ᠬᠠᠰᠢᠷ ᠮᠠᠯᠴᠢᠨ ᠤ ᠬᠠᠯᠠᠰᠢᠷᠠᠯ ᠦᠭᠡᠢ ᠴᠢᠷᠮᠠᠶᠢᠯᠭ᠎ᠠ
ᠨᠡᠶᠢᠲᠡᠯᠡᠭᠰᠡᠨ ᠴᠠᠭ᠄
2017/2/23
      ᠰᠢᠯᠤᠭᠤᠨ ᠬᠦᠪᠡᠬᠡᠳᠦ ᠴᠠᠭᠠᠨ ᠬᠤᠰᠢᠭᠤᠨ ᠤ ᠪᠤᠯᠭᠠᠨᠳᠤᠬᠤᠢ ᠰᠤᠮᠤᠨ ᠤ ᠵᠤᠯᠦ ᠭᠠᠴᠠᠭᠠᠨ ᠤ ᠮᠠᠯᠴᠢᠨ ᠺᠦᠡᠭ ᠹᠠᠨᠭ᠌ ᠯᠢᠶᠠᠩ  ᠬᠡᠭᠴᠢ ᠰᠢᠨᠵᠢᠯᠡᠬᠦ ᠤᠬᠠᠭᠠᠨ ᠢ ᠡᠷᠬᠢᠮᠯᠡᠨ᠂ ᠰᠢᠨ᠎ᠡ ᠶᠢ ᠰᠡᠳᠬᠢᠳᠡᠭ ᠤᠳᠤᠬᠢᠴᠢ ᠦᠵᠡᠯ ᠤᠬᠠᠮᠰᠠᠷ ᠲᠠᠢ ᠮᠠᠯᠴᠢᠨ ᠪᠢᠯᠡ᠃ ᠲᠡᠷᠡ  ᠤᠷᠤᠨ ᠨᠤᠳᠤᠭ ᠤᠨ ᠢᠶᠠᠨ ᠪᠤᠳᠠᠳᠦ ᠪᠠᠶᠢᠳᠠᠯ ᠳᠤ ᠵᠤᠬᠢᠴᠠᠭᠤᠯᠵᠦ᠂ ᠮᠠᠯ ᠪᠡᠯᠴᠢᠬᠡᠷ ᠤᠨ ᠲᠡᠩᠴᠡᠬᠦᠷᠢ ᠶᠢ ᠪᠠᠳᠤᠯᠠᠨ᠂ ᠦᠨᠳᠥᠷ ᠦᠷ᠎ᠡ  ᠠᠰᠢᠬᠳᠦ ᠮᠠᠯ ᠠᠵᠦ ᠠᠬᠤᠢ ᠶᠢ ᠬᠦᠭᠵᠢᠬᠦᠯᠵᠦ᠂ ᠠᠷᠭ᠎ᠠ ᠤᠬᠠᠭᠠᠨ ᠠᠷᠢᠭᠤᠨ ᠬᠦᠳᠡᠯᠮᠥᠷᠢ ᠪᠠᠷ ᠢᠶᠠᠨ ᠠᠮᠢᠳᠤᠷᠠᠯ ᠦᠢᠯᠡᠰ ᠢᠶᠠᠨ  ᠴᠤᠭᠴᠠᠯᠠᠵᠦ᠂ ᠬᠤᠳᠠ ᠤᠰᠦ᠂ ᠬᠠᠪᠢ ᠲᠦᠰᠥᠷ ᠤᠨ ᠮᠠᠯᠴᠢᠳ ᠲᠠᠭᠠᠨ ᠵᠢᠱᠢᠶᠡᠴᠢ ᠲᠠᠭᠠᠭᠤᠯᠤᠭᠴᠢ ᠪᠤᠯᠵᠦ ᠶᠠᠪᠤᠨ᠎ᠠ᠃             ᠮᠠᠯᠴᠢᠨ ᠬᠦᠮᠥᠨ ᠪᠤᠯᠤᠭᠰᠠᠨ ᠤ ᠬᠤᠪᠢ ᠳᠤ ᠮᠠᠯ ᠢᠶᠠᠨ ᠲᠦᠰᠢᠵᠦ ᠠᠵᠦ ᠠᠮᠢᠳᠤᠷᠠᠯ ᠢᠶᠠᠨ ᠲᠡᠬᠡᠭᠰᠢᠯᠡᠬᠦᠯᠥᠶ᠎ᠡ ᠬᠡᠬᠦ ᠳᠤ  ᠤᠶᠢᠷ᠎ᠠ ᠶᠢᠨ ᠵᠢᠯ ᠤᠳ ᠤᠨ ᠠᠭᠤᠷ ᠠᠮᠢᠰᠬᠤᠯ ᠤᠨ ᠤᠨᠴᠠᠭᠠᠢ ᠬᠤᠪᠢᠷᠠᠯᠳᠠ᠂ ᠠᠮᠢ ᠠᠬᠤᠢ ᠶᠢᠨ ᠮᠠᠭᠤᠳᠠᠯ ᠵᠡᠷᠬᠡ ᠰᠢᠯᠳᠠᠭᠠᠨ ᠠᠴᠠ  ᠨᠤᠳᠤᠭ ᠪᠡᠯᠴᠢᠬᠡᠷ ᠢᠪᠴᠤᠤ ᠪᠠᠶᠢᠳᠠᠭ ᠲᠤᠰ ᠨᠤᠳᠤᠭ ᠤᠨ ᠮᠠᠯᠴᠢᠳ ᠤᠨ ᠮᠠᠯᠵᠢᠯ ᠤᠨ ᠤᠷᠤᠯᠭ᠎ᠠ ᠵᠢᠯ ᠠᠴᠠ ᠵᠢᠯ ᠲᠤᠷᠤᠭᠰᠢᠯᠠᠵᠦ᠂  ᠡᠪᠡᠰᠦ ᠪᠤᠷᠳᠤᠭᠠᠨ ᠤ ᠵᠠᠷᠤᠯᠭ᠎ᠠ ᠶᠠᠪᠤᠬᠤ ᠲᠤᠳᠤᠮ ᠨᠡᠮᠡᠭᠳᠡᠵᠦ ᠪᠠᠶᠢᠭ᠎ᠠ ᠨᠢ ᠨᠡᠶᠢᠳᠡᠮ ᠤᠨ ᠦᠵᠡᠭᠳᠡᠯ ᠪᠤᠯᠵᠠᠢ᠃ ᠡᠶᠢᠮᠥᠷᠬᠦ  ᠪᠠᠶᠢᠳᠠᠯ ᠳᠤ᠂ ᠺᠦᠡᠭ ᠹᠠᠨᠭ᠌ ᠯᠢᠶᠠᠩ ᠮᠠᠯᠵᠢᠬᠤ ᠦᠢᠯᠡᠳᠪᠤᠷᠢᠯᠡᠯ ᠠᠮᠢᠳᠤᠷᠠᠯ ᠤᠨ ᠲᠤᠷᠰᠢᠯᠭ᠎ᠠ ᠪᠠᠨ ᠰᠠᠶᠢᠳᠤᠷ ᠳ᠋ᠦᠡᠭᠨᠡᠵᠦ᠂ ᠮᠠᠯ ᠠᠵᠦ  ᠠᠬᠤᠢ ᠶᠢᠨ ᠦᠢᠯᠡᠳᠪᠤᠷᠢᠯᠡᠯ ᠠᠴᠠ ᠦᠨᠳᠥᠷ ᠠᠰᠢᠭ ᠬᠦᠷᠳᠡᠶ᠎ᠡ ᠬᠡᠪᠡᠯ ᠵᠠᠪᠠᠯ ᠮᠠᠯ ᠤᠨ ᠡᠭᠦᠯᠳᠡᠷ ᠤᠭᠰᠠᠭ᠎ᠠ ᠶᠢ ᠰᠠᠶᠢᠵᠢᠷᠠᠭᠤᠯᠬᠤ  ᠬᠡᠷᠡᠭᠳᠡᠢ ᠬᠡᠳᠡᠭ ᠢ ᠤᠬᠠᠵᠦ᠂ ᠬᠤᠰᠢᠭᠤ ᠨᠤᠳᠤᠭ ᠪᠠ ᠬᠦᠷᠰᠢ ᠵᠡᠷᠬᠡᠯᠡᠳᠡᠭᠡ ᠬᠦᠪᠡᠬᠡᠳᠦ ᠰᠢᠷ᠎ᠠ ᠬᠤᠰᠢᠭᠤ ᠵᠡᠷᠬᠡ ᠭᠠᠵᠠᠷ ᠤᠳ ᠢᠶᠠᠷ  ᠬᠦᠷᠴᠦ ᠠᠮᠵᠢᠯᠳᠠ ᠤᠯᠤᠭᠰᠠᠨ ᠲᠤᠷᠰᠢᠯᠭ᠎ᠠ ᠲᠠᠢ ᠬᠦᠮᠥᠰ ᠪᠠ ᠨᠤᠳᠤᠭ ᠤᠨ ᠮᠡᠷᠬᠡᠵᠢᠯᠳᠡᠳ ᠠᠴᠠ ᠪᠠᠶᠢᠳᠠᠯ ᠢ ᠤᠶᠢᠯᠠᠭᠠᠨ ᠵᠦᠪᠯᠡᠯᠬᠡ  ᠠᠪᠤᠭᠰᠠᠨ ᠰᠠᠭᠤᠷᠢᠨ ᠲᠡᠬᠡᠷ᠎ᠡ᠂ ᠰᠠᠶᠢᠨ ᠡᠬᠦᠯᠳᠡᠷ ᠤᠨ ᠬᠤᠴᠠ ᠤᠷᠤᠭᠤᠯᠤᠨ᠂ ᠦᠪᠡᠷ ᠤᠨ ᠬᠤᠨᠢᠨ ᠰᠦᠷᠥᠭ ᠤᠨ ᠢᠶᠠᠨ ᠡᠬᠦᠯᠳᠡᠷ  ᠤᠭᠰᠠᠭ᠎ᠠ ᠶᠢ ᠰᠠᠶᠢᠵᠢᠷᠠᠭᠤᠯᠵᠦ᠂ ᠥᠷᠯᠥᠬᠡ ᠦᠳᠡᠰᠢ ᠶᠢ ᠲᠡᠮᠡᠴᠡᠨ ᠴᠦᠬᠦᠷᠡᠯ ᠦᠬᠡᠢ ᠴᠢᠷᠮᠠᠶᠢᠭᠰᠠᠨ ᠢᠶᠠᠷ ᠪᠤᠭ ᠮᠠᠯ ᠤᠨ ᠡᠬᠦᠯᠳᠡᠷ  ᠰᠠᠶᠢᠵᠢᠷᠠᠭᠤᠯᠤᠯᠳᠠ ᠶᠢᠨ ᠨᠤᠷᠮ᠎ᠠ ᠵᠢᠯ ᠠᠴᠠ ᠵᠢᠯ ᠲᠡᠬᠡᠭᠰᠢᠯᠡᠵᠦ᠂ ᠪᠡᠶ᠎ᠡ ᠪᠢᠯᠳᠠᠷ᠂ ᠨᠤᠤᠰᠦ ᠨᠤᠤᠯᠤᠷ ᠠᠴᠠ ᠡᠬᠢᠯᠡᠬᠡᠳ ᠢᠯᠡᠷᠬᠡᠢ  ᠬᠠᠷᠢᠴᠠᠭᠤᠯᠤᠯ ᠭᠠᠷᠴᠦ ᠠᠩᠬᠠᠨ ᠤ ᠠᠮᠵᠢᠯᠳᠠ ᠶᠢ ᠤᠯᠤᠭᠰᠠᠨ ᠪᠠᠶᠢᠨ᠎ᠠ᠃ ᠡᠨᠡ ᠨᠢ ᠲᠡᠬᠦᠨ ᠤ ᠮᠠᠯ ᠰᠦᠷᠥᠭ ᠤᠨ ᠪᠦᠳᠥᠴᠡ ᠶᠢ  ᠲᠤᠬᠢᠷᠠᠭᠤᠯᠵᠦ ᠰᠢᠯᠢᠳᠡᠭᠵᠢᠬᠦᠯᠬᠦ ᠲᠠᠯ᠎ᠠ ᠪᠠᠷ ᠬᠢ ᠦᠵᠡᠯᠳᠡ ᠲᠠᠨᠢᠯᠳᠠ ᠶᠢ ᠤᠯᠠᠮ ᠲᠤᠳᠤᠷᠬᠠᠢ ᠪᠤᠯᠭᠠᠵᠦ᠂ ᠨᠠᠷᠢᠨ ᠨᠤᠤᠰᠤᠳᠦ ᠬᠤᠨᠢ  ᠮᠠᠯᠵᠢᠵᠦ ᠪᠠᠶᠢᠭᠰᠠᠨ ᠠᠴᠠ ᠪᠠᠨ ᠭᠧᠷᠮᠠᠨ ᠮᠧᠷᠨᠦ᠋ᠰ ᠬᠤᠴᠠ ᠤᠷᠤᠭᠤᠯᠵᠦ᠂ ᠡᠬᠦᠯᠳᠡᠷ ᠰᠠᠶᠢᠵᠢᠷᠠᠭᠤᠯᠤᠨ ᠮᠢᠬ᠎ᠠ ᠨᠤᠤᠰᠤᠨ ᠤ ᠬᠤᠤᠰ  ᠠᠰᠢᠬᠳᠦ ᠴᠠᠬᠠᠷ ᠬᠤᠨᠢ ᠮᠠᠯᠵᠢᠬᠤ ᠪᠤᠯᠵᠠᠢ᠃ ᠴᠠᠬᠠᠷ ᠬᠤᠨᠢ ᠮᠠᠯᠵᠢᠬᠤ ᠨᠢ ᠨᠤᠤᠰᠤᠨ ᠤ ᠭᠠᠷᠤᠯᠳᠠ ᠰᠠᠶᠢᠨ᠂ ᠮᠢᠬ᠎ᠠ ᠵᠡᠬᠦᠬᠦ ᠨᠢ  ᠰᠠᠶᠢᠨ᠂ ᠵᠢᠩ ᠲᠠᠷᠤᠬᠤ ᠨᠢ ᠢᠯᠡᠬᠦᠦ ᠵᠡᠷᠬᠡ ᠤᠨᠴᠠᠯᠢᠭ ᠲᠠᠢ ᠪᠠᠶᠢᠳᠠᠭ ᠪᠤᠯᠬᠤᠷ ᠵᠤᠨ ᠳᠠᠭᠠᠨ ᠨᠤᠤᠰᠤᠨ ᠤ ᠤᠷᠤᠯᠭ᠎ᠠ ᠲᠠᠢ᠂  ᠨᠠᠮᠤᠷ ᠲᠠᠭᠠᠨ ᠬᠤᠷᠠᠭᠠᠨ ᠤ ᠤᠷᠤᠯᠭ᠎ᠠ ᠲᠠᠢ ᠪᠤᠯᠵᠦ᠂ ᠴᠦᠬᠡᠨ ᠮᠠᠯ ᠠᠴᠠ ᠦᠨᠳᠥᠷ ᠦᠷ᠎ᠡ ᠠᠰᠢᠭ ᠡᠬᠦᠳᠬᠦ ᠵᠠᠮ ᠢᠶᠠᠷ ᠡᠷᠴᠢᠮᠳᠠᠢ  ᠵᠠᠮᠨᠠᠪᠠ᠃              ᠦᠡᠭᠬᠡᠷᠡᠬᠦ ᠵᠢᠯ ᠤᠨ ᠨᠤᠤᠰᠤᠨ ᠤ ᠦᠨ᠎ᠡ ᠵᠢᠩ ᠪᠦᠷᠢ ᠳᠡᠭᠡᠨ 11 ᠲᠦᠬᠦᠷᠢᠭ ᠬᠦᠷᠥᠭᠰᠡᠨ ᠪᠠᠶᠢᠳᠠᠯ ᠳᠤ ᠺᠦᠡᠭ ᠹᠠᠨᠭ᠌ ᠯᠢᠶᠠᠩ  ᠨᠢᠬᠡ ᠬᠤᠨᠢᠨ ᠠᠴᠠ ᠲᠡᠭᠰᠢᠳᠬᠡᠬᠡᠳ 12 ᠵᠢᠩ ᠨᠤᠤᠰᠦ ᠬᠤᠷᠢᠶᠠᠵᠤ᠂ ᠬᠤᠨᠢ ᠪᠦᠷᠢ ᠠᠴᠠ ᠨᠤᠤᠰᠤᠨ ᠤ ᠤᠷᠤᠯᠭ᠎ᠠ 132  ᠲᠦᠬᠦᠷᠢᠭ ᠤᠯᠵᠦ᠂ 200 ᠭᠠᠷᠤᠢ ᠰᠠᠶᠢᠨ ᠡᠬᠦᠯᠳᠡᠷ ᠤᠨ ᠬᠤᠨᠢᠨ ᠠᠴᠠ ᠪᠠᠨ 3.7 ᠲᠦᠮᠡᠨ ᠲᠦᠬᠦᠷᠢᠭ ᠤᠨ ᠨᠤᠤᠰᠤᠨ ᠤ  ᠤᠷᠤᠯᠭ᠎ᠠ ᠤᠯᠤᠭᠰᠠᠨ ᠪᠠᠶᠢᠨ᠎ᠠ᠃ ᠮᠦᠨᠬᠦ ᠦᠡᠭᠬᠡᠷᠡᠬᠦ ᠵᠢᠯ ᠮᠠᠯ ᠤᠨ ᠦᠨ᠎ᠡ ᠨᠡᠶᠢᠳᠡᠮ ᠲᠤᠤᠷ᠎ᠠ ᠪᠠᠶᠢᠵᠦ᠂ ᠬᠤᠷᠠᠭᠠᠨ ᠤ ᠦᠨ᠎ᠡ  ᠠᠮᠢᠳᠦ ᠶᠢᠨ ᠵᠢᠩ ᠳᠡᠭᠡᠨ 7 ᠲᠦᠬᠦᠷᠢᠭ ᠤᠨ ᠲᠡᠬᠡᠷ᠎ᠡ ᠲᠤᠤᠷ᠎ᠠ ᠬᠦᠷᠴᠦ ᠪᠠᠶᠢᠬᠤ ᠳᠤ ᠡᠳᠡᠨ ᠤ ᠡᠷᠳᠡ ᠶᠢᠨ ᠬᠤᠷᠠᠭ᠎ᠠ 80 ᠭᠠᠷᠤᠢ  ᠵᠢᠩ ᠬᠦᠷᠴᠦ᠂ ᠬᠤᠷᠠᠭ᠎ᠠ ᠪᠦᠷᠢ ᠲᠡᠭᠰᠢᠳᠬᠡᠬᠡᠳ 540 ᠲᠦᠬᠦᠷᠢᠭ ᠬᠦᠷᠴᠦ᠂ 8 ᠲᠦᠮᠡᠨ ᠲᠦᠬᠦᠷᠢᠭ ᠤᠨ ᠤᠷᠤᠯᠭ᠎ᠠ ᠤᠯᠵᠦ᠂  ᠪᠤᠰᠤᠳ ᠠᠵᠢᠯ ᠲᠦᠷᠥᠯ ᠤᠨ ᠤᠷᠤᠯᠭ᠎ᠠ ᠶᠢ ᠨᠡᠮᠡᠪᠡᠯ ᠬᠦᠮᠥᠨ ᠪᠦᠷᠢ ᠶᠢᠨ ᠲᠤᠮᠳᠠᠴᠢ ᠤᠷᠤᠯᠭ᠎ᠠ ᠨᠢ 1.6 ᠲᠦᠮᠡᠨ ᠲᠦᠬᠦᠷᠢᠭ ᠲᠤ  ᠬᠦᠷᠥᠭᠰᠡᠨ ᠪᠠᠶᠢᠨ᠎ᠠ᠃              ᠮᠠᠯᠴᠢᠨ ᠺᠦᠡᠭ ᠹᠠᠨᠭ᠌ ᠯᠢᠶᠠᠩ ᠵᠤᠷᠢᠭᠳᠠᠢ ᠪᠠᠷ ᠮᠠᠯ ᠤᠨ ᠡᠬᠦᠯᠳᠡᠷ ᠤᠭᠰᠠᠭ᠎ᠠ ᠶᠢ ᠰᠢᠯᠢᠳᠡᠭᠵᠢᠬᠦᠯᠵᠦ᠂ ᠤᠷᠤᠨ  ᠨᠤᠳᠤᠭ ᠲᠠᠭᠠᠨ ᠲᠤᠬᠢᠷᠠᠭᠤᠯᠤᠨ ᠵᠢᠯ ᠳᠡᠭᠡᠨ 200 ᠰᠢᠯᠢᠳᠡᠭ ᠡᠬᠦᠯᠳᠡᠷ ᠤᠨ ᠬᠤᠨᠢ ᠮᠠᠯᠵᠢᠵᠦ᠂ ᠲᠤᠰ ᠵᠢᠯ ᠳᠡᠭᠡᠨ ᠲᠦᠯ ᠢᠶᠠᠨ  ᠪᠤᠷᠤᠯᠠᠭᠤᠯᠵᠦ᠂ ᠮᠠᠯ ᠤᠨ ᠡᠷᠬᠢᠯᠳᠡ ᠶᠢ ᠲᠦᠷᠬᠡᠳᠬᠡᠨ ᠤᠷᠤᠯᠭ᠎ᠠ ᠪᠠᠨ ᠨᠡᠮᠡᠭᠳᠡᠬᠦᠯᠵᠦ᠂ ᠪᠡᠯᠴᠢᠬᠡᠷ ᠤᠨ ᠲᠠᠷᠤᠭᠠᠰᠦ ᠶᠢ ᠬᠦᠡᠭᠬᠡᠯᠡᠵᠦ  ᠠᠮᠢ ᠠᠬᠤᠢ ᠶᠢᠨ ᠦᠷ᠎ᠡ ᠠᠰᠢᠭ ᠢᠶᠠᠨ ᠲᠡᠬᠡᠭᠰᠢᠯᠡᠬᠦᠯᠵᠦ ᠴᠢᠳᠠᠭᠰᠠᠨ ᠪᠦᠳᠥᠮᠵᠢᠳᠠᠢ ᠮᠠᠯᠵᠢᠯ ᠤᠨ ᠠᠷᠭ᠎ᠠ ᠨᠢ ᠨᠡᠶᠢᠬᠡᠮ ᠨᠡᠶᠢᠳᠡ ᠳᠡᠭᠡᠨ  ᠮᠡᠳᠡᠷᠡᠭᠳᠡᠯ᠎ᠡ᠃
 
ᠢᠷᠡᠯᠲᠡ᠄ ᠦᠪᠦᠷ ᠮᠤᠩᠭᠤᠯ ᠤᠨ ᠮᠤᠩᠭᠤᠯ ᠰᠤᠨᠢᠨ ᠰᠦᠯᠵᠢᠶ᠎ᠡ ᠶᠢᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号