᠭᠦᠨ ᠠᠴᠠ ᠨᠢ ᠵᠡᠭᠦᠯᠭᠡᠨ᠎ᠡ︶ ᠴᠢᠮᠡᠳᠡᠭ ᠪᠠᠶᠢᠨ᠎ᠠ᠃ ᠲᠡᠭᠡᠭᠡᠳ ᠫᠤᠤᠵᠢᠩ ᠲᠠᠯᠪᠢᠵᠤ ᠲᠠᠪᠠᠭ ᠲᠠᠢ ᠢᠳᠡᠭᠡ ᠠᠴᠠ ᠪᠠᠨ ᠲᠡᠭᠷᠢ ᠭᠠᠵᠠᠷ ᠲᠠᠭᠠᠨ ᠡᠷᠭᠦᠵᠤ ᠬᠡᠤᠬᠡᠳ ᠰᠢᠬᠤᠳ ᠢᠶᠠᠨ ᠪᠠᠷᠢᠯᠳᠤᠭᠤᠯᠵᠤ ᠪᠠᠭ᠎ᠠ ᠶᠤᠰᠤᠨ ᠤ ᠨᠠᠶᠢᠷ ᠪᠤᠯᠳᠠᠭ᠃
 
ᠢᠷᠡᠯᠲᠡ᠄ ᠲᠤᠮᠳᠠᠲᠦ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号