ᠴᠠᠭᠠᠨ ᠰᠠᠷ᠎ᠠ ᠶᠢᠨ ᠶᠢᠰᠦᠨ ᠴᠠᠭᠠᠨ ᠶᠤᠰᠤᠨ
ᠨᠡᠶᠢᠲᠡᠯᠡᠭᠰᠡᠨ ᠴᠠᠭ᠄
2017/2/23
        ᠪᠠᠶᠢᠭᠠᠯᠢ ᠳᠡᠯᠡᠬᠡᠢ ᠶᠢ ᠲᠠᠬᠢᠬᠤ ᠶᠣᠰᠣᠨ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠭᠡᠷ ᠤᠨ ᠡᠵᠡᠭᠲᠡᠢ ᠡᠷᠲᠡᠯᠡᠨ ᠪᠣᠰᠴᠤ᠂ ᠭᠡᠷ ᠢᠶᠠᠨ ᠨᠠᠷᠠ ᠵᠦᠪ ᠲᠣᠭᠤᠷᠢᠨ ᠭᠤᠷᠢᠶᠠᠯᠠᠵᠤ᠂ ᠶᠢᠷᠳᠢᠨᠴᠤ ᠶᠢᠨ ᠳᠦᠷᠪᠡᠨ ᠵᠦᠭ ᠨᠡᠢᠮᠡᠨ ᠵᠣᠪᠬᠢᠰ ᠲᠤ ᠬᠠᠨᠳᠤᠨ ᠭᠠᠵᠠᠷ ᠲᠩᠷᠢ ᠶᠢᠨ ᠰᠠᠪᠰᠠᠯᠭ᠎ᠠ ᠪᠠᠷ ᠴᠢᠭ ᠪᠠᠷᠢᠨ ᠴᠠᠭᠠᠨ ᠰᠦᠨ ᠤ ᠳᠡᠭᠡᠵᠢ ᠶᠢ ᠡᠷᠭᠦᠵᠤ᠂ ᠡᠬᠡ ᠳᠡᠯᠡᠬᠡᠢ ᠪᠠᠨ ᠲᠠᠬᠢᠳᠠᠭ ᠪᠦᠭᠡ ᠶᠢᠨ ᠶᠣᠰᠣ ᠣᠳᠣ ᠶᠢ ᠬᠦᠷᠲᠡᠯ᠎ᠡ‌ᠤᠯᠠᠮᠵᠢᠯᠠᠭᠳᠠᠨ ᠢᠷᠡᠵᠡᠢ᠃ ᠲᠡᠷᠡ  ᠦᠶ᠎ᠡ ᠶᠢᠨ ᠰᠠᠴᠤᠯᠢ ᠵᠢᠨ‌ᠬᠠᠯᠪᠠᠭ᠎ᠠ ᠨᠢ ᠨᠢᠭᠡ ᠦᠵᠦᠭᠦᠷ ᠲᠡᠭᠡᠨ ᠰᠠᠴᠤᠯᠢ ᠶᠢᠨ 9 ᠬᠤᠩᠬᠤᠷᠬᠠᠢ‌‍ᠲ᠋ᠠᠢ᠂ ᠨᠦᠭᠦᠭᠡ ᠦᠵᠤᠭᠦᠷ ᠲᠡᠭᠡᠨ ᠴᠠᠭᠠᠨ ᠬᠢᠯᠭᠠᠰᠤᠨ ᠤᠨᠵᠢᠭᠤᠷᠭ᠎ᠠ ᠲᠠᠢ ᠮᠣᠳᠣᠨ ᠬᠠᠯᠪᠠᠭ᠎ᠠ ᠪᠠᠶᠢᠵᠡᠢ᠃ ᠣᠳᠣ ᠴᠤ ᠵᠠᠷᠢᠮ ᠨᠤᠲᠤᠭ ᠲᠤ ᠲᠠᠭᠠᠷᠠᠯᠳᠤᠳᠠᠭ᠃                ᠬᠤᠲᠠ ᠪᠠᠨ ᠮᠢᠯᠢᠶᠠᠬᠤ ᠶᠣᠰᠣᠨ᠃ ᠭᠡᠷ ᠤᠨ ᠡᠵᠡᠨ ᠴᠠᠭᠠᠨ ᠰᠠᠷ᠎ᠠ ᠶᠢᠨ ᠰᠢᠨ᠎ᠡ ᠨᠢᠭᠡᠨ ᠤ ᠦᠷᠯᠦᠭᠡ ᠡᠷᠲᠡᠯᠡᠨ ᠪᠣᠰᠴᠤ᠂ ᠡᠷᠲᠡ ᠭᠠᠷᠤᠭᠰᠠᠨ ᠴᠠᠭᠠᠨ ᠬᠤᠷᠠᠭ᠎ᠠ ᠲᠡᠪᠡᠷᠢᠨ ᠬᠤᠨᠢᠨ ᠤ ᠬᠤᠲᠠ ᠪᠠᠨ ᠨᠡᠷᠡ ᠵᠦᠪ ᠲᠣᠭᠤᠷᠢᠨ ᠢᠷᠦᠭᠡᠯ ᠤᠨ ᠦᠭᠡ ᠬᠡᠯᠡᠳᠡᠭ ᠪᠠᠶᠢᠵᠡᠢ᠃                ᠤᠶᠠᠭ᠎ᠠ ᠮᠢᠯᠢᠶᠠᠬᠤ ᠶᠣᠰᠣᠨ᠃ ᠡᠨᠡ ᠨᠢ ᠮᠣᠩᠭᠤᠯ ᠡᠷ᠎ᠡ ᠬᠦᠮᠦᠨ ᠤ ᠬᠡᠶᠢᠮᠣᠷᠢ ᠲᠠᠢ ᠣᠯᠠᠨ ᠵᠦᠢᠯ ᠢᠶᠠᠷ ᠬᠤᠯᠪᠣᠭᠳᠠᠳᠠᠭ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠡᠳᠤᠷ ᠢᠶᠠᠨ ᠤᠭᠲᠤᠨ ᠪᠢᠲᠡᠭᠦᠨ ᠤ ᠰᠦᠨᠢ᠂ ᠳᠡᠯ ᠢ ᠨᠢ ᠵᠠᠰᠠᠵᠤ ᠭᠤᠶᠣᠵᠤ ᠶᠠᠩᠵᠤᠯᠠᠭᠰᠠᠨ ᠴᠠᠭᠠᠨ ᠪᠦᠭᠡᠭᠡᠨ ︵ᠴᠠᠶᠢᠪᠤᠷ︶ ᠵᠢᠰᠦᠮ ᠤᠨ ᠠᠳᠤᠭᠤ ᠤᠶᠠᠵᠤ ᠬᠤᠨᠣᠳᠠᠭ ᠪᠠᠶᠢᠪᠠ᠃                ᠭᠡᠷ ᠤᠨ ᠡᠭᠦᠳᠡ ᠲᠠᠬᠢᠬᠤ ᠶᠣᠰᠣᠨ᠃ ᠡᠨᠡ ᠶᠣᠰᠣ ᠶᠢ ᠣᠳᠣ ᠭᠦᠷᠳᠡᠯ᠎ᠡ ᠵᠠᠷᠢᠮ ᠨᠤᠲᠤᠭ ᠲᠤ ᠦᠢᠯᠡᠳᠳᠡᠭ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ᠂ ᠭᠡᠷ ᠤᠨ ᠪᠠᠷᠠᠭᠤᠨ ᠲᠣᠲᠣᠭᠤᠨ ᠤ ᠳᠡᠭᠡᠳᠦ ᠳᠠᠯ᠎ᠡ ᠳᠤ ᠴᠠᠭᠠᠨ ᠴᠢᠯᠠᠭᠤ᠂ ᠡᠰᠡᠪᠡᠯ ᠴᠠᠭᠠᠨ ᠭᠦᠷ ᠴᠠᠰᠤ ᠲᠠᠯᠪᠢᠨ ᠲᠣᠭᠲᠠᠭᠠᠵᠤ᠂ ᠰᠠᠶᠢᠨ ᠶᠠᠭᠤᠮᠠᠰ ᠣᠷᠣᠵᠤ ᠢᠷᠡᠬᠦ ᠶᠢ ᠪᠡᠯᠭᠡᠳᠡᠳᠡᠭ᠃                  ᠭᠡᠷ ᠢᠶᠠᠨ ᠴᠡᠪᠡᠷᠯᠡᠵᠤ ᠴᠢᠮᠡᠬᠦ ᠶᠤᠰᠤᠠ᠃ ᠴᠠᠭᠠᠨ ᠰᠠᠷ᠎ᠠ ᠪᠠᠨ ᠤᠭᠲᠤᠨ ᠭᠡᠷ ᠣᠷᠣᠨ ᠢᠶᠠᠨ ᠭᠬᠢᠷ ᠪᠤᠷᠳᠠᠭ  ᠠᠴᠠ  ᠨᠢ ᠰᠠᠯᠭᠠᠨ ᠤᠭᠢᠶᠠᠵᠤ ᠴᠡᠪᠡᠷᠯᠡᠬᠦ ᠨᠢ ᠮᠣᠩᠭᠤᠯ ᠲᠤᠭᠤᠷᠭᠠᠲᠠᠨ ᠤ ᠶᠣᠰᠣᠨ᠃ ᠴᠠᠭᠠᠨ ᠰᠠᠷ᠎ᠠ ᠪᠠᠷ ᠠᠯᠢ ᠦᠩᠭᠡ ᠲᠠᠢ ᠭᠡᠰᠡᠨ ᠰᠢᠷᠢᠳᠡᠭ᠂ ᠣᠯᠪᠣᠭ᠂  ᠬᠡᠪᠢᠰ ᠢᠶᠠᠨ ᠳᠡᠪᠢᠰᠳᠡᠭ᠃ ᠡᠷᠲᠠ ᠦᠶ᠎ᠡ ᠳᠡᠭᠡᠨ ᠰᠢᠨ᠎ᠡ ᠴᠠᠭᠠᠨ ᠢᠰᠡᠭᠡᠢ ᠭᠠᠷᠭᠠᠨ ᠳᠡᠪᠢᠰᠳᠡᠭ ᠪᠠᠶᠢᠭᠰᠠᠨ ᠭᠡᠨ᠎ᠡ᠃                ᠵᠤᠭᠤᠭ ᠤᠨ ᠴᠠᠭᠠᠨ ᠢᠳᠡᠭᠡ ᠪᠡᠯᠡᠳᠭᠡᠬᠦ ᠶᠣᠰᠣᠨ᠃ ᠭᠡᠷ ᠤᠨ ᠬᠤᠶᠢᠮᠣᠷ ᠲᠤ ᠶᠠᠪᠠᠭᠠᠨ ᠰᠢᠷᠡᠭᠡ ᠲᠠᠯᠪᠢᠨ ᠪᠢᠰᠢᠯᠠᠭ᠂ ᠬᠡᠪ ᠤᠨ ᠪᠣᠣᠪᠤ ᠪᠠᠷ ᠲᠠᠪᠠᠭ ᠵᠠᠰᠠᠵᠤ᠂ ᠴᠠᠭᠠᠨ ᠢᠳᠡᠭᠡ ᠠᠷᠪᠢᠨ ᠲᠠᠯᠪᠢᠵᠤ᠂ ᠢᠷᠡᠭᠰᠡᠨ ᠭᠡᠶᠢᠴᠢᠳ ᠲᠤ ᠠᠮᠰᠠᠭᠤᠯᠳᠠᠭ ᠶᠣᠰᠣ ᠪᠣᠯ ᠡᠷᠲᠡᠨ ᠠᠴᠠ ᠤᠯᠠᠮᠵᠢᠯᠠᠯ ᠲᠠᠢ ᠶᠤᠮ᠃          ᠪᠡᠶ᠎ᠡ ᠪᠠᠨ ᠭᠤᠶᠣᠯᠠᠬᠤ ᠶᠤᠰᠤᠠ᠃ ᠮᠣᠩᠭᠤᠯᠴᠤᠳ ᠴᠠᠭᠠᠨ ᠰᠠᠷ᠎ᠠ ᠪᠠᠷ ᠴᠠᠭᠠᠨ ᠪᠦᠰᠠ ᠲᠣᠷᠭ᠎ᠠ᠂ ᠬᠤᠷᠠᠭᠠᠨ ᠰᠡᠭᠰᠡᠭᠦᠷᠭᠡᠨ ᠳᠡᠪᠡᠯ ᠡᠮᠤᠰᠴᠤ ᠭᠤᠶᠣᠯᠠᠨ ᠠᠶᠢᠯ ᠰᠠᠭᠠᠬᠠᠯᠳᠠ ᠪᠠᠷ ᠣᠷᠣᠬᠤ ᠳᠠᠭᠠᠨ ᠴᠠᠭᠠᠨ ᠮᠤᠷᠢ ᠭᠦᠯᠦᠭᠯᠡᠨ ᠳᠡᠭᠵᠢᠷᠡᠬᠡᠳᠡᠭ ᠪᠠᠶᠢᠵᠡᠢ᠃               ᠴᠠᠭᠠᠨ ᠰᠡᠳᠬᠢᠯ ᠢᠶᠠᠨ ᠢᠯᠡᠷᠭᠡᠶᠢᠯᠡᠭᠦ ᠶᠤᠰᠤᠠ᠃ ᠴᠠᠭᠠᠨ ᠰᠠᠷ᠎ᠠ ᠪᠠᠷ ᠮᠠᠭᠤ ᠶᠠᠭᠤᠮ᠎ᠠ ᠶᠠᠷᠢᠳᠠᠭ ᠦᠭᠡᠢ ᠶᠣᠰᠣ ᠪᠤᠢ᠃ ᠴᠠᠭᠠᠨ ᠰᠡᠳᠬᠢᠯ ᠤᠨ ᠢᠯᠡᠷᠬᠡᠶᠢᠯᠡᠯ ᠪᠣᠯᠭᠠᠨ ᠴᠠᠭᠠᠨ ᠬᠤᠷᠠᠭᠠᠨ ᠨᠢᠳᠤᠷᠭ᠎ᠠ ᠪᠠᠨ ᠨᠢᠭᠡ ᠤᠳᠠᠭ᠎ᠠ ᠰᠡᠭᠰᠦᠷᠴᠤ᠂ ᠰᠡᠳᠬᠢᠯ ᠢᠶᠠᠨ ᠢᠯᠡᠷᠬᠡᠶᠢᠯᠡᠨ ᠵᠣᠯᠭᠠᠳᠠᠭ  ᠪᠠᠶᠢᠭᠰᠠᠨ ᠶᠤᠮ ᠪᠠᠶᠢᠨ᠎ᠠ᠃ ᠬᠤᠵᠢᠮ ᠨᠢ ᠬᠠᠳᠠᠭ ᠪᠠᠷᠢᠨ ᠵᠣᠯᠭᠠᠳᠠᠭ ᠪᠣᠯᠵᠠᠢ᠃ ᠵᠣᠯᠭᠠᠭᠰᠠᠨ ᠤ ᠳᠠᠷᠠᠭ᠎ᠠ ᠰᠡᠳᠬᠢᠯ ᠢᠶᠠᠨ ᠨᠡᠭᠡᠭᠡᠨ ᠦᠭᠡ ᠰᠣᠯᠢᠯᠴᠠᠵᠤ᠂ ᠬᠠᠰ ᠭᠠᠩᠰᠠ᠂ ᠭᠦᠭᠦᠤᠷ ᠭᠠᠷᠭᠠᠨ ᠵᠦᠷᠢᠭᠦᠯᠵᠤ᠂ ᠰᠡᠳᠬᠢᠯ ᠤᠨ ᠭᠦᠨ ᠳᠤ ᠶᠠᠭᠤᠮ᠎ᠠ ᠦᠯᠡᠳᠡᠭᠰᠡᠨ ᠪᠣᠯ ᠲᠠᠶᠢᠯᠵᠤ᠂ ᠪᠡᠶ᠎ᠡ ᠪᠠᠶ᠎ᠡ ᠳᠡᠭᠡᠨ ᠨᠠᠶᠢᠷᠰᠠᠭ ᠰᠠᠶᠢᠬᠠᠨ ᠢᠷᠤᠭᠡᠯ ᠬᠡᠯᠡᠵᠦ ᠬᠠᠷᠢᠯᠴᠠᠳᠠᠭ ᠰᠠᠶᠢᠬᠠᠨ ᠶᠣᠰᠣ ᠦᠨᠤᠳᠤᠷ ᠢ ᠬᠦᠷᠲᠡᠯ᠎ᠡ ᠲᠦᠮᠡᠨ ᠤ ᠳᠤᠮᠳᠠ ᠤᠯᠠᠮᠵᠢᠯᠠᠭᠳᠠᠨ ᠦᠯᠡᠳᠡᠭᠰᠡᠨ ᠪᠢᠯᠡ᠃                ᠭᠠᠷ ᠴᠠᠶᠢᠯᠭᠠᠬᠤ ᠶᠣᠰᠣᠨ᠃ ᠡᠷᠲᠡ ᠳᠡᠭᠡᠷ᠎ᠡ ᠦᠶ᠎ᠡ ᠳᠤ ᠪᠡᠯᠡᠭ ᠭᠡᠳᠡᠭ ᠣᠶᠢᠯᠠᠭᠠᠯᠲᠠ ᠪᠠᠶᠢᠭᠰᠠᠨ ᠦᠭᠡᠢ ᠂ ᠬᠠᠷᠢᠨ ᠬᠡᠦᠬᠡᠳ ᠨᠡᠰᠤᠳᠠᠶᠢᠴᠤᠳ᠂ ᠢᠷᠡᠭᠡ ᠦᠭᠡᠢ ᠤᠳᠠᠭᠰᠠᠨ ᠠᠶᠢᠯᠴᠢᠨ ᠭᠡᠶᠢᠴᠢᠨ ᠳᠤ ᠭᠠᠷ ᠴᠠᠶᠢᠯᠭᠠᠬᠤ ᠭᠡᠬᠦ ᠶᠣᠰᠣ ᠪᠠᠶᠢᠭᠰᠠᠨ ᠶᠤᠮ ᠪᠠᠶᠢᠨ᠎ᠠ᠃ ᠬᠤᠰᠢᠭᠤ ᠲᠣᠷᠭ᠎ᠠ ︵ᠭᠤᠷᠪᠠᠯᠵᠢᠨ ᠪᠤᠯᠭᠠᠭᠰᠠᠨ ᠳᠤᠷᠭ᠎ᠠ︶ ᠳᠤ ᠬᠡᠪ ᠤᠨ ᠪᠣᠣᠪᠤ᠂ ᠬᠠᠪᠰᠠᠢ᠂ ᠪᠢᠰᠢᠯᠠᠭ᠂ ᠠᠭᠠᠷᠤᠤᠯ᠂ ᠴᠠᠭᠠᠨ ᠢᠳᠡᠭᠡᠨ ᠪᠣᠭᠤᠵᠤ ᠦᠭᠳᠡᠭ ᠪᠠᠶᠢᠵᠡᠢ᠃ ᠡᠶᠢᠨ ᠬᠦ ᠴᠠᠭᠠᠨ ᠰᠠᠷ᠎ᠡ ᠭᠡᠰᠡᠨ ᠤ ᠤᠴᠢᠷ ᠨᠢ ᠴᠠᠭᠠᠨ ᠦᠢᠯᠡ᠂ ᠤᠷᠢᠨ ᠴᠠᠭ ᠢ ᠬᠠᠪᠤᠷ ᠤᠨ ᠲᠡᠷᠢᠭᠦᠨ ᠰᠠᠷ᠎ᠠ ᠪᠠᠷ ᠪᠡᠯᠭᠡᠳᠡᠶ᠎ᠡ ᠭᠡᠰᠡᠨ ᠤᠳᠬ᠎ᠠ ᠲᠠᠢ ᠪᠤᠯᠤᠯᠳᠠᠢ᠃ ᠮᠣᠩᠭᠤᠯᠴᠤᠳ ᠤᠨ ᠰᠡᠳᠬᠢᠯ ᠢᠶᠠᠨ ᠠᠷᠢᠭᠤᠨ ᠴᠠᠭᠠᠨ ᠪᠠᠶᠢᠯᠭᠠᠶ᠎ᠠ ᠭᠡᠰᠡᠨ ᠡᠷᠡᠮᠡᠯᠵᠡᠯ ᠤᠨ ᠤᠬᠠᠭᠠᠨ᠂ ᠠᠬᠠᠨ ᠳᠡᠭᠦᠤᠰ ᠢᠶᠠᠷ ᠢᠶᠠᠨ ᠡᠪᠲᠡᠢ ᠡᠶᠡᠲᠡᠢ ᠣᠷᠣᠰᠢᠶ᠎ᠡ ᠭᠡᠰᠡᠨ ᠤᠷᠤᠭ ᠤᠨ ᠤᠬᠠᠭᠠᠨ᠂ ᠪᠠᠶᠢᠭᠠᠯᠢ ᠳᠡᠯᠡᠬᠡᠢ ᠣᠷᠴᠢᠨ ᠢᠶᠠᠨ ᠰᠢᠲᠦᠵᠦ ᠠᠮᠢᠵᠢᠷᠠᠶ᠎ᠠ ᠭᠡᠰᠡᠨ ᠠᠵᠤ ᠳᠦᠷᠦᠭᠦ ᠶᠢᠨ ᠤᠬᠠᠭᠠᠨ ᠁ ᠭᠡᠳ ᠣᠯᠠᠨ ᠲᠠᠯ᠎ᠠ ᠲᠠᠢ ᠮᠣᠩᠭᠤᠯ ᠤᠬᠠᠭᠠᠨ ᠢᠶᠠᠷ ᠪᠦᠲᠦᠭᠡᠭᠳᠡᠭᠰᠡᠨ᠂ ᠤᠷᠤᠰᠤᠨ ᠢᠷᠡᠵᠦ ᠪᠤᠢ ᠤᠷᠢᠨ ᠴᠠᠭ ᠢ ᠴᠠᠭᠠᠨ ᠢᠶᠠᠷ ᠤᠭᠲᠤᠨ ᠵᠣᠯᠭᠠᠬᠤ ᠶᠢ ᠪᠡᠯᠭᠡᠰᠢᠶᠡᠭᠰᠡᠨ ᠮᠣᠩᠭᠤᠯ ᠰᠤᠶᠤᠯ ᠤᠨ ᠭᠠᠶᠢᠬᠠᠮᠰᠢᠭᠲᠤ ᠦᠪ᠂ ᠤᠯᠠᠮᠵᠢᠯᠠᠯᠲᠤ ᠶᠣᠰᠣ ᠶᠤᠮ ᠪᠠᠶᠢᠨ᠎ᠠ ᠰᠢᠦ ᠭᠡᠳᠡᠭ ᠢ ᠯᠠ ᠢᠯᠡᠳᠬᠡᠨ ᠬᠡᠯᠡᠵᠤ ᠪᠠᠶᠢᠨ᠎ᠠ᠃ ︵ᠮᠤᠩᠭᠤᠯ ᠤᠨ ᠰᠦᠯᠵᠢᠶ᠎ᠡ ᠠᠴᠠ ᠮᠡᠷᠡᠯ ᠭᠦᠷᠪᠡᠭᠦᠯᠪᠠ︶
 
ᠢᠷᠡᠯᠲᠡ᠄ ᠸᠠᠩᠨᠤᠳ ᠴᠢᠭᠡᠴᠢ ᠶᠢᠨ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号