ᠠᠪᠤ ᠡᠵᠢ ᠪᠠᠨ ᠭᠤᠮᠤᠳᠠᠭᠠᠵᠤ ᠪᠤᠯᠳᠠᠭ ᠦᠭᠡᠢ ᠶᠢᠨ ᠤᠴᠢᠷ
ᠨᠡᠶᠢᠲᠡᠯᠡᠭᠰᠡᠨ ᠴᠠᠭ᠄
2017/2/24
       ᠤᠷᠢᠳᠤ ᠶᠠᠭᠤ ᠪᠠᠷ ᠴᠤ ᠲᠤᠳᠠᠬᠤ ᠦᠭᠡᠢ ᠪᠠᠶᠠᠨ ᠴᠠᠤᠠᠬᠤᠯᠠᠩ ᠠᠵᠤ ᠲᠦᠷᠤᠵᠤ ᠰᠠᠭᠤᠭᠰᠠᠨ ᠨᠢᠭᠡ  ᠪᠠᠶᠠᠨ ᠬᠦᠮᠤᠨ᠂ ᠦᠳᠠᠯᠵᠤ ᠬᠦᠭᠰᠢᠷᠡᠭᠰᠠᠨ ᠠᠪᠤ ᠡᠵᠢ ᠬᠤᠶᠠᠷ ᠢᠶᠠᠨ ᠠᠳᠠ ᠴᠢᠤᠠᠬᠦᠷ ᠦᠵᠡᠭᠰᠠᠨ ᠦᠭᠡᠷ᠎ᠠ ᠦᠭᠡᠢ  ᠲᠤᠷ᠎ᠠ ᠦᠭᠡᠶᠢᠴᠠᠳᠡᠭ ᠪᠠᠶᠢᠵᠠᠢ᠃ ᠬᠤᠶᠠᠷ ᠨᠠᠰᠤᠳᠠᠨ ᠢ ᠠᠪᠤ ᠡᠵᠢ ᠭᠡᠵᠤ ᠲᠠᠭᠤᠳᠠᠬᠤ ᠪᠠᠨ ᠴᠤ ᠪᠠᠶᠢᠵᠤ ︽ᠴᠢ  ᠢᠡᠭᠬᠢ᠂ ᠴᠢ ᠲᠡᠭᠡ︾ ᠭᠡᠵᠤ ᠰᠠᠨᠠᠭᠠᠨ ᠲᠠᠪᠠ ᠪᠠᠷ ᠢᠶᠠᠨ ᠬᠠᠷᠢᠶᠠᠵᠤ ᠠᠭᠠᠰᠢᠯᠠᠳᠠᠭ ᠭᠡᠨ᠎ᠠ᠃ ᠭᠡᠤᠭᠡᠤᠨ ᠢᠶᠠᠨ ᠰᠢᠬ  ᠬᠠᠷᠢᠶᠠᠵᠤ ᠵᠠᠩᠳᠤᠷᠤᠨ ᠠᠵᠢᠯ ᠠᠬᠤᠢ ᠶᠢᠨ ᠢᠶᠠᠨ ᠠᠯᠢ ᠬᠦᠡᠳᠤ ᠶᠢ ᠬᠢᠯᠭᠡᠨ᠎ᠠ᠂ ᠨᠠᠭᠡᠷᠠᠨ ᠰᠠᠨᠠᠭ᠎ᠠ ᠵᠤᠪᠠᠭᠤᠯᠤᠮᠠᠷ  ᠭᠡᠨ᠎ᠠ᠃        ᠨᠢᠭᠡ ᠡᠳᠤᠷ ᠬᠦᠤ ᠨᠢ᠄            — ᠪᠢ ᠬᠤᠯᠨ ᠶᠠᠪᠤᠨ᠎ᠠ ᠭᠡᠵᠤ ᠭᠡᠯᠠᠭᠡᠤᠨ ᠶᠠᠪᠤᠵᠠᠢ᠃ ᠠᠪᠤ ᠡᠵᠢ ᠬᠤᠶᠠᠷ ᠨᠢ ᠮᠢᠬ᠎ᠠ ᠱᠦᠯᠤ ᠤᠯᠵᠤ  ᠢᠳᠠᠬᠦ ᠦᠭᠡᠢ ᠬᠠᠷᠠᠳᠠᠵᠤ᠂ ᠭᠤᠯᠢᠷ ᠪᠤᠳᠠᠭ᠎ᠠ ᠤᠯᠵᠤ ᠢᠳᠠᠬᠦ ᠦᠭᠡᠢ ᠦᠯᠤᠰᠴᠤ ᠵᠦᠳᠠᠷᠠᠵᠤ ᠶᠠᠪᠤᠳᠠᠭ ᠪᠤᠯᠬᠤᠷ᠄             — ᠬᠦᠤ ᠬᠤᠯᠨ ᠶᠠᠪᠤᠨ᠎ᠠ ᠭᠡᠰᠠᠨ ᠶᠤᠮ ᠪᠠᠶᠢᠨ᠎ᠠ᠃ ᠠᠷᠤ ᠳᠤᠨᠢ ᠨᠢᠭᠡ ᠮᠠᠯ ᠵᠠᠷᠤᠵᠤ ᠱᠦᠯᠤ ᠤᠤᠭᠤᠶ᠎ᠠ  ᠃ ᠭᠤᠯᠢᠷ ᠨᠤᠬᠤᠵᠤ ᠰᠠᠶᠢᠬᠠᠨ ᠬᠤᠭᠤᠯᠨ ᠬᠢᠵᠤ ᠴᠠᠤᠠᠳᠠᠯ᠎ᠠ ᠢᠳᠠᠵᠠᠭᠡᠶ᠎ᠠ ᠭᠡᠵᠤ ᠭᠡᠯᠠᠯᠴᠠᠭᠡᠤᠨ ᠠᠪᠤ ᠨᠢ ᠨᠢᠭᠡ  ᠬᠤᠨᠢ ᠭᠠᠷᠭᠠᠵᠤ᠂ ᠡᠵᠢ ᠨᠢ ᠭᠤᠯᠢᠷ ᠨᠤᠬᠤᠬᠤ ᠭᠡᠵᠤ ᠶᠠᠭᠠᠷᠠᠵᠠᠢ᠃ ᠡᠯᠪᠠᠷᠢᠯ ᠦᠭᠡᠢ ᠬᠦᠤ ᠨᠢ ᠶᠠᠪᠤᠵᠤ ᠪᠠᠶᠢᠭᠠᠤᠨ  ᠨᠢᠭᠡ ᠯᠠᠮᠨ ᠲᠠᠢ ᠵᠤᠯᠭᠠᠳᠠᠭ ᠶᠤᠮ ᠪᠠᠶᠢᠨ᠎ᠠ᠃ ᠲᠠᠭᠡᠭᠡᠤᠨ ᠵᠠᠯᠠᠭᠤ ᠶᠢ ᠬᠠᠮᠢᠭ᠎ᠠ ᠶᠠᠭᠤ ᠬᠢᠵᠤ ᠶᠠᠪᠤᠭ᠎ᠠ ᠶᠢ ᠨᠢ  ᠰᠤᠷᠠᠭᠰᠠᠨ ᠳᠤ᠂ ᠭᠡᠷ ᠠᠴᠠ ᠪᠠᠨ ᠬᠤᠯᠨ ᠭᠠᠷᠴᠤ ᠭᠡᠳᠤ ᠬᠤᠨᠤᠬᠤ ᠭᠡᠵᠤ ᠪᠠᠶᠢᠬᠤ ᠪᠠᠨ ᠭᠡᠯᠠᠵᠠᠢ᠃ ᠵᠠᠯᠠᠭᠤ  ᠯᠠᠮᠨ ᠠᠴᠠ᠄             — ᠲᠠ ᠲᠦᠯᠭᠡ ᠮᠠᠷᠭᠡ ᠦᠵᠠᠵᠤ ᠴᠢᠳᠠᠨ᠎ᠠ ᠤᠤ︖ ᠭᠡᠵᠤ ᠠᠰᠠᠭᠤᠪᠠᠯ᠄                     — ᠪᠢ ᠶᠠᠭ ᠲᠦᠯᠭᠡᠴᠢᠨ ᠬᠦᠮᠤᠨ ᠪᠠᠶᠢᠨ᠎ᠠ ᠭᠡᠰᠠᠨ ᠳᠤ ᠵᠠᠯᠠᠭᠤ᠄             — ᠠ ᠶᠠᠭᠤᠨ ᠰᠠᠶᠢᠨ ᠶᠤᠮ ᠲᠠ ᠨᠠᠮᠠᠢᠢ ᠨᠢᠭᠡ ᠦᠵᠠᠭᠡᠤᠨ ᠬᠠᠶᠢᠷᠠᠯᠨ᠃ ᠨᠠᠳᠠ ᠲᠤᠳᠠᠵᠤ  ᠲᠠᠳᠠᠭᠤᠳᠠᠬᠤ ᠶᠠᠭᠤᠮ᠎ᠠ ᠤᠭᠳᠤ ᠦᠭᠡᠢ ᠪᠠᠶᠢᠳᠠᠯ᠎ᠠ᠂ ᠦᠷᠬᠦᠯᠵᠢ ᠳᠡᠭᠡᠨ ᠨᠢᠭᠡ ᠶᠠᠭᠤᠮ᠎ᠠ ᠲᠤᠳᠠᠭᠠᠤᠨ ᠪᠠᠶᠢᠬᠤ ᠰᠢᠬ  ᠰᠠᠤᠡᠬᠢᠯ ᠳᠤ ᠬᠤᠭᠤᠰᠤᠨ ᠰᠠᠨᠠᠭᠳᠠᠭᠠᠤᠨ ᠪᠠᠶᠢᠳᠠᠭ ᠨᠢ ᠶᠠᠭᠤ ᠪᠤᠢ︖ ᠪᠤᠷᠬᠠᠨ ᠰᠠᠬᠢᠭᠤᠯᠰᠤᠨ ᠤ ᠬᠢᠯᠢᠩ ᠪᠤᠯᠵᠤ  ᠪᠠᠶᠢᠨ᠎ᠠ ᠤᠤ︖ ᠭᠠᠵᠠᠷ ᠯᠤᠤᠰ ᠤᠨ ᠬᠤᠤᠷᠯᠠᠯ ᠪᠤᠯᠵᠤ ᠪᠠᠶᠢᠨ᠎ᠠ ᠤᠤ︖ ᠭᠡᠵᠤ ᠰᠤᠷᠠᠯ᠎ᠠ ᠭᠡᠨ᠎ᠠ᠃               ᠲᠦᠯᠭᠡᠴᠢᠨ ᠨᠢ ᠭᠡᠰᠡᠭ ᠦᠵᠠᠭᠡᠤᠨ᠄             — ᠲᠠ ᠴᠢᠨᠢ ᠰᠦᠵᠢᠭ ᠦᠭᠡᠢ ᠬᠦᠮᠤᠨ ᠶᠤᠮ ᠪᠠᠶᠢᠨ᠎ᠠ ᠰᠢᠳᠠ᠃ ᠭᠡᠷ ᠲᠤᠳᠤᠷ᠎ᠠ ᠪᠠᠨ ᠪᠠᠶᠢᠭᠰᠠᠨ  ᠪᠤᠷᠬᠠᠨ ᠢᠶᠠᠨ ᠴᠤ ᠲᠠᠬᠢᠵᠤ ᠴᠢᠳᠠᠬᠤ ᠦᠭᠡᠢ ᠭᠤᠮᠤᠳᠠᠭᠠᠵᠤ ᠪᠠᠶᠢᠵᠤ᠂ ᠴᠠᠰᠢ ᠨᠢ ᠪᠠᠰᠠ ᠶᠠᠭᠤᠨ ᠪᠤᠷᠬᠠᠨ ᠰᠤᠷᠬᠠᠨ  ᠂ ᠯᠤᠤᠰ ᠡᠨᠡ ᠲᠠᠷᠨ ᠭᠡᠤᠨ ᠪᠠᠶᠢᠬᠤ ᠪᠢᠯᠨ︖ ᠭᠡᠵᠤ ᠭᠡᠯᠠᠪᠠᠯ᠄             — ᠶᠠᠭᠤ ᠭᠡᠰᠠᠨ ᠦᠭᠡ ᠪᠤᠢ︖ ᠨᠠᠳᠠ ᠰᠢᠬ ᠬᠦᠮᠤᠨ ᠢ ᠰᠦᠵᠢᠭ ᠦᠭᠡᠢ ᠭᠡᠳᠡᠭ ᠲᠤ ᠬᠦᠷᠪᠠᠯ ᠴᠤ  ᠴᠠᠭᠠᠨ᠎ᠠ ᠴᠤᠬᠤᠮ ᠶᠠᠮᠠᠷ ᠬᠦᠮᠤᠨ ᠢ ᠰᠦᠵᠢᠭᠳᠡᠢ ᠭᠡᠬᠦ ᠶᠤᠮ ᠪᠤᠯ︖ ᠪᠢ ᠴᠢᠨᠢ ᠯᠠᠮᠨ ᠦᠵᠠᠪᠠᠯ ᠰᠢᠳᠤᠳᠡᠭ᠂  ᠪᠤᠷᠬᠠᠨ ᠦᠵᠠᠪᠠᠯ ᠮᠦᠷᠬᠦᠳᠡᠭ᠂ ᠰᠦᠮ᠎ᠠ ᠦᠵᠠᠪᠠᠯ ᠦᠭᠯᠢᠭᠡ ᠪᠠᠷᠢᠳᠠᠭ ᠪᠠᠶᠢᠨ᠎ᠠ ᠰᠢᠤ᠃ ᠡᠶᠢᠮᠤ ᠬᠦᠮᠤᠨ ᠢ  ᠰᠦᠵᠢᠭ ᠦᠭᠡᠢ ᠭᠡᠵᠤ ᠶᠠᠭᠠᠬᠢᠵᠤ ᠭᠡᠯᠠᠵᠤ ᠪᠤᠯᠤᠨ᠎ᠠ︖ ᠭᠡᠵᠤ ᠡᠮᠤᠨ᠎ᠠ ᠠᠴᠠ ᠨᠢ ᠬᠠᠳᠠᠭᠤ ᠲᠤᠯᠵᠠᠢ᠃               — ᠰᠦᠵᠢᠭ ᠲᠠᠢ ᠰᠦᠵᠢᠭ ᠦᠭᠡᠢ ᠶᠢ ᠵᠦᠪᠭᠡᠨ ᠮᠦᠷᠬᠦᠬᠦ ᠡᠰᠠ ᠮᠦᠷᠬᠦᠬᠦ ᠪᠠᠷ ᠪᠤᠯᠬᠤ ᠦᠭᠡᠢ᠂ ᠪᠠᠰᠠ  ᠦᠭᠯᠢᠭᠡ ᠶᠢᠨ ᠶᠡᠭᠡ ᠪᠠᠭ᠎ᠠ ᠪᠠᠷ ᠭᠡᠮᠵᠢᠬᠦ ᠦᠭᠡᠢ ᠯᠠ ᠳ᠋ᠠ᠃ ᠰᠠᠨᠠᠭ᠎ᠠ ᠰᠠᠤᠡᠬᠢᠯ ᠴᠢᠨᠢ ᠠᠷᠢᠭᠤᠨ ᠦᠭᠡᠢ ᠶᠤᠮ ᠪᠤᠯ ᠂  ᠭᠡᠨ ᠳᠤ ᠭᠡᠳᠤᠢ ᠶᠠᠭᠤᠮ᠎ᠠ ᠪᠠᠨ ᠦᠭᠬᠦᠯ᠎ᠠ ᠭᠡᠤᠨ ᠪᠤᠶᠠᠨ ᠬᠤᠷᠢᠶᠠᠵᠤ ᠴᠢᠳᠠᠳᠠᠭ ᠦᠭᠡᠢ ᠤᠴᠢᠷ ᠲᠠᠢ ᠡᠳ᠋ ᠡ᠃  ᠬᠠᠷᠢᠨ ᠵᠢᠩᠬᠢᠨᠢ ᠪᠤᠳᠤᠯ ᠢᠶᠠᠷ ᠪᠤᠯᠳᠠᠭ᠃ ᠲᠠᠨ ᠤ ᠭᠡᠷ ᠲᠤ ᠴᠢᠨᠢ ᠲᠠᠶᠢᠮᠤ ᠰᠠᠶᠢᠬᠠᠨ ᠬᠤᠶᠠᠷ ᠪᠤᠷᠬᠠᠨ ᠪᠠᠶᠢᠭᠰᠠᠭᠠᠷ  ᠪᠠᠶᠢᠬᠤ ᠳᠤ ᠲᠠᠬᠦᠨ ᠢᠶᠠᠨ ᠰᠢᠳᠤᠵᠤ᠂ ᠨᠢᠬᠦᠯ ᠬᠢᠯᠢᠠᠴᠠ ᠪᠠᠨ ᠨᠠᠮᠠᠠᠴᠢᠯᠠᠪᠠᠯ ᠶᠠᠭᠤᠮ᠎ᠠ ᠪᠦᠬᠦᠨ ᠴᠢᠨᠢ ᠰᠠᠨᠠᠭ᠎ᠠ ᠪᠠᠷ  ᠴᠢᠨᠢ ᠪᠤᠯᠵᠤ ᠤᠳᠤᠨ᠎ᠠ ᠯᠠ ᠳ᠋ᠠ ᠭᠡᠵᠤ ᠲᠦᠯᠭᠡᠴᠢᠨ ᠭᠡᠯᠠᠵᠠᠢ᠃               ᠵᠠᠯᠠᠭᠤ ᠡᠰᠠ ᠢᠳᠠᠭᠡᠨ᠄              — ᠮᠠᠨ ᠤ ᠳᠤ ᠲᠠᠶᠢᠮᠤ ᠢᠯᠠᠬᠦᠤ ᠲᠤᠳᠠᠭᠤ ᠪᠤᠷᠬᠠᠨ ᠪᠠᠶᠢᠬᠤ ᠦᠭᠡᠢ ᠭᠡᠬᠦ ᠳᠤ ᠲᠦᠯᠭᠡᠴᠢᠨ᠄              — ᠵᠠ ᠲᠠᠭᠡᠪᠠᠯ ᠲᠠ ᠦᠨᠤ ᠭᠡᠷ ᠲᠡᠭᠡᠨ ᠬᠠᠷᠢᠭᠰᠠᠭᠠᠷ ᠪᠤᠷᠬᠠᠨ ᠲᠠᠢ ᠪᠠᠨ ᠵᠤᠯᠭᠠᠨ᠎ᠠ ᠭᠡᠵᠤ  ᠴᠠᠭᠠᠨ᠎ᠠ ᠪᠠᠨ ᠪᠤᠳᠤᠯ ᠲᠠᠢ ᠤᠷᠤ᠃ ᠨᠢᠭᠡ ᠨᠢ ᠴᠠᠭᠠᠨ ᠭᠠᠷ ᠲᠠᠢ ᠵᠠᠬᠦᠨ ᠬᠠᠭᠠᠯᠭᠠᠨ ᠤ ᠴᠢᠨᠢ ᠠᠷᠤ ᠳᠤ ᠵᠤᠭᠰᠤᠵᠤ  ᠪᠠᠶᠢᠬᠤ ᠳ᠋ᠠ᠃ ᠨᠦᠬᠦᠭᠡ ᠨᠢ ᠪᠠᠷᠠᠭᠤᠨ ᠬᠠᠭᠠᠯᠭᠠᠨ ᠠᠷᠤ ᠳᠤ ᠤᠯᠠᠭᠠᠨ ᠭᠠᠷ ᠲᠠᠢ ᠨᠢᠭᠤᠭᠳᠠᠵᠤ ᠪᠠᠶᠢᠬᠤ᠃ ᠲᠠᠷᠨ  ᠬᠤᠶᠠᠷ ᠲᠤ ᠮᠦᠷᠬᠦᠵᠤ ᠬᠠᠮᠤᠭ ᠪᠤᠷᠤᠭᠤ ᠪᠦᠬᠦᠨ ᠢᠶᠠᠨ ᠵᠠᠯᠪᠠᠷᠢᠵᠤ ᠠᠭᠤᠴᠢᠯᠠᠬᠤ ᠶᠢ ᠭᠤᠶᠤᠬᠤ ᠭᠡᠷᠡᠭᠳᠠᠢ ᠭᠡᠵᠤ  ᠵᠠᠬᠢᠵᠤ ᠶᠠᠪᠤᠭᠤᠯᠵᠠᠢ᠃             ᠠᠪᠤ ᠡᠵᠢ ᠨᠢ ᠬᠦᠤ ᠪᠠᠨ ᠲᠠᠷᠤᠢ ᠳᠤ ᠢᠷᠠᠬᠦ ᠦᠭᠡᠢ ᠪᠠᠶᠢᠬᠤ ᠭᠡᠵᠤ ᠪᠤᠳᠤᠵᠤ ᠪᠠᠶᠢᠭᠰᠠᠨ ᠴᠢᠨᠢ ᠢᠡᠭᠬᠢᠵᠤ  ᠬᠤᠷᠳᠤᠨ ᠢᠷᠠᠬᠦ ᠳᠤ᠂ ᠠᠪᠤ ᠨᠢ ᠮᠠᠯ ᠵᠠᠷᠤᠵᠤ ᠪᠠᠶᠢᠭᠰᠠᠨ ᠢᠶᠠᠨ ᠨᠢᠭᠤᠬᠤ ᠭᠡᠵᠤ ᠠᠶᠤᠬᠤ ᠳᠠᠭᠠᠨ ᠪᠠᠷᠠᠭᠤᠨ  ᠬᠠᠭᠠᠯᠭᠠᠨ ᠤ ᠠᠷᠤ ᠪᠠᠷ ᠤᠷᠤᠵᠤ᠂ ᠡᠵᠢ ᠨᠢ ᠨᠤᠬᠤᠵᠤ ᠪᠠᠶᠢᠭᠰᠠᠨ ᠭᠤᠯᠢᠷ ᠢᠶᠠᠨ ᠴᠤ ᠰᠠᠯᠭᠠᠵᠤ ᠠᠮᠵᠢᠯ ᠦᠭᠡᠢ  ᠵᠠᠬᠦᠨ ᠬᠠᠭᠠᠯᠭᠠᠨ ᠠᠷᠤ ᠳᠤ ᠤᠷᠤᠵᠤ ᠪᠤᠯᠳᠠᠵᠠᠢ᠃             ᠬᠠᠷᠬᠢᠰ ᠬᠦᠤ ᠨᠢ ᠦᠵᠠᠮᠡᠭᠴᠠ᠄             — ᠠ ᠲᠠᠭᠡᠬᠦ ᠪᠤᠢ︕ ᠪᠢ ᠮᠦᠨ ᠮᠠᠳᠠᠵᠤ ᠪᠠᠶᠢᠭᠰᠠᠨ ᠶᠤᠮ ᠡ᠃ ᠡᠵᠠᠨ ᠨᠢ ᠡᠷᠭᠡᠨ ᠠᠴᠠ  ᠬᠤᠯᠠᠳᠤᠭ᠎ᠠ ᠦᠭᠡᠢ ᠪᠠᠷ ᠢᠡᠭᠬᠢᠵᠤ ᠭᠤᠯᠢᠷ ᠭᠤᠨᠳᠠᠰᠤᠨ ᠳᠤᠨᠢ ᠭᠠᠷ ᠲᠦᠷᠤᠵᠤ᠂ ᠬᠤᠳᠠ ᠲᠠᠢ ᠮᠠᠯ ᠳᠤᠨᠢ ᠬᠢᠳᠤᠭ᠎ᠠ  ᠰᠢᠭᠠᠨ᠎ᠠ ᠭᠡᠵᠤ ᠡᠨᠡ ᠳ᠋ᠠ ᠭᠡᠵᠤ ᠬᠠᠷᠢᠶᠠᠯ ᠲᠠᠯᠪᠢᠭᠰᠠᠭᠠᠷ ᠤᠷᠤᠵᠤ ᠢᠷᠠᠵᠠᠢ᠃ ᠬᠠᠯᠠᠳᠠᠭᠤᠯᠵᠤ ᠬᠠᠷᠢᠶᠠᠯ ᠢᠳᠠᠵᠤ  ᠲᠠᠷᠤᠯᠠᠭᠤᠯᠤᠭᠰᠠᠭᠠᠷ ᠪᠠᠶᠢᠵᠤ ᠠᠶᠤᠵᠤ ᠡᠮᠢᠶᠡᠭᠰᠠᠨ ᠬᠦᠭᠡᠷᠤᠬᠦᠢ ᠠᠪᠤ ᠡᠵᠢ ᠬᠤᠶᠠᠷ ᠨᠢ ᠲᠦᠭᠡ ᠬᠢᠷᠢᠭᠡᠨ ᠤᠯᠠᠭᠠᠨ  ᠨᠢᠯᠬ᠎ᠠ ᠠᠴᠠ ᠨᠢ ᠠᠶᠠᠨ ᠤ ᠠᠮᠢᠳᠤᠷᠠᠯ ᠤᠨ ᠬᠢᠨᠢ ᠲᠦᠷᠤᠭᠡ ᠶᠢ ᠢᠰᠬᠦᠯᠤᠬᠦᠯᠦᠭᠰᠠᠨ ᠲᠤᠮᠤ ᠡᠷ᠎ᠠ ᠪᠤᠯᠭᠠᠵᠤ  ᠦᠰᠭᠡᠴᠢᠭᠡᠭᠡᠤᠨ᠂ ᠤᠳᠤ ᠪᠤᠯᠬᠤ ᠳᠤ ᠰᠠᠭᠤᠬᠤ ᠪᠠᠶᠢᠬᠤ ᠪᠠᠨ ᠤᠯᠵᠤ ᠶᠠᠳᠠᠨ ᠪᠠᠶᠢᠬᠤ ᠨᠢ ᠦᠨᠠᠭᠡᠷ ᠰᠠᠨᠠᠭ᠎ᠠ  ᠵᠤᠪᠠᠭᠠᠮᠠᠷ ᠪᠠᠶᠢᠨ᠎ᠠ ᠭᠡᠨ᠎ᠠ᠃              ᠬᠦᠤ ᠳᠤᠨᠢ ᠭᠡᠨᠠᠤᠠᠳᠠ ᠲᠦᠯᠭᠡᠴᠢᠨ ᠤ ᠵᠠᠬᠢᠭᠰᠠᠨ ᠬᠤᠶᠠᠷ ᠪᠤᠷᠬᠠᠨ ᠪᠤᠳᠤᠭᠳᠠᠵᠤ ᠢᠷᠠᠳᠠᠯ᠎ᠠ᠂ ᠠᠪᠤ ᠨᠢ  ᠤᠯᠠᠭᠠᠨ ᠭᠠᠷ ᠲᠠᠢ᠂ ᠡᠵᠢ ᠨᠢ ᠴᠠᠭᠠᠨ ᠭᠠᠷ ᠲᠠᠢ ᠪᠠᠷᠠᠭᠤᠨ ᠵᠠᠬᠦᠨ ᠬᠠᠭᠠᠯᠭᠠᠨ ᠤ ᠪᠠᠨ ᠬᠤᠶᠠᠷ ᠲᠠᠯ᠎ᠠ ᠳᠤᠨᠢ  ᠮᠠᠭᠤᠬᠠᠢ ᠴᠢᠷᠠᠶᠢᠯᠠᠵᠤ ᠵᠤᠭᠰᠤᠵᠤ ᠪᠠᠶᠢᠭᠰᠠᠨ ᠳᠤ᠂ ᠬᠤᠶᠠᠷ ᠪᠤᠷᠬᠠᠨ ᠭᠡᠳᠡᠭ ᠨᠢ ᠠᠪᠤ ᠡᠵᠢ ᠬᠤᠶᠠᠷ ᠢ ᠨᠢ ᠭᠡᠯᠠᠵᠤ  ᠪᠠᠶᠢᠬᠤ ᠶᠢ ᠰᠠᠶ᠋ᠢ ᠮᠠᠳᠠᠵᠤ᠂ ᠪᠤᠷᠤᠭᠤ ᠪᠠᠨ ᠮᠠᠳᠠᠨ ᠰᠦᠬᠦᠷᠠᠨ ᠮᠦᠷᠬᠦᠵᠤ᠄             — ᠠᠴᠢᠳᠤ ᠠᠪᠤ ᠡᠵᠢ ᠬᠤᠶᠠᠷ ᠮᠢᠨᠢ ᠭᠤᠮᠤᠳᠠᠯ ᠢᠶᠠᠨ ᠲᠠᠶᠢᠯᠵᠤ᠂ ᠬᠢᠯᠢᠩ ᠢᠶᠠᠨ ᠠᠯᠳᠠᠷᠠᠭᠠᠵᠤ  ᠬᠠᠶᠢᠷᠠᠯᠠ︕ ᠭᠡᠵᠤ ᠭᠤᠶᠤᠵᠠᠢ᠃ ᠡᠵᠢ ᠠᠪᠤ ᠬᠤᠶᠠᠷ ᠨᠢ᠄             — ᠬᠦᠭᠡᠷᠤᠬᠦᠢ ᠮᠠᠭᠤ ᠬᠦᠤ ᠮᠢᠨᠢ ᠦᠨᠤ ᠯᠠ ᠢᠡᠭᠬᠢᠵᠤ ᠭᠡᠨᠠᠤᠡᠳᠠ ᠤᠬᠠᠭᠠᠷᠠᠵᠤ᠂ ᠠᠪᠤ  ᠡᠵᠢ ᠶᠢᠨ ᠢᠶᠠᠨ ᠠᠴᠢ ᠲᠤᠰᠠ ᠶᠢ ᠮᠠᠳᠠᠬᠦ ᠪᠤᠯᠵᠠᠢ ᠭᠡᠵᠤ ᠮᠠᠩᠨᠠᠢ ᠪᠠᠨ ᠲᠠᠨᠢᠢᠳᠠᠯ᠎ᠠ ᠪᠠᠶᠠᠷᠯᠠᠵᠤ ᠭᠡᠨ᠎ᠠ᠃              ᠡᠨᠡ ᠵᠠᠯᠠᠭᠤ ᠬᠤᠶᠠᠷ ᠬᠦᠭᠰᠢᠨ ᠢᠶᠠᠨ ᠠᠳᠠᠯᠠᠬᠤ ᠪᠠᠨ ᠲᠠᠭ ᠪᠠᠶᠢᠵᠤ᠂ ᠭᠤᠷᠪᠠᠭᠤᠯᠨ ᠪᠠᠨ ᠡᠪᠰᠡᠭ ᠰᠠᠶᠢᠬᠠᠨ  ᠠᠮᠢᠳᠤᠷᠠᠬᠤ ᠪᠤᠯᠵᠠᠢ᠃ ᠦᠨᠠᠭᠡᠷ ᠡᠬᠦᠨ ᠠᠴᠠ ᠬᠤᠶᠢᠰᠢ ᠡᠨᠡ ᠵᠠᠯᠠᠭᠤ ᠶᠢᠨ ᠶᠠᠭᠤ ᠪᠦᠬᠦᠨ ᠨᠢ ᠤᠭ ᠠᠴᠠ ᠪᠠᠨ  ᠦᠭᠡᠳᠠ ᠦᠡᠭᠭᠡ ᠲᠠᠢ ᠪᠤᠯᠵᠤ᠂ ᠦᠯᠵᠠᠢ ᠭᠡᠶᠢᠮᠤᠷᠢᠳᠠᠢ ᠶᠠᠪᠤᠵᠤ᠂ ᠭᠡᠷᠡᠭ ᠶᠠᠪᠤᠳᠠᠯ ᠪᠦᠬᠦᠨ ᠨᠢ ᠰᠠᠨᠠᠭ᠎ᠠ ᠪᠠᠷ ᠨᠢ  ᠪᠦᠳᠤᠳᠡᠭ ᠪᠤᠯᠵᠤ ᠭᠡᠨ᠎ᠠ᠃ ᠲᠠᠷᠨ ᠲᠦᠯᠭᠡ ᠦᠵᠠᠳᠡᠭ ᠯᠠᠮᠨ ᠭᠡᠳᠡᠭ ᠨᠢ ᠠᠷᠢᠶᠠᠪᠠᠯᠤ ᠪᠤᠷᠬᠠᠨ ᠪᠠᠶᠢᠭᠠᠤᠨ᠂  ᠤᠷᠴᠢᠯᠠᠩ ᠤᠨ ᠤᠯᠠᠨ ᠤ ᠨᠠᠰᠤᠳᠠᠨ ᠢᠶᠠᠨ ᠬᠦᠡᠳᠤᠯᠠᠬᠦ ᠦᠭᠡᠢ ᠪᠠᠶᠢᠬᠤ ᠮᠠᠭᠤ ᠮᠠᠭᠤᠬᠠᠢ ᠵᠠᠩᠰᠢᠯ ᠢ ᠵᠠᠰᠠᠵᠤ  ᠵᠠᠯᠬᠠᠭᠠᠬᠤ ᠭᠡᠵᠤ ᠮᠤᠷᠢᠯᠠᠵᠤ ᠪᠠᠶᠢᠭᠰᠠᠨ ᠪᠠᠶᠢᠵᠠᠢ᠃ ᠡᠨᠡ ᠲᠠᠯᠠᠭᠡᠢ ᠳᠤ ᠦᠷ᠎ᠠ ᠭᠡᠤᠭᠡᠤᠨ ᠨᠢ ᠡᠴᠢᠭᠡ ᠡᠭᠡ ᠪᠠᠨ  ᠭᠡᠳᠤᠢ ᠭᠤᠮᠤᠳᠠᠭᠠᠭᠰᠠᠨ ᠴᠤ ᠡᠵᠢ ᠠᠪᠤ ᠪᠤᠯᠤᠭᠰᠠᠨ ᠬᠦᠮᠤᠨ ᠴᠢᠨᠢ ᠵᠢᠭᠠᠬᠠᠨ ᠯᠠ ᠶᠠᠭᠤᠮᠠᠨ ᠲᠠᠭᠡᠷ᠎ᠠ ᠲᠤᠤᠷ᠎ᠠ ᠪᠠᠨ  ᠪᠠᠶᠠᠷᠯᠠᠵᠤ᠂ ᠦᠷ᠎ᠠ ᠰᠠᠳᠤᠨ ᠢᠶᠠᠨ ᠦᠷᠤ ᠡᠪᠠᠳᠤᠭᠡᠤᠨ᠂ ᠭᠤᠮᠤᠳᠠᠯ ᠨᠢ ᠲᠤᠤᠷ᠎ᠠ ᠨᠢ ᠠᠷᠢᠯᠴᠢᠬᠠᠭᠠᠤᠨ  ᠠᠭᠤᠴᠢᠯᠠᠵᠤ ᠶᠠᠪᠤᠳᠠᠭ ᠶᠤᠮ ᠪᠠᠶᠢᠵᠠᠢ᠃  ᠡᠬᠦᠨ ᠠᠴᠠ ᠬᠤᠶᠢᠰᠢ ᠠᠯᠠᠱᠠ ᠮᠤᠩᠭᠤᠯᠴᠤᠤᠨ ᠦᠷ᠎ᠠ ᠠᠴᠢᠷ ᠲᠠᠭᠠᠨ᠄             — ᠠᠪᠤ ᠡᠵᠢ ᠪᠠᠨ ᠭᠤᠮᠤᠳᠠᠭᠠᠵᠤ ᠪᠤᠯᠬᠤ ᠦᠭᠡᠢ ᠭᠡᠵᠤ ᠦᠶ᠎ᠠ ᠶᠢᠨ ᠦᠶ᠎ᠠ ᠳᠤ᠂ ᠦᠷ᠎ᠠ ᠶᠢᠨ  ᠦᠷ᠎ᠠ ᠳᠡᠭᠡᠨ ᠵᠠᠬᠢᠵᠤ ᠰᠤᠷᠭᠠᠵᠤ ᠶᠠᠪᠤᠳᠠᠭ ᠪᠤᠯᠵᠠᠢ᠃                  2005.1.2 ᠤᠨ ᠡᠳᠤᠷ ᠵᠢᠷᠠᠳᠠᠢ ᠪᠠᠯᠭᠠᠰᠤᠨ ᠤ ᠲᠦᠷᠪᠠᠳᠤᠭᠡᠷ ᠭᠠᠴᠠᠭᠠᠨ ᠤ ᠮᠠᠯᠴᠢᠨ ᠬᠠᠨᠳᠠᠵᠠᠪ  ᠭᠠᠨᠢᠶᠠ ︵ᠡᠮᠡᠭᠳᠡᠢ᠂ 73 ᠨᠠᠰᠤᠳᠠᠢ︶ ᠶᠠᠷᠢᠪᠠ                       ︵︽ᠠᠯᠠᠱᠠ ᠵᠡᠬᠦᠨ ᠬᠤᠰᠢᠭᠤᠨ ᠤ ᠠᠮᠠᠨ ᠥᠯᠢᠭᠡᠷ︾ ᠲᠡᠬᠦᠪᠤᠷᠢ ᠠᠴᠠ︶
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号