ᠡᠮᠨᠢᠭ ᠰᠤᠷᠭᠠᠬᠤ ᠪᠡ ᠵᠠᠶᠢᠳᠠᠯᠠᠬᠤ ᠶᠢᠨ ᠢᠯᠭᠠᠭ᠎ᠠ
ᠨᠡᠶᠢᠲᠡᠯᠡᠭᠰᠡᠨ ᠴᠠᠭ᠄
2017/3/1
                 ᠡᠮᠨᠢᠭ ᠰᠤᠷᠭᠠᠬᠤ ᠪᠡ ᠵᠠᠶᠢᠳᠠᠯᠠᠬᠤ ᠶᠢᠨ ᠢᠯᠭᠠᠭ᠎ᠠ                                                             ᠪᠠ᠊ · ᠪᠠᠯᠵᠤᠤᠷ              ᠮᠤᠩᠭᠤᠯ ᠭᠦᠮᠦᠨ ᠠᠯᠢ ᠡᠷᠳᠡ ᠠᠳᠤᠭᠤ ᠶᠢ ᠭᠠᠷᠰᠢᠭᠤᠯᠤᠨ ᠤᠨᠤᠯᠭ᠎ᠠ ᠡᠳ᠋ᠯᠡᠭᠡ ᠳᠤ ᠰᠤᠷᠭᠠᠬᠰᠠᠨ ᠳᠡᠤᠭᠡ ᠲᠠᠢ᠃ ᠮᠤᠩᠭᠤᠯᠴᠤᠳ ᠠᠳᠤᠭᠤ ᠶᠢ ᠤᠨᠤᠵᠤ ᠰᠤᠷᠭᠠᠬᠤ ᠳᠠᠭᠠᠨ ᠰᠢᠳᠦᠯᠡᠩ ᠪᠤᠶᠤ ᠭᠢᠵᠢᠶᠠᠯᠠᠩ ᠳᠤᠨᠢ ᠤᠨᠤᠵᠤ ᠰᠤᠷᠭᠠᠳᠠᠭ᠃ ᠡᠨᠡ ᠨᠠᠰᠤᠨ ᠳᠤᠨᠢ ᠤᠨᠤᠵᠤ ᠰᠤᠷᠭᠠᠪᠠᠯ ᠨᠤᠮᠤᠬᠠᠷᠠᠬᠤ ᠨᠢ ᠬᠤᠷᠳᠤᠨ᠂ ᠤᠨᠤᠰᠢ ᠰᠠᠶᠢᠳᠠᠢ᠂ ᠭᠦᠶᠦᠳᠡᠯ ᠲᠦᠷᠭᠡᠨ᠂ ᠠᠮᠠ ᠵᠦᠭᠡᠯᠡᠨ ᠰᠠᠶᠢᠬᠠᠨ ᠭᠦᠯᠦᠭ ᠪᠤᠯᠳᠠᠭ᠃ ᠭᠡᠷᠪᠡ ᠨᠠᠰᠤ ᠨᠢ ᠶᠡᠭᠡ ᠪᠤᠯᠤᠭᠠᠳ ᠰᠤᠷᠭᠠᠪᠠᠯ ᠤᠨᠤᠬᠤ ᠳᠤ ᠭᠦᠰᠢᠭᠦᠨ ᠳᠡᠭᠡᠷ᠎ᠡ ᠪᠠᠨ ᠤᠨᠤᠰᠢ ᠨᠢ ᠰᠠᠶᠢᠨ ᠴᠤᠭᠤᠷᠠᠬᠤ ᠦᠭᠡᠢ ᠭᠡᠵᠤ ᠠᠬᠠᠮᠠᠳ ᠳᠤᠮᠤᠭᠠᠳᠠᠳ ᠶᠠᠷᠢᠳᠠᠭ᠃            ᠡᠮᠨᠢᠭ ᠢ ᠤᠨᠤᠵᠤ ᠰᠤᠷᠭᠠᠬᠤ ᠳᠤ ᠮᠠᠰᠢ ᠠᠷᠪᠢᠨ ᠶᠠᠪᠤᠴᠠ ᠲᠠᠢ ᠪᠠᠶᠢᠳᠠᠭ᠃ ᠬᠠᠮᠤᠭ ᠳᠡᠷᠢᠭᠦᠨ ᠳᠤ ᠠᠳᠤᠭᠤᠨ ᠠᠴᠠ ᠪᠠᠷᠢᠬᠰᠠᠨ ᠡᠮᠨᠢᠭ ᠢᠶᠠᠨ ᠴᠢᠳᠤᠷᠯᠡᠵᠤ ᠰᠤᠷᠭᠠᠨ᠎ᠠ᠃ ᠠᠩᠬ᠎ᠠ ᠴᠢᠳᠦᠷᠯᠡᠭᠦ ᠳᠤ ᠡᠮᠨᠢᠭ ᠮᠤᠷᠢ ᠪᠡᠶ᠎ᠡ ᠶᠢᠨ ᠳᠡᠩᠴᠡᠭᠦᠷᠢ ᠪᠠᠨ ᠤᠯᠬᠤ ᠦᠭᠡᠢ ᠡᠮᠦᠨᠡᠰᠢ ᠪᠠᠨ ᠭᠤᠳᠤᠷᠠᠵᠤ ᠤᠢᠢᠴᠢᠭᠠᠳ ᠶᠠᠪᠤᠵᠤ ᠴᠢᠳᠠᠳᠠᠭ ᠦᠭᠡᠢ᠃ ᠡᠨᠡ ᠦᠶ᠎ᠡ ᠳᠤ ᠰᠡᠭᠦᠯ ᠠᠴᠠ ᠨᠢ ᠠᠷᠤᠬᠰᠢ ᠪᠠᠨ ᠳᠠᠳᠠᠪᠠᠯ ᠳᠤᠤᠷ᠎ᠠ ᠪᠠᠨ ᠳᠡᠩᠴᠡᠭᠦᠷᠢ ᠪᠠᠨ ᠤᠯᠴᠢᠬᠠᠳᠠᠭ᠃ ᠤᠨᠤᠵᠤ ᠰᠤᠷᠭᠠᠬᠤ ᠳᠠᠭᠠᠨ ᠵᠠᠪᠠᠯ ᠬᠤᠶᠠᠷ ᠴᠢᠭᠢ ᠠᠴᠠ ᠨᠢ ᠴᠢᠭᠢᠳᠤᠳᠡᠭ᠂ ᠢᠡᠭᠭᠢᠪᠡᠯ ᠬᠤᠵᠢᠮ ᠳᠤᠯᠤᠭᠠᠢ ᠳᠠᠭᠠᠨ ᠭᠡᠨᠭᠳᠡᠭ ᠦᠭᠡᠢ ᠪᠤᠯᠳᠠᠭ ᠭᠡᠵᠤ ᠭᠡᠯᠡᠳᠡᠭ᠃ ᠨᠢᠭᠡ ᠭᠦᠮᠦᠨ ᠡᠮᠨᠢᠭ ᠢᠶᠠᠨ ᠴᠢᠭᠢᠳᠤᠵᠤ᠂ ᠨᠢᠭᠡ ᠭᠦᠮᠦᠨ ᠨᠤᠬᠳᠤᠯᠤᠨ ᠬᠠᠵᠠᠭᠠᠷᠯᠠᠵᠤ ᠡᠮᠡᠭᠡᠯᠯᠡᠨ᠂ ᠡᠮᠡᠭᠡᠯ ᠤᠨ ᠤᠯᠤᠩ ᠢᠶᠠᠨ ᠵᠤᠭᠢᠬᠤ ᠭᠡᠮᠵᠢᠶ᠎ᠡ ᠲᠠᠢ ᠴᠢᠩᠭᠠᠯᠠᠵᠤ ᠴᠢᠳᠦᠷ ᠢᠶᠠᠨ ᠠᠪᠴᠤ᠂ ᠨᠤᠬᠳᠤᠨ ᠤ ᠪᠠᠨ ᠴᠤᠯᠪᠤᠭᠤᠷ ᠤᠨ ᠦᠵᠦᠭᠦᠷ ᠲᠤ ᠵᠠᠯᠭᠠᠨ ᠡᠮᠨᠢᠭ ᠢᠶᠠᠨ ᠡᠮᠡᠭᠡᠯ ᠲᠠᠢ ᠨᠢ ᠳᠦᠢᠯᠠᠭᠤᠯᠳᠠᠭ᠃ ᠡᠭᠦᠨ ᠢ ᠪᠠᠨ ᠴᠠᠩᠬ᠎ᠠ ᠶᠢ ᠨᠢ ᠭᠠᠷᠭᠠᠵᠤ ᠪᠠᠶᠢᠨ᠎ᠠ ᠭᠡᠳᠡᠭ᠃ ᠭᠡᠷᠪᠡ ᠢᠡᠭᠭᠢᠵᠤ ᠪᠤᠯᠭᠢᠭᠤᠯᠤᠨ ᠳᠦᠢᠯᠠᠭᠤᠯᠬᠤ ᠦᠭᠡᠢ ᠰᠢᠭᠤᠳ ᠤᠨᠤᠪᠠᠯ ᠵᠠᠷᠢᠮ ᠭᠡᠳᠡᠷ ᠡᠮᠨᠢᠭ ᠮᠤᠷᠢ ᠰᠢᠭᠤᠳ ᠰᠠᠪᠠᠵᠤ ᠤᠨᠠᠳᠠᠭ᠃ ᠡᠭᠢᠯᠡᠵᠤ ᠤᠨᠤᠬᠤ ᠳᠤ ᠠᠮᠠ ᠪᠠᠨ ᠤᠯᠬᠤ ᠦᠭᠡᠢ ᠪᠤᠯᠬᠤᠷ ᠮᠤᠷᠢ ᠲᠠᠢ ᠭᠦᠮᠦᠨ ᠡᠮᠤᠨ᠎ᠡ ᠨᠢ ᠳᠠᠭᠠᠭᠤᠯᠤᠨ ᠶᠠᠪᠤᠬᠤ ᠪᠤᠶᠤ ᠠᠷᠤ ᠠᠴᠠ ᠨᠢ ᠭᠦᠭᠡᠭᠡᠵᠤ ᠠᠩᠬᠠᠨ ᠤ ᠤᠨᠤᠯᠭ᠎ᠠ ᠪᠠᠨ ᠭᠦᠢᠴᠡᠭᠡᠳᠡᠭ᠃ ᠡᠮᠨᠢᠭ ᠤᠨ ᠳᠤᠯᠤᠭᠠᠢ ᠪᠡ ᠴᠠᠪᠢ ᠤᠷᠤᠭᠤ ᠳᠠᠰᠢᠭᠤᠷᠳᠠᠬᠤ ᠪᠤᠶᠤ ᠴᠢᠴᠢᠭᠦ ᠶᠢ ᠴᠡᠭᠡᠷᠯᠡᠨ᠎ᠡ᠃ ᠳᠤᠯᠤᠭᠠᠢ ᠶᠢ ᠨᠢ ᠳᠠᠰᠢᠭᠤᠷᠳᠠᠪᠠᠯ ᠠᠳᠤᠭᠤᠨ ᠤ ᠭᠡᠶᠢᠮᠤᠷᠢ ᠭᠡᠪᠳᠡᠵᠤ᠂ ᠴᠠᠪᠢ ᠤᠷᠤᠭᠤ ᠨᠢ ᠴᠢᠴᠢᠪᠡᠯ ᠴᠢᠳᠠᠯ ᠪᠠᠷᠢᠳᠠᠯ ᠦᠭᠡᠢ ᠪᠤᠯᠵᠤ ᠬᠤᠯᠠ ᠶᠢᠨ ᠵᠠᠮ ᠳᠤ ᠳᠠᠭᠠᠭᠠᠴᠠ ᠦᠭᠡᠢ ᠪᠤᠯᠤᠨ᠎ᠠ ᠭᠡᠵᠤ ᠭᠡᠯᠡᠳᠡᠭ᠃ ᠰᠠᠶ᠋ᠢ ᠰᠤᠷᠭᠠᠵᠤ ᠪᠠᠶᠢᠭ᠎ᠠ ᠪᠤᠯᠬᠤᠷ ᠬᠤᠯᠠ ᠶᠠᠪᠤᠬᠤ ᠦᠭᠡᠢ ᠪᠠᠶᠢᠵᠤ᠂ ᠬᠤᠶᠠᠷ ᠭᠤᠷᠪᠠᠨ ᠭᠠᠵᠠᠷ ᠭᠢᠷᠢᠳᠠᠢ ᠶᠠᠪᠤᠵᠤ ᠭᠦᠯᠦᠰᠦ ᠶᠢ ᠨᠢ ᠭᠠᠷᠭᠠᠨ ᠢᠷᠡᠵᠤ᠂ ᠬᠤᠷᠤᠭ᠎ᠠ ᠬᠠᠰᠢᠶᠠᠨ ᠠᠴᠠ ᠵᠠᠶᠢᠳᠠᠢ ᠤᠶᠠᠭᠠᠨ ᠳᠤ ᠤᠶᠠᠨ᠎ᠠ ᠃ ᠤᠶᠠᠬᠤ ᠳᠠᠭᠠᠨ ᠨᠤᠬᠳᠤᠨ ᠤ ᠴᠤᠯᠪᠤᠭᠤᠷ ᠢ ᠤᠶᠠᠭᠠᠨ ᠳᠤ ᠳᠠᠩ ᠤᠷᠢᠶᠠᠵᠤ ᠭᠦᠵᠦᠭᠦᠦ ᠪᠠᠷ ᠨᠢ ᠤᠶᠠᠳᠠᠭ᠃ ᠡᠨᠡ ᠨᠢ ᠡᠮᠨᠢᠭ ᠮᠤᠷᠢ ᠤᠶᠠᠭ᠎ᠠ ᠪᠠᠨ ᠳᠤᠭᠤᠷᠢᠵᠤ ᠪᠠᠶᠢᠭᠠᠳ ᠪᠤᠭᠤᠵᠤ ᠦᠭᠦᠭᠦ ᠠᠴᠠ ᠰᠡᠷᠭᠡᠶᠢᠯᠡᠵᠤ ᠪᠠᠶᠢᠭ᠎ᠠ ᠶᠤᠮ᠃ ᠭᠦᠯᠦᠰᠦ ᠶᠢ ᠨᠢ ᠰᠠᠶᠢᠨ ᠰᠡᠪᠡᠭᠡᠭᠡᠳ ᠡᠮᠡᠭᠡᠯ ᠢ ᠨᠢ ᠬᠠᠭᠤᠯᠬᠤ ᠦᠭᠡᠢ ᠪᠤᠯ ᠵᠢᠯᠪᠢᠩ ᠪᠤᠶᠤ ᠴᠤᠤ ᠡᠪᠡᠳᠴᠢᠨ ᠤᠯᠬᠤ ᠠᠶᠤᠯᠳᠠᠢ᠃           ᠡᠮᠨᠢᠭ ᠢ ᠶᠡᠷᠦᠳᠡᠭᠡᠨ 3 ᠳ᠋ᠤᠭᠠᠷ ᠰᠠᠷ᠎ᠠ ᠶᠢᠨ ᠰᠡᠭᠦᠯᠴᠢ ᠠᠴᠠ 4 ᠳ᠋ᠤᠭᠡᠷ ᠰᠠᠷ᠎ᠠ ᠶᠢᠨ ᠬᠤᠭᠤᠷᠤᠨᠳᠤ ᠰᠤᠷᠭᠠᠨ᠎ᠠ᠃ ᠡᠨᠡ ᠦᠶ᠎ᠡ ᠪᠤᠯ ᠰᠠᠯᠭᠢ ᠭᠦᠢᠳᠡᠨ ᠤ ᠡᠷᠴᠢ ᠢᠳᠡᠭ ᠢᠳᠡᠭ ᠢᠶᠠᠷ ᠪᠠᠭᠤᠷᠠᠵᠤ ᠤᠷᠢᠨ ᠲᠤᠯᠠᠭᠠᠨ ᠤ ᠦᠶ᠎ᠡ ᠡᠭᠢᠯᠡᠵᠤ ᠪᠠᠶᠢᠭ᠎ᠠ ᠪᠤᠯᠬᠤᠷ ᠡᠪᠡᠳᠴᠢᠨ ᠭᠡᠮ ᠤᠯᠬᠤ ᠨᠢ ᠴᠦᠭᠡᠨ ᠪᠠᠶᠢᠳᠠᠭ᠃ ᠵᠤᠨ ᠨᠤᠭᠤᠭᠠᠨ ᠳᠤ ᠴᠡᠳᠤᠬᠰᠠᠨ ᠤ ᠳᠠᠷᠠᠭ᠎ᠠ ᠰᠤᠷᠭᠠᠪᠠᠯ ᠠᠮᠠᠷᠬᠠᠨ ᠵᠦᠡᠭᠰᠢᠷᠡᠳᠡᠭ ᠦᠭᠡᠢ ᠪᠦᠭᠡᠳ ᠭᠦᠯ ᠨᠢ ᠴᠢᠳᠤᠷ ᠲᠡᠭᠡᠨ ᠨᠢᠯᠳᠤᠷᠠᠵᠤ ᠰᠢᠯᠪᠤᠷᠠᠭᠠᠳ ᠮᠠᠭᠤ ᠪᠠᠶᠢᠳᠠᠭ᠃ ᠭᠡᠪᠡᠴᠤ ᠭᠠᠵᠠᠷ ᠭᠠᠵᠠᠷ ᠤᠨ ᠠᠭᠤᠷ ᠠᠮᠢᠰᠬᠤᠯ᠂ ᠤᠷᠴᠢᠨ ᠳᠤᠭᠤᠷᠢᠨ ᠤ ᠵᠦᠷᠢᠶ᠎ᠡ ᠠᠴᠠ ᠪᠤᠯᠵᠤ ᠡᠮᠨᠢᠭ ᠰᠤᠷᠭᠠᠬᠤ ᠴᠠᠭ ᠤᠨ ᠳᠠᠯ᠎ᠠ ᠪᠠᠷ ᠮᠦᠨ ᠨᠡᠯᠢᠶᠡᠳ ᠵᠦᠷᠢᠶᠡᠨ ᠲᠠᠢ ᠪᠠᠶᠢᠳᠠᠭ᠃ ᠤᠳᠤ ᠮᠠᠯᠵᠢᠬᠤ ᠤᠷᠤᠨ ᠳᠤ ᠠᠳᠤᠭᠤ ᠴᠦᠭᠡᠷᠡᠭᠰᠡᠨ ᠠᠴᠠ ᠡᠮᠨᠢᠭ ᠰᠤᠷᠭᠠᠵᠤ ᠡᠳ᠋ᠯᠡᠭᠦ ᠶᠠᠪᠤᠳᠠᠯ ᠳᠡᠮᠡᠢ ᠬᠠᠷᠠᠬᠳᠠᠬᠤ ᠦᠭᠡᠢ ᠪᠤᠯᠵᠤ᠂ ᠡᠨᠡ ᠨᠢᠭᠡᠨ ᠵᠠᠩ ᠦᠢᠯᠡ ᠠᠭᠠᠵᠢᠮ ᠢᠶᠠᠷ ᠭᠡᠭᠡᠭᠳᠡᠨ ᠤᠷᠭᠢᠬᠳᠠᠵᠤ ᠪᠤᠢ᠃           ᠤᠳᠤ ᠭᠠᠵᠠᠷ ᠪᠤᠯᠭᠠᠨ ᠳᠤ ᠠᠳᠤᠭᠤᠨ ᠰᠤᠶᠤᠯ ᠤᠨ ᠨᠠᠶᠢᠷ ᠨᠠᠭᠠᠳᠤᠮ ᠡᠷᠭᠢᠯᠡᠨ ᠡᠮᠨᠢᠭ ᠰᠤᠷᠭᠠᠵᠤ ᠪᠠᠶᠢᠨ᠎ᠠ ᠭᠡᠳᠡᠭ ᠪᠤᠯᠪᠠᠴᠤ ᠡᠨᠡ ᠨᠢ ᠡᠮᠨᠢᠭ ᠰᠤᠷᠭᠠᠵᠤ ᠪᠠᠶᠢᠭ᠎ᠠ ᠪᠢᠰᠢ ᠬᠠᠷᠢᠨ ᠰᠤᠯᠡ ᠡᠮᠨᠢᠭ ᠵᠠᠶᠢᠳᠠᠯᠠᠵᠤ ᠪᠠᠶᠢᠨ᠎ᠠ ᠭᠡᠪᠡᠯ ᠨᠡᠩ ᠤᠨᠤᠪᠴᠢᠳᠠᠢ᠃ ᠳᠡᠤᠭᠡᠨ ᠠᠴᠠ ᠠᠪᠤᠭᠠᠳ ᠮᠠᠨ ᠤ ᠮᠤᠩᠭᠤᠯᠴᠤᠳ ᠡᠮᠨᠢᠭ ᠰᠤᠷᠭᠠᠬᠤ ᠳᠠᠭᠠᠨ ᠤᠶᠠᠵᠤ ᠴᠢᠳᠦᠷᠯᠡᠨ᠂ ᠡᠮᠡᠭᠡᠯ ᠳᠤᠬᠤᠨ ᠤᠨᠤᠵᠤ ᠰᠤᠷᠭᠠᠳᠠᠭ ᠠᠴᠠ ᠪᠢᠰᠢ ᠬᠠᠷᠢᠨ ᠨᠤᠬᠳᠤ ᠴᠤᠯᠪᠤᠭᠤᠷ ᠦᠭᠡᠢ᠂ ᠡᠮᠡᠭᠡᠯ ᠬᠠᠵᠠᠭᠠᠷ ᠦᠭᠡᠢ ᠰᠤᠷᠭᠠᠳᠠᠭ ᠶᠠᠪᠤᠳᠠᠯ ᠶᠡᠷᠤᠨᠢ ᠪᠠᠶᠢᠭ᠎ᠠ ᠦᠭᠡᠢ ᠶᠤᠮ᠃ ᠳᠡᠶᠢᠮᠤ ᠠᠴᠠ ᠡᠮᠨᠢᠭ ᠰᠤᠷᠭᠠᠬᠤ ᠪᠡ ᠡᠮᠨᠢᠭ ᠵᠠᠶᠢᠳᠠᠯᠠᠬᠤ ᠶᠢᠨ ᠢᠯᠭᠠᠭ᠎ᠠ ᠶᠢ ᠵᠦᠪ ᠳᠠᠨᠢᠵᠤ᠂ ᠡᠮᠨᠢᠭ ᠰᠤᠷᠭᠠᠬᠤ ᠪᠤᠯᠤᠨ ᠡᠮᠨᠢᠭ ᠵᠠᠶᠢᠳᠠᠯᠠᠬᠤ ᠶᠢ ᠬᠤᠳᠬᠤᠯᠳᠤᠭᠤᠯᠬᠤ ᠦᠭᠡᠢ ᠪᠠᠶᠢᠪᠠᠯ ᠵᠤᠭᠢᠨ᠎ᠠ᠃ ᠭᠡᠷᠪᠡ ᠡᠨᠡ ᠬᠤᠶᠠᠷ ᠢ ᠬᠤᠭᠤᠷᠤᠨᠳᠤ ᠨᠢ ᠬᠤᠳᠬᠤᠯᠳᠤᠭᠤᠯᠪᠠᠯ ᠡᠮᠨᠢᠭ ᠰᠤᠷᠭᠠᠬᠤ ᠵᠠᠩ ᠦᠢᠯᠡ ᠪᠠᠨ ᠪᠤᠰᠤᠳ ᠲᠤ ᠪᠤᠷᠤᠭᠤ ᠳᠠᠨᠢᠭᠤᠯᠬᠤ ᠪᠠᠷ ᠪᠠᠷᠠᠬᠤ ᠦᠭᠡᠢ᠂ ᠦᠷ᠎ᠡ ᠬᠤᠶᠢᠴᠢᠰ ᠲᠠᠭᠠᠨ ᠴᠤ ᠪᠤᠷᠤᠭᠤ ᠪᠠᠷ ᠤᠯᠠᠮᠵᠢᠯᠠᠬᠤ ᠪᠤᠯᠤᠨ᠎ᠠ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠤᠨᠢᠨ ᠤ ᠠᠯᠪᠠᠨ ᠪᠥᠷᠭᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号