ᠮᠣᠩᠭᠤᠯ ᠣᠳᠣᠮ ᠤᠨ ᠭᠡᠷ ᠤᠨ ᠰᠣᠷᠭᠠᠯ ᠤᠨ ᠵᠦᠢᠯ
ᠨᠡᠶᠢᠲᠡᠯᠡᠭᠰᠡᠨ ᠴᠠᠭ᠄
2017/2/23
        ᠮᠣᠩᠭᠤᠯᠴᠣᠳ ᠬᠡᠦᠬᠡᠳ ᠢᠶᠠᠨ ᠪᠢᠴᠢᠬᠠᠨ ᠠᠴᠠ ᠪᠣᠳᠠᠭ᠎ᠠ ᠢᠳᠡᠵᠦ ᠴᠢᠳᠠᠬᠤ ᠶᠢᠨ ᠦᠶ᠎ᠡ᠂ ᠪᠠᠷᠠᠭᠤᠨ ᠭᠠᠷ ᠢᠶᠠᠷ ᠰᠠᠪᠬ᠎ᠠ ᠪᠠᠷᠢᠬᠤ ᠶᠢ ᠰᠣᠷᠭᠠᠮᠣᠢ᠃ ᠵᠡᠭᠦᠨ ᠭᠠᠷ ᠢ ᠰᠣᠯᠣᠭᠠᠢ ᠬᠡᠮᠡᠵᠦ ᠠᠯᠢᠪᠠ ᠶᠠᠭᠤᠮ᠎ᠠ ᠶᠢ ᠣᠷᠢᠳ  ᠢᠶᠠᠷ ᠠᠳᠬᠤᠭᠤᠯᠬᠤ ᠦᠭᠡᠢ᠂ ᠪᠠᠷᠠᠭᠤᠨ ᠭᠠᠨᠷ ᠢ ᠣᠷᠢᠳ ᠢᠶᠠᠷ ᠶᠠᠭᠤᠮ᠎ᠠ ᠵᠦᠢᠯ ᠢ ᠪᠠᠷᠢᠭᠤᠯᠬᠤ ᠶᠢ ᠰᠣᠷᠭᠠᠮᠣᠢ᠃ ᠪᠠᠰᠠ ᠨᠢᠭᠡᠨ ᠵᠦᠢᠯ ᠪᠤᠯᠪᠠᠰᠦ ᠬᠦᠪᠡᠭᠦᠨ ᠬᠦᠩᠭᠡᠵᠢᠪᠡᠰᠦ ᠡᠭᠦᠳᠡᠨ ᠲᠡᠭᠡᠷ᠎ᠡ ᠨᠣᠮᠣ ᠰᠣᠮᠣ ᠶᠢ ᠡᠯᠭᠦᠮᠣᠢ᠃ ᠦᠬᠢᠨ ᠬᠦᠩᠭᠡᠵᠢᠪᠡᠰᠦ ᠣᠯᠠᠭᠠᠨ ᠭᠬᠢᠪ ᠢ ᠡᠭᠦᠳᠡᠨ ᠲᠡᠭᠡᠷ᠎ᠡ ᠡᠯᠭᠦᠮᠤᠢ᠃ ᠡᠭᠦᠪᠡᠷ ᠲᠡᠮᠳᠡᠭ ᠴᠢᠮᠡᠭ ᠪᠤᠯᠭᠠᠵᠦ ᠦᠬᠢᠨ ᠬᠦᠪᠡᠭᠦᠨ ᠬᠦᠩᠭᠡᠵᠢᠭᠰᠡᠨ ᠢ ᠢᠯᠭᠠᠵᠦ ᠮᠡᠳᠡᠮᠣᠢ᠃ ᠪᠢᠴᠢᠬᠠᠨ ᠬᠦᠪᠡᠭᠦᠳ ᠤᠨ ᠨᠠᠭᠠᠳᠬᠤ ᠶᠠᠭᠤᠮ᠎ᠠ ᠪᠣᠯᠪᠠᠯ ᠬᠤᠨᠢᠨ ᠤ ᠱᠠᠭ᠎ᠠ᠂ ᠭᠠᠷ ᠪᠢᠯᠠᠭᠤ ᠪᠣᠯᠠᠢ᠃ ᠪᠢᠴᠢᠬᠠᠨ ᠦᠬᠢᠳ ᠤᠨ ᠨᠠᠭᠠᠳᠬᠤ ᠶᠠᠭᠤᠮ᠎ᠠ ᠪᠣᠯᠪᠠᠰᠦ ᠬᠠᠵᠢᠣᠬᠠᠢ᠂ ᠦᠭᠡᠳᠡᠰᠦ ᠵᠡᠭᠦᠪᠴᠢ᠂ ᠬᠠᠪᠳᠠᠭ᠎ᠠ ᠪᠣᠯᠠᠢ᠃ ᠡᠴᠢᠭᠡ᠂ ᠠᠬ᠎ᠠ ᠨᠠᠷ ᠪᠣᠯᠪᠠᠰᠦ ᠬᠦᠪᠡᠭᠦᠳ ᠲᠡᠭᠦᠦᠨᠡᠷ ᠲᠡᠭᠡᠨ᠂ ᠲᠠᠪᠤ ᠵᠢᠷᠭᠤᠭᠠᠨ ᠨᠠᠰᠣᠯᠠᠭᠰᠠᠨ ᠦᠶ᠎ᠡ ᠭᠠᠷ ᠪᠢᠯᠠᠭᠤ᠂ ᠨᠣᠮᠣ ᠰᠣᠮᠣ ᠬᠢᠵᠦ ᠦᠭᠭᠦᠭᠡᠳ᠂ ᠪᠢᠯᠠᠭᠤ ᠪᠠᠷ ᠴᠠᠭᠠᠷᠢᠭ ᠢ ᠴᠣᠬᠢᠭᠤᠯᠵᠦ ᠭᠠᠷ ᠣᠨᠣᠪᠴᠢᠳᠠᠢ ᠢ ᠰᠣᠷᠭᠠᠵᠦ ᠨᠠᠭᠠᠳᠣᠭᠤᠯᠤᠨ᠂ ᠨᠣᠮᠣ ᠰᠣᠮᠣ ᠪᠠᠷ ᠫᠠᠢ᠂ ᠪᠣᠰᠤᠭ᠎ᠠ ᠮᠠᠯᠠᠭ᠎ᠠ ᠶᠢ ᠬᠠᠷᠪᠣᠭᠤᠯᠵᠦ ᠵᠢᠭᠠᠨ ᠰᠣᠷᠭᠠᠨ ᠨᠠᠭᠠᠳᠣᠭᠤᠯᠣᠮᠣᠢ᠃ ᠦᠬᠢᠨ ᠲᠠᠪᠤ ᠵᠢᠷᠭᠤᠭᠠᠨ ᠨᠠᠰᠣᠳᠠᠢ ᠪᠤᠯᠬᠤ ᠦᠶ᠎ᠡ ᠡᠬᠡ ᠡᠭᠡᠴᠢ ᠨᠠᠷ ᠬᠠᠵᠢᠣᠬᠠᠢ ᠬᠢᠬᠦ᠂ ᠵᠡᠭᠦᠪᠴᠢ ᠣᠶᠣᠬᠤ᠂ ᠵᠡᠭᠦᠦ ᠣᠳᠠᠰᠦ ᠶᠢ ᠬᠡᠷᠡᠭᠯᠡᠬᠦ ᠶᠢ ᠵᠢᠭᠠᠵᠦ ᠦᠭᠭᠦᠭᠡᠳ ᠨᠠᠭᠠᠳᠬᠤ ᠶᠠᠭᠤᠮ᠎ᠠ ᠪᠣᠯᠭᠠᠵᠦ ᠰᠣᠷᠭᠠᠮᠣᠢ᠃ ᠪᠠᠰᠠ ᠦᠬᠢᠳ ᠬᠦᠪᠡᠭᠦᠳ ᠢ ᠪᠢᠴᠢᠬᠠᠨ ᠠᠴᠠ ᠨᠢ ᠨᠠᠰᠣᠳᠠᠢ ᠬᠦᠮᠦᠨ  ᠲᠠᠢ ᠣᠴᠠᠷᠠᠪᠠᠯ ᠡᠪᠦᠭᠡᠨ ᠠᠪᠤ ᠠᠪᠠᠭ᠎ᠠ ᠠᠵᠢ᠂ ᠨᠠᠰᠣᠳᠠᠢ ᠡᠵᠢ ᠬᠡᠮᠡᠨ ᠲᠠᠭᠤᠳᠠᠬᠤ ᠶᠢ ᠵᠢᠭᠠᠵᠦ ᠰᠣᠷᠭᠠᠳᠠᠭ᠃ ᠠᠷᠪᠠᠨ ᠨᠠᠰᠦ ᠠᠬ᠎ᠠ ᠠᠴᠠ ᠲᠡᠭᠡᠭᠰᠢ ᠬᠦᠮᠦᠨ ᠢ ᠡᠴᠢᠭᠡ᠂ ᠡᠬᠡ ᠶᠢᠨ ᠬᠤᠪᠢ ᠮᠡᠳᠦ ᠲᠠᠭᠤᠳᠠᠵᠦ ᠬᠦᠨᠳᠦᠯᠦᠮᠣᠢ᠃ ᠬᠦᠪᠡᠭᠦᠳ‌ᠦᠬᠢᠳ ᠲᠣᠯᠤᠭ᠎ᠠ ᠨᠠᠢᠮᠠ ᠨᠠᠰᠣᠯᠠᠮᠠᠭᠴᠠ ᠠᠳᠣᠭᠤ ᠮᠠᠯ ᠤᠨ ᠵᠢᠰᠦ ᠦᠩᠭᠡ ᠶᠢ ᠵᠢᠭᠠᠵᠦ ᠰᠣᠷᠭᠠᠳᠠᠭ᠃ ᠡᠷ᠎ᠡ ᠬᠦᠢᠰᠦ ᠶᠢᠨ ᠮᠠᠯ ᠳᠤ ︽ᠴᠢᠨ︾ ᠬᠡᠮᠡᠬᠦ ᠦᠰᠦᠭ ᠣᠷᠣᠬᠤ ᠦᠭᠡᠢ᠂ ᠡᠮ᠎ᠡ ᠬᠦᠢᠰᠦ ᠶᠢᠨ ᠮᠠᠯ ᠳᠤ  ︽ᠴᠢᠨ ︾ ᠬᠡᠮᠡᠬᠦ ᠦᠰᠦᠭ ᠢ ᠬᠡᠷᠡᠭᠯᠡᠮᠣᠢ᠃ ᠵᠢᠱᠢᠶᠡᠯᠡᠪᠡᠯ᠄ ᠬᠦᠬᠡ ᠦᠬᠡᠷ᠂ ᠬᠦᠬᠡᠭᠴᠢᠨ ᠦᠨᠢᠶ᠎ᠡ ᠁ ᠭᠡᠬᠦ ᠮᠡᠳᠦ᠃              ᠡᠷᠳᠡ ᠴᠠᠭ ᠲᠤ᠂ ᠪᠢᠴᠢᠬᠠᠨ ᠦᠬᠢᠳ‌‍ᠬᠦ᠋ᠪᠡᠭᠦᠳ ᠲᠤ ᠪᠠᠨ ᠪᠠᠭᠠᠳᠣᠷ ᠶᠠᠪᠣᠭᠰᠠᠨ ᠬᠦᠮᠦᠨ ᠢ ᠵᠢᠭᠠᠵᠦ ᠶᠠᠮᠠᠷ ᠬᠦᠮᠦᠨ ᠪᠠᠭᠠᠳᠣᠷ ᠬᠦᠴᠦᠨ ᠢᠶᠠᠷ ᠶᠠᠮᠠᠷ ᠶᠡᠭᠡ ᠦᠢᠯᠡᠰ ᠢ ᠪᠦᠳᠦᠭᠡᠪᠡ ᠬᠡᠮᠡᠨ ᠡᠴᠢᠭᠡ ᠡᠬᠡ ᠡᠳᠦᠷ ᠪᠦᠷᠢ ᠬᠡᠯᠡᠬᠦ ᠲᠤᠯᠠ ᠪᠢᠴᠢᠬᠠᠨ ᠬᠡᠦᠬᠡᠳ ᠪᠠᠭᠠᠳᠣᠷ ᠢ ᠲᠠᠭᠤᠷᠢᠶᠠᠨ ᠶᠠᠪᠣᠬᠤ ᠨᠢ ᠣᠯᠠᠨ ᠪᠦᠯᠦᠭᠡ᠃                 ᠯᠣᠪᠰᠠᠩᠴᠣᠶᠢᠳᠠᠨ ᠤ ︽ᠮᠤᠩᠭᠤᠯ ᠤᠨ ᠵᠠᠩ ᠠᠭᠠᠯᠢ ᠶᠢᠨ ᠣᠶᠢᠯᠠᠪᠣᠷᠢ︾ ᠠᠴᠠ ᠬᠡᠰᠡᠭᠯᠡᠨ ᠪᠠᠭᠤᠯᠭᠠᠪᠠ᠃
 
ᠢᠷᠡᠯᠲᠡ᠄ ᠲᠠᠲ᠋ᠠᠷ ᠭᠡᠷᠡᠯ ᠤᠨ ᠬᠤᠯᠪᠤᠭ᠎ᠠ ᠪᠦᠷᠬᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号