ᠮᠣᠩᠭᠤᠯ ᠪᠦᠰᠡ ᠶᠢᠨ ᠴᠡᠭᠡᠷ
ᠨᠡᠶᠢᠲᠡᠯᠡᠭᠰᠡᠨ ᠴᠠᠭ᠄
2017/2/15
        ᠪᠦᠰᠡ ᠪᠦᠰᠡᠯᠡᠬᠦ ᠳᠡᠭᠡᠨ ᠭᠠᠵᠠᠷ ᠰᠢᠷᠣᠶᠢᠳᠣᠭᠤᠯᠬᠤ᠂ ᠭᠢᠰᠬᠢᠬᠦ᠂ ᠨᠠᠷᠠᠨ ᠪᠣᠷᠣᠭᠤ ᠣᠷᠢᠶᠠᠬᠤ ᠶᠢ ᠴᠡᠭᠡᠷᠯᠡᠨ᠎ᠡ᠃         ᠪᠦᠰᠡ ᠳᠠᠪᠡᠯ ︵ᠲᠡᠷᠯᠢᠭ︶ ᠤᠨ ᠦᠩᠭᠡ ᠲᠠᠢ ᠦᠩᠭᠡ ᠬᠠᠷᠰᠢᠯᠳᠣᠬᠤ ᠶᠢ ᠴᠡᠭᠡᠷᠯᠡᠨ᠎ᠡ᠃         ᠲᠡᠷᠯᠢᠭ ᠢᠶᠠᠨ ᠲᠠᠶᠢᠯᠬᠤ ᠳᠠᠭᠠᠨ ᠪᠦᠰᠡ ᠪᠠᠨ ᠨᠠᠷᠠᠨ ᠪᠣᠷᠣᠭᠤ ᠡᠷᠭᠢᠭᠦᠯᠵᠦ ᠲᠠᠶᠢᠯᠬᠤ ᠶᠢ ᠴᠡᠭᠡᠷᠯᠡᠨ᠎ᠡ᠃         ᠡᠷᠡᠭᠳᠡᠢ ᠬᠦᠮᠦᠨ ᠪᠣᠰᠣᠳ ᠤᠨ ᠡᠬᠡᠨᠡᠷ ᠢᠶᠠᠷ ᠪᠦᠰᠡ ᠪᠦᠰᠡᠯᠡᠭᠦᠯᠬᠦ ᠶᠢ ᠶᠡᠬᠡᠳᠡ ᠴᠡᠭᠡᠷᠯᠡᠨ᠎ᠡ᠃         ᠪᠦᠰᠡ ᠪᠠᠨ ᠠᠯᠳᠠᠷᠭᠠᠵᠤ ᠴᠢᠷᠴᠣ ᠶᠠᠪᠣᠪᠠᠯ ︽ᠦᠯᠦᠨ ᠭᠡᠳᠡᠰᠣ ᠴᠢᠨᠢ ᠴᠣᠪᠣᠵᠣ ᠪᠠᠶᠢᠨ᠎ᠠ ᠦᠦ︖︾ ᠭᠡᠵᠦ ᠠᠮᠠ ᠪᠠᠨ ᠠᠰᠠᠭᠤᠯᠭᠠᠬᠤ ᠶᠢ ᠴᠡᠭᠡᠷᠯᠡᠨ᠎ᠡ᠃         ᠪᠦᠰᠡ ᠪᠠᠨ ᠠᠶᠢᠯ ᠳᠤ ᠲᠣᠷ᠎ᠠ ᠪᠠᠷ ᠲᠠᠶᠢᠯᠬᠤ ᠶᠢ ᠴᠡᠭᠡᠷᠯᠡᠨ᠎ᠡ᠃ ᠪᠦᠰᠡ ᠦᠭᠡᠢ ᠨᠦᠮᠦᠭᠡᠨ ᠶᠠᠪᠣᠬᠤ ᠶᠢ ᠴᠡᠭᠡᠷᠯᠡᠨ᠎ᠡ᠃ ᠪᠦᠰᠡ ᠪᠦᠰᠡᠯᠡᠬᠦ ᠦᠬᠡᠢ ᠶᠠᠪᠣᠪᠠᠯ ᠬᠡᠶᠢᠮᠣᠷᠢ ᠬᠡᠪᠲᠠᠨ᠎ᠡ ᠭᠡᠳᠡᠭ᠃         ᠪᠦᠰᠡ ᠠᠴᠠ ᠪᠣᠰᠣᠳ ᠡᠳ᠋ ᠢᠶᠠᠷ ᠪᠦᠰᠡ ᠶᠢ ᠣᠷᠣᠯᠠᠭᠤᠯᠬᠤ ᠶᠢ ᠨᠡᠩ ᠴᠡᠭᠡᠷᠯᠡᠨ᠎ᠡ᠃ ᠠᠷᠢᠬᠢ ᠳᠡᠷᠡᠰᠦ ᠡᠷᠭᠦᠨ ᠪᠠᠷᠢᠬᠤ᠂ ᠬᠦᠷᠳᠡᠬᠦ ᠳᠡᠭᠡᠨ ᠬᠠᠨᠴᠣᠢ ᠰᠢᠮᠠᠯᠠᠬᠤ᠂ ᠬᠤᠷᠮᠣᠢ ᠰᠢᠭᠤᠬᠤ᠂ ᠪᠦᠰᠡ ᠪᠠᠨ ᠲᠠᠷᠢ ᠲᠡᠭᠰᠢ ᠪᠦᠰᠡᠯᠡᠬᠦ ᠦᠬᠡᠢ᠂ ᠡᠩᠭᠡᠷ ᠵᠠᠭᠠᠮ᠎ᠠ ᠪᠠᠨ ᠰᠣᠯᠠ ᠵᠠᠳᠠᠭᠠᠢ ᠪᠠᠶᠢᠯᠭᠠᠬᠤ ᠶᠢ ᠴᠡᠭᠡᠷᠯᠡᠨ᠎ᠡ᠃  
 
ᠢᠷᠡᠯᠲᠡ᠄ ᠲᠤᠮᠳᠠᠲᠦ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号