ᠰᠢᠯᠢ ᠶᠢᠨ ᠭᠤᠣᠯ ᠠᠶᠢᠮᠠᠭ ᠤᠨ ᠠᠪᠠᠭᠠᠨᠠᠷ ᠨᠤᠲᠤᠭ ᠤᠨ ᠱᠠᠭ᠎ᠠ ᠨᠠᠭᠠᠳᠬᠤ ᠶᠣᠰᠣᠨ
ᠨᠡᠶᠢᠲᠡᠯᠡᠭᠰᠡᠨ ᠴᠠᠭ᠄
2017/3/1
        ᠱᠠᠭ᠎ᠠ ᠨᠠᠭᠠᠳᠤᠮ ᠪᠣᠯ ᠮᠣᠩᠭᠤᠯᠴᠤᠳ ᠤᠨ ᠡᠷᠲᠡ ᠳᠡᠭᠡᠳᠦ ᠦᠶ᠎ᠡ ᠠᠴᠠ ᠪᠠᠨ ᠥᠪᠯᠡᠵᠦ ᠢᠷᠡᠭᠰᠡᠨ ᠵᠤᠭ᠎ᠠ ᠴᠡᠩᠭᠡᠯ᠂ ᠲᠠᠮᠢᠷ ᠤᠷᠠᠯᠢᠭ ᠬᠤᠣᠰᠯᠠᠭᠰᠠᠨ ᠦᠨᠳᠦᠰᠦᠲᠠᠨ ᠤ ᠥᠪᠡᠷᠮᠢᠴᠠ ᠣᠨᠴᠠᠯᠢᠭ ᠲᠠᠢ᠂ ᠲᠡᠦᠬᠡᠲᠦ ᠦᠨ᠎ᠡ ᠥᠷᠲᠡᠭ ᠲᠠᠢ ᠰᠣᠳᠣᠨ ᠭᠠᠶᠢᠬᠠᠮᠰᠢᠭ ᠥᠪ ᠰᠣᠶᠣᠯ ᠶᠤᠮ᠃ ᠱᠠᠭ᠎ᠠ ᠨᠠᠭᠠᠳᠤᠮ ᠨᠢ ᠠᠶᠢᠯ ᠠᠶᠢᠮᠠᠭ ᠤᠨ ᠬᠠᠷᠢᠯᠴᠠᠭ᠎ᠠ ᠶᠠᠪᠤᠯᠴᠠᠭ᠎ᠠ ᠡᠪ ᠨᠠᠶᠢᠷ ᠢ ᠵᠤᠵᠠᠭᠠᠳᠬᠠᠵᠤ ᠠᠬ᠎ᠠ ᠳᠡᠭᠦᠦ ᠠᠨᠳᠠ ᠨᠠᠶᠢᠵᠠ ᠶᠢᠨ ᠤᠷᠮ᠎ᠠ  ᠪᠠᠬ᠎ᠠ ᠶᠢ ᠰᠡᠷᠭᠦᠭᠡᠵᠦ᠂ ᠤᠬᠠᠭᠠᠨ ᠰᠠᠨᠠᠭ᠎ᠠ ᠶᠢ ᠰᠠᠷᠠᠭᠤᠯᠵᠢᠭᠤᠯᠵᠤ᠂ ᠤᠷᠠᠨ ᠰᠡᠳᠬᠢᠮᠵᠢ ᠶᠢ  ᠬᠥᠭᠵᠢᠭᠡᠳᠡᠭ᠂ ᠨᠠᠰᠤᠲᠠᠨ ᠨᠢᠯᠬ᠎ᠠ ᠢᠯᠭᠠᠯ ᠦᠭᠡᠢ ᠨᠠᠭᠠᠳᠳᠠᠭ ᠠᠮᠢᠳᠤᠷᠠᠯ  ᠳᠤ ᠬᠢᠵᠠᠭᠠᠯᠠᠰᠢ ᠦᠭᠡᠢ ᠬᠠᠪᠤ ᠴᠡᠩᠭᠡᠯ ᠢ ᠣᠯᠭᠤᠳᠠᠭ ᠣᠯᠠᠨ ᠲᠦᠮᠡᠨᠴᠢ ᠲᠠᠮᠢᠷ ᠤᠷᠠᠯᠢᠭ ᠤᠨ ᠲᠣᠭᠯᠠᠭᠠᠮ ᠶᠤᠮ᠃  ᠪᠡᠶᠢᠰᠡ ᠶᠢᠨ ᠰᠥᠮ᠎ᠡ ᠪᠣᠯ ᠤᠤᠯ ᠤᠨ ᠠᠪᠠᠭᠠᠨᠠᠷ ᠬᠤᠰᠢᠭᠤᠨ ᠤ ᠤᠯᠤᠰ ᠲᠥᠷᠥ᠂ ᠠᠵᠤ ᠠᠬᠤᠢ᠂ ᠰᠣᠶᠣᠯ ᠰᠤᠷᠭᠠᠨ ᠬᠦᠮᠦᠵᠢᠯ᠂ ᠲᠠᠮᠢᠷ ᠤᠷᠠᠯᠢᠭ ᠤᠨ ᠲᠥᠪ ᠪᠠᠶᠢᠭᠰᠠᠨ ᠪᠣᠯᠬᠤᠷ ᠪᠡᠶᠢᠰᠡ ᠶᠢᠨ ᠰᠥᠮ᠎ᠡ ᠶᠢᠨ ᠮᠠᠮᠠ ᠨᠠᠷ ᠤᠨ ᠱᠠᠭ᠎ᠠ ᠨᠢᠰᠠᠯᠬᠤ ᠶᠣᠰᠤ ᠭᠤᠷᠢᠮ ᠨᠢ ᠴᠦ ᠤᠤᠯ  ᠤᠨ ᠠᠪᠠᠭᠠᠨᠠᠷ ᠬᠤᠰᠢᠭᠤᠨ ᠤ ᠣᠳᠣ ᠶᠢᠨ ᠰᠢᠯᠢᠩᠬᠤᠲᠠ ᠶᠢᠨ ᠱᠠᠭ᠎ᠠ ᠨᠢᠰᠠᠯᠭ᠎ᠠ ᠶᠢᠨ ᠭᠤᠣᠯ ᠴᠢᠮᠦᠭᠡ ᠪᠣᠯᠬᠤ ᠶᠣᠰᠣᠲᠠᠢ ᠮᠥᠷᠲᠡᠭᠡᠨ ᠮᠥᠨᠴᠤ ᠣᠳᠣ ᠶᠢᠨ ᠰᠢᠯᠢ ᠶᠢᠨ ᠭᠤᠣᠯ ᠠᠶᠢᠮᠠᠭ ᠤᠨ ᠱᠠᠭ᠎ᠠ ᠨᠢᠰᠠᠯᠭ᠎ᠠ ᠶᠢᠨ ᠲᠥᠪ ᠣᠷᠣᠨ ᠪᠣᠯᠬᠤ ᠶᠣᠰᠣᠲᠠᠢ᠃ ᠪᠡᠶᠢᠰᠡ ᠶᠢᠨ ᠰᠥᠮ᠎ᠡ ᠶᠢᠨ ᠮᠠᠮᠠ ᠨᠠᠷ ᠤᠨ ᠳᠣᠲᠤᠷ᠎ᠠ ᠱᠠᠭ᠎ᠠ ᠰᠠᠶᠢᠨ ᠨᠢᠰᠠᠯᠳᠠᠭ ᠮᠠᠮᠠ ᠨᠠᠷ ᠣᠯᠠᠨ ᠪᠠᠶᠢᠯ᠎ᠠ ᠭᠡᠵᠤ ᠨᠠᠰᠤᠲᠠᠶᠢᠴᠤᠤᠯ ᠬᠠᠭᠤᠴᠢᠯᠠᠵᠤ ᠪᠠᠶᠢᠨ᠎ᠠ᠂ ᠣᠳᠣ ᠶᠢᠨ ᠰᠢᠯᠢᠨᠬᠤᠲᠠ ᠶᠢᠨ ᠪᠣᠯᠭᠠᠨ ᠰᠤᠮᠤᠨ ᠤ ᠰᠢᠷᠠᠲᠠᠯ᠎ᠠ ᠭᠠᠴᠠᠭᠠᠨ ᠤ ᠨᠠᠶᠠᠨ ᠭᠡᠳᠤᠲᠠᠢ ᠵᠢᠪᠵᠢᠮ᠎ᠠ ᠡᠵᠢ ᠶᠠᠷᠢᠬᠤ ᠳᠠᠭᠠᠨ᠄ ︿︿ᠴᠣᠶᠢᠷᠠᠪ᠂ ᠨᠢᠩᠵᠢᠳ᠂ ᠵᠠᠮᠢᠶᠠᠨᠵᠢᠮᠪᠢ ᠨᠠᠷ ᠪᠣᠯ ᠵᠢᠷᠠᠨ ᠱᠠᠭ᠎ᠠ ᠶᠢ ᠨᠢᠭᠡ ᠡᠭᠡᠯᠵᠢᠨ ᠳᠤ ᠬᠠᠷᠪᠤᠭᠠᠳ ᠪᠠᠷᠠᠴᠢᠬᠠᠳᠠᠭ ᠰᠠᠶᠢᠨ ᠬᠠᠷᠪᠤᠭᠠᠴᠢ ᠪᠠᠶᠢᠭᠰᠠᠨ﹀﹀ ᠭᠡᠵᠤ ᠬᠠᠭᠤᠴᠢᠯᠠᠵᠤ ᠪᠠᠶᠢᠯ᠎ᠠ᠃  ᠬᠠᠷᠠᠮᠰᠠᠯᠲᠠᠢ ᠨᠢ ᠲᠡᠳᠡᠭᠡᠷ ᠰᠣᠳᠣ ᠬᠦᠮᠦᠰ ᠤᠨ ᠢᠶᠠᠨ ᠨᠢᠰᠠᠯᠬᠤ ᠠᠷᠭ᠎ᠠ ᠮᠡᠷᠭᠡᠵᠢᠯ᠂ ᠤᠬᠠᠭᠠᠨ ᠰᠠᠮᠪᠠᠭ᠎ᠠ ᠶᠢ ᠨᠢ ᠰᠤᠷᠴᠦ ᠡᠵᠡᠮᠰᠢᠵᠤ ᠠᠪᠤᠭᠰᠠᠨ ᠬᠦᠮᠦᠨ ᠲᠤᠩ ᠴᠥᠬᠡᠨ ᠪᠠᠶᠢᠵᠠᠢ᠃ ᠨᠡᠩ ᠴᠦ ᠳᠡᠭᠡᠷ᠎ᠡ ᠵᠠᠭᠤᠨ ᠤ ᠲᠠᠪᠢ ᠵᠢᠷᠠᠭᠠᠳ ᠣᠨ ᠳᠤ ᠲᠡᠤᠬᠡ ᠶᠢᠨ ᠣᠯᠠᠨ ᠵᠦᠢᠯ ᠤᠨ ᠰᠢᠯᠲᠠᠭᠠᠨ ᠠᠴᠠ ᠪᠣᠯᠵᠤ ᠰᠠᠭ᠎ᠠ ᠲᠣᠭᠯᠠᠭᠠᠮ ᠨᠠᠭᠠᠳᠳᠠᠭ ᠬᠦᠮᠦᠨ ᠲᠤᠩ ᠴᠥᠬᠡᠷᠡᠭᠰᠡᠨ ᠪᠠᠶᠢᠯ᠎ᠠ᠃ ᠳᠡᠭᠡᠷ᠎ᠡ ᠵᠠᠭᠤᠨ ᠤ ᠨᠠᠶᠠ ᠶᠡᠷᠡᠭᠡᠳ ᠣᠨ ᠭᠡᠬᠦ ᠳᠤ ᠬᠠᠷᠢᠨ ᠨᠡᠯᠢᠶᠡᠳ ᠨᠠᠭᠠᠳᠬᠤ ᠪᠠᠶᠢᠳᠠᠯ ᠲᠠᠢ ᠪᠣᠯᠣᠭᠰᠠᠨ ᠪᠠᠶᠢᠨ᠎ᠠ᠃ ᠱᠠᠭ᠎ᠠ ᠲᠣᠭᠯᠠᠭᠠᠮ ᠳᠤ ᠣᠯᠠᠨ ᠵᠦᠢᠯ ᠪᠠᠶᠢᠳᠠᠭ ᠮᠥᠷᠲᠡᠭᠡᠨ ᠭᠠᠵᠠᠷ ᠭᠠᠵᠠᠷ ᠤᠨ ᠨᠠᠭᠠᠳᠬᠤ ᠠᠷᠭ᠎ᠠ ᠬᠡᠯᠪᠡᠷᠢ ᠠᠰ ᠠᠰᠳᠠᠭᠠᠨ᠂ ᠲᠥᠷᠥᠯ ᠵᠦᠢᠯ ᠴᠦ ᠣᠨᠳᠣᠣ ᠣᠨᠳᠣᠣ ᠪᠠᠶᠢᠳᠠᠭ ᠪᠠᠶᠢᠨ᠎ᠠ᠃ ᠰᠢᠯᠢ ᠶᠢᠨ ᠬᠤᠲᠠ ᠳᠤ ᠰᠢᠬ᠎ᠠ ᠬᠠᠷᠪᠤᠬᠤ᠂ ᠱᠠᠭ᠎ᠠ ᠨᠢᠰᠠᠯᠬᠤ᠂ ᠳᠣᠯᠣᠭᠠᠨ ᠳᠤᠭᠤᠢ ᠨᠠᠭᠠᠳᠬᠤ᠂ ᠱᠠᠭ᠎ᠠ ᠲᠠᠭᠠᠯᠴᠠᠬᠤ᠂  ᠮᠥᠩᠬᠦᠵᠢᠬᠦ①᠂ ᠮᠣᠷᠢ ᠤᠷᠤᠯᠳᠤᠬᠤ᠂ ᠰᠢᠨ᠎ᠡ ᠵᠢᠯ ᠰᠢᠨ᠎ᠡ ᠶᠢᠨ ᠨᠢᠭᠡᠨ ᠳᠤ ᠠᠷᠪᠠᠨ ᠭᠤᠷᠪᠠᠨ ᠮᠣᠷᠢ ᠱᠠᠭ᠎ᠠ ᠪᠠᠷ ᠬᠡᠶᠢᠮᠣᠷᠢ ᠰᠢᠨᠵᠢᠬᠦ ᠵᠡᠷᠭᠡ ᠨᠠᠭᠠᠳᠤᠮ ᠢ ᠢᠯᠡᠭᠦᠦ ᠰᠢᠭ ᠨᠠᠭᠠᠳᠳᠠᠭ ᠪᠠᠶᠢᠨ᠎ᠠ᠃ ᠨᠠᠰᠤᠲᠠᠶᠢᠴᠤᠳ ᠤᠨ ᠬᠠᠭᠤᠴᠢᠯᠠᠬᠤ ᠪᠠᠷ ᠳᠡᠭᠡᠷ᠎ᠡ ᠵᠠᠭᠤᠨ ᠤ ᠳᠥᠴᠢ ᠲᠠᠪᠢᠭᠠᠳ ᠣᠨ ᠳᠤ ᠣᠨᠣᠳᠠᠭ ᠢ ︵ᠵᠠᠷᠢᠮ ᠭᠠᠵᠠᠷ ᠪᠠᠰᠠ ᠰᠡᠮᠪᠡᠭ ᠭᠡᠳᠡᠭ︶ ᠪᠠᠰᠠ ᠨᠠᠭᠠᠳᠴᠤ ᠪᠠᠶᠢᠵᠡᠢ᠃  ᠱᠠᠭ᠎ᠠ ᠨᠢᠰᠠᠯᠬᠤ ᠪᠣᠯ ᠱᠠᠭ᠎ᠠ ᠲᠣᠭᠯᠠᠭᠠᠮ ᠤᠨ ᠨᠠᠭᠠᠳᠤᠮ ᠤᠨ ᠳᠤᠮᠳᠠᠬᠢ ᠨᠢᠭᠡ ᠬᠢᠯᠠᠰ ᠴᠢᠭ  ᠪᠠᠶᠢᠬᠤ ᠶᠣᠰᠣᠲᠠᠢ᠃ ᠤᠴᠢᠷ ᠨᠢ ᠱᠠᠭ᠎ᠠ ᠨᠢᠰᠠᠯᠬᠤ ᠳᠤ ᠤᠬᠠᠭᠠᠨ ᠰᠠᠮᠪᠠᠭ᠎ᠠ᠂ ᠤᠷᠠᠨ ᠬᠠᠷᠪᠤᠯᠭ᠎ᠠ ᠠᠴᠠ ᠭᠠᠳᠠᠨ᠎ᠠ ᠱᠠᠭ᠎ᠠ ᠣᠷᠬᠢᠬᠤ ᠭᠠᠷ ᠤᠨ ᠳᠡᠮ ᠪᠠᠰᠠ ᠶᠡᠭᠡ ᠪᠠᠷ ᠱᠠᠭᠠᠷᠳᠠᠭᠳᠠᠨ᠎ᠠ᠃  ᠰᠢᠯᠢ ᠶᠢᠨ ᠭᠤᠣᠯ ᠠᠶᠢᠮᠠᠭ ᠤᠨ ᠤᠤᠯ ᠤᠨ ᠠᠪᠠᠭᠠᠨᠠᠷ ᠬᠤᠰᠢᠭᠤ ᠪᠤᠯᠤᠨ᠋ ᠪᠡᠶᠢᠰᠡ ᠶᠢᠨ ᠰᠥᠮ᠎ᠡ ᠶᠢᠨ ᠮᠠᠮᠠ ᠨᠠᠷ ᠤᠨ ᠱᠠᠭ᠎ᠠ ᠨᠢᠰᠠᠯᠬᠤ ᠶᠣᠰᠣ ᠭᠤᠷᠢᠮ᠂ ᠳᠥᠷᠢᠮ ᠲᠣᠭᠲᠠᠭᠠᠯ ᠲᠤᠩ ᠴᠢᠩᠭ᠎ᠠ ᠂ ᠰᠣᠨᠢᠨ ᠰᠡᠪᠡᠭᠦᠨ ᠪᠠᠶᠢᠳᠠᠭ ᠪᠣᠯᠬᠤᠷ ᠠᠳᠡ ᠪᠢ ᠡᠳᠡᠭᠡᠷ ᠢ ᠨᠠᠷᠢᠨ ᠨᠢᠮᠪᠠᠢ ᠰᠡᠶᠢᠷᠡᠭᠦᠯᠵᠦ᠂ ᠲᠠ ᠪᠦᠬᠦᠨ ᠳᠤ ᠲᠣᠯᠢᠯᠠᠭᠤᠯᠬᠤ  ᠳᠤ ᠤᠷᠮ᠎ᠠ ᠲᠠᠢ ᠪᠠᠶᠢᠨ᠎ᠠ᠃          ᠭᠥᠯᠢᠮ ᠳᠡᠭᠡᠷ᠎ᠡ ᠱᠠᠭ᠎ᠠ ᠨᠢᠰᠠᠯᠬᠤ ᠶᠣᠰᠤ ᠭᠤᠷᠢᠮ        ᠭᠥᠯᠢᠮ ᠳᠡᠭᠡᠷ᠎ᠡ ᠨᠠᠭᠠᠳᠬᠤ ᠶᠢᠨ ᠤᠴᠢᠷ᠃ ᠪᠡᠶᠢᠰᠡ ᠶᠢᠨ ᠰᠥᠮ᠎ᠡ ᠶᠢᠨ ᠮᠠᠮᠠ ᠨᠠᠷ ᠱᠠᠭ᠎ᠠ ᠶᠢ ᠭᠥᠯᠢᠮ ᠳᠡᠭᠡᠷ᠎ᠡ ᠨᠢᠰᠠᠯᠵᠤ ᠨᠠᠭᠠᠳᠳᠠᠭ ᠤᠯᠠᠮᠵᠢᠯᠠᠯ ᠲᠠᠢ᠃ ᠡᠭᠦᠨ ᠳᠤ ᠬᠠᠮᠤᠭ ᠤᠨ ᠲᠡᠷᠢᠭᠦᠨ ᠳᠤ ᠵᠠᠪᠠᠯ ᠲᠡᠭᠰᠢ ᠲᠥᠷᠪᠡᠯᠵᠢᠨ ᠭᠥᠯᠢᠮ ᠪᠠᠶᠢᠬᠤ ᠬᠡᠷᠡᠭᠲᠡᠢ᠃ ᠡᠨᠡ ᠭᠥᠯᠢᠮ ᠨᠢ ᠵᠠᠪᠠᠯ ᠴᠢᠨᠠᠷᠯᠢᠭ ᠪᠤᠯᠢᠭᠠᠷᠢ ᠭᠥᠯᠢᠮ ᠮᠥᠷᠲᠡᠭᠡᠨ ᠭᠥᠯᠢᠭᠡᠷ᠂ ᠨᠠᠷᠢᠯᠢᠭ᠂ ᠲᠠᠯ᠎ᠠ ᠶᠢᠨ ᠤᠷᠲᠤ ᠨᠢ ᠳᠥᠴᠢᠨ ᠰᠡᠨᠲ᠋ᠢᠮᠧᠲᠷ ᠣᠷᠴᠢᠮ ᠤᠨ ᠲᠡᠭᠰᠢ ᠳᠥᠷᠪᠡᠯᠵᠢᠨ ᠭᠥᠯᠢᠮ ᠪᠠᠶᠢᠪᠠᠯ ᠬᠠᠮᠤᠭ ᠤᠨ ᠵᠣᠬᠢᠮᠵᠢᠲᠠᠢ᠃ ᠭᠥᠯᠢᠮ ᠨᠢ ᠤᠶᠠᠨ ᠵᠥᠭᠡᠯᠡᠨ ᠮᠥᠷᠲᠡᠭᠡᠨ ᠭᠤᠯᠭᠤᠯᠲᠠ ᠶᠢᠨ ᠬᠦᠴᠦ ᠲᠡᠶᠢᠮᠦ ᠶᠡᠭᠡ ᠪᠢᠰᠢ ᠱᠠᠭ᠎ᠠ ᠣᠷᠬᠢᠬᠤ ᠳᠤ ᠵᠦᠭ ᠦᠭᠡᠢ ᠲᠦᠷᠭᠡᠨ ᠪᠤᠲᠠᠷᠠᠵᠦ ᠶᠠᠪᠤᠬᠤ ᠦᠬᠡᠢ᠂ ᠡᠪ ᠲᠠᠢ ᠳᠡᠮ ᠲᠠᠢ ᠤᠷᠬᠢᠪᠠᠯ ᠬᠥᠨᠳᠡᠭᠡ ᠪᠠᠭᠤᠬᠤ ᠦᠬᠡᠢ ᠵᠡᠷᠭᠡ ᠰᠠᠶᠢᠨ ᠲᠠᠯ᠎ᠠ ᠲᠠᠢ ᠪᠠᠶᠢᠳᠠᠭ᠃ ᠢᠢᠮᠦ ᠭᠥᠯᠢᠮ ᠳᠡᠭᠡᠷ᠎ᠡ ᠵᠢᠷᠠᠨ ᠱᠠᠭ᠎ᠠ ᠣᠷᠬᠢᠭᠠᠳ ᠬᠠᠮᠤᠭ ᠠᠷᠪᠢᠨ ᠳᠤ ᠪᠠᠨ ᠵᠢᠷᠭᠤᠭᠠᠨ ᠱᠠᠭ᠎ᠠ ᠯᠡ ᠭᠦᠯᠢᠮ ᠤᠨ ᠭᠠᠳᠠᠨ᠎ᠠ ᠤᠨᠠᠬᠤ ᠶᠢ ᠵᠥᠪᠰᠢᠶᠡᠷᠡᠳᠡᠭ ᠮᠥᠷᠳᠡᠭᠡᠨ ᠬᠥᠨᠳᠡᠭᠡ ᠲᠠᠢ ᠣᠷᠬᠢᠬᠤ ᠶᠢ ᠵᠥᠪᠰᠢᠶᠡᠷᠡᠳᠡᠭ ᠦᠭᠡᠢ᠃          ᠭᠦᠯᠢᠮ ᠳᠡᠭᠡᠷ᠎ᠡ ᠱᠠᠭ᠎ᠠ ᠣᠷᠬᠢᠬᠤ ᠳᠤ ᠱᠠᠭ᠎ᠠ ᠣᠷᠬᠢᠬᠤ ᠬᠦᠮᠥᠨ ᠤ ᠭᠠᠷ ᠤᠨ ᠳᠡᠮ ᠨᠢᠳᠥᠨ ᠬᠠᠷᠠᠴᠠ᠂ ᠠᠷᠭ᠎ᠠ ᠤᠬᠠᠭᠠᠨ᠂ ᠵᠣᠷᠢᠭ ᠲᠡᠪᠴᠢᠶᠡᠷᠢ ᠭᠦᠢᠴᠡᠳ ᠲᠦᠪᠯᠡᠷᠡᠭᠦᠯᠬᠦ ᠦᠭᠡᠢ ᠪᠣᠯ ᠵᠢᠷᠭᠤᠭ᠎ᠠ ᠠᠴᠠ ᠢᠯᠡᠭᠦᠥ ᠱᠠᠭ᠎ᠠ ᠭᠦᠯᠢᠮ ᠤᠨ ᠭᠠᠳᠠᠨ᠎ᠠ ᠤᠨᠠᠴᠢᠬᠠᠵᠤ ᠮᠡᠳᠡᠨ᠎ᠠ᠂ ᠡᠰᠡᠭᠦᠯ᠎ᠡ ᠬᠥᠨᠳᠡᠭᠡ ᠲᠠᠢ ᠣᠷᠬᠢᠴᠢᠬᠠᠵᠦ ᠮᠡᠳᠡᠨ᠎ᠡ᠂ ᠬᠥᠨᠳᠡᠭᠡ ᠦᠭᠡᠢ ᠮᠥᠷᠲᠡᠭᠡᠨ ᠭᠥᠯᠢᠮ ᠤᠨ ᠭᠠᠳᠠᠨ᠎ᠠ ᠵᠢᠷᠭᠤᠭ᠎ᠠ ᠠᠴᠠ ᠢᠯᠡᠭᠦᠥ ᠱᠠᠭ᠎ᠠ ᠤᠨᠠᠭᠠᠬᠤ ᠦᠭᠡᠢ ᠪᠠᠶᠢᠳᠠᠯ ᠤᠨ ᠳᠣᠣᠷ᠎ᠠ ᠰᠠᠶ᠋ᠢ ᠱᠠᠭ᠎ᠠ ᠣᠷᠭᠢᠭᠰᠠᠨ ᠬᠦᠮᠦᠨ ᠣᠷᠬᠢᠭᠰᠠᠨ ᠱᠠᠭ᠎ᠠ ᠪᠠᠨ ᠨᠢᠰᠠᠯᠵᠦ ᠪᠣᠯᠣᠨ᠎ᠠ᠃  ᠭᠥᠯᠢᠮ ᠢ ᠬᠠᠳᠠᠭᠠᠯᠠᠵᠤ ᠬᠠᠮᠠᠭᠠᠯᠠᠬᠤ ᠠᠷᠭ᠎ᠠ᠃ ᠱᠠᠭ᠎ᠠ ᠨᠢᠰᠠᠯᠬᠤ ᠳᠤ ᠭᠦᠯᠢᠮ ᠨᠢ ᠲᠤᠲᠠᠭᠲᠠᠵᠤ ᠪᠣᠯᠣᠰᠢ ᠦᠭᠡᠢ ᠴᠢᠬᠤᠯᠠ ᠪᠠᠭᠠᠵᠢ ᠨᠢ ᠪᠣᠯᠬᠤ ᠶᠣᠰᠣᠲᠠᠢ᠃ ᠬᠥᠯᠢᠮ ᠢ ᠠᠷᠠᠴᠢᠯᠠᠵᠤ ᠳᠣᠳᠣᠮᠳᠠᠬᠤ ᠳᠤ ᠠᠷᠪᠢᠨ ᠠᠷᠭ᠎ᠠ ᠪᠠᠶᠢᠳᠠᠭ᠃ ᠶᠠᠭᠤᠨ ᠤ ᠡᠮᠦᠨ᠎ᠡ ᠭᠦᠯᠢᠮ ᠢ ᠬᠠᠯᠠᠭᠤᠨ ᠨᠠᠷᠠᠨ ᠳᠤ ᠬᠠᠭᠰᠠᠭᠠᠵᠤ ᠬᠠᠲᠠᠭᠠᠵᠤ ᠪᠣᠯᠬᠤ ᠦᠭᠡᠢ ᠮᠥᠷᠲᠡᠭᠡᠨ ᠴᠢᠬᠢᠭ ᠨᠣᠶᠢᠲᠠᠨ ᠭᠠᠵᠠᠷ ᠤᠳᠠᠭᠠᠨ ᠬᠠᠶᠠᠵᠤ ᠴᠢᠬᠢᠭᠳᠡᠵᠦ ᠬᠤᠷᠣᠬᠠᠶᠢᠳᠠᠬᠤ ᠠᠴᠠ ᠰᠡᠷᠭᠡᠶᠢᠯᠡᠬᠦ ᠬᠡᠷᠡᠭᠲᠡᠢ᠃ ᠬᠥᠯᠢᠮ ᠢ ᠭᠥᠯᠢᠭᠡᠷ ᠨᠠᠷᠢᠯᠢᠭ ᠪᠠᠶᠢᠯᠭᠠᠬᠤ ᠳᠤ ᠭᠥᠯᠢᠮ ᠨᠤᠭᠤᠰᠤᠯᠠᠬᠤ ᠭᠡᠵᠤ ᠨᠢᠭᠡ ᠨᠠᠷᠢᠨ ᠠᠵᠢᠯ ᠪᠠᠶᠢᠳᠠᠭ᠃ ᠭᠥᠯᠢᠮ ᠨᠤᠭᠤᠰᠤᠯᠠᠬᠤ ᠭᠡᠳᠡᠭ ᠨᠢ ᠰᠠᠶ᠋ᠢ ᠨᠢᠲᠤᠯᠠᠭᠰᠠᠨ ᠬᠤᠨᠢᠨ ᠤ ᠨᠢᠷᠤᠭᠤᠨ ᠤ ᠨᠤᠭᠤᠰᠤ ᠶᠢ ︵ᠲᠦᠭᠦᠬᠡᠢ ᠦᠶ᠎ᠡ ᠳᠤ ᠨᠢ︶  ᠬᠠᠯᠢᠰᠤᠨ ᠠᠴᠠ ᠨᠢ ᠰᠢᠬᠠᠵᠤ ᠭᠠᠷᠭᠠᠨ᠂ ᠨᠤᠭᠤᠰᠤᠨ ᠤ ᠨᠠᠷᠢᠨ ᠰᠢᠷᠬᠡᠭ ᠢ ᠨᠢ ᠵᠡᠭᠦᠦ ᠪᠠᠷ ᠰᠡᠨᠳᠡᠶᠢᠯᠡᠨ ᠠᠪᠴᠤ ᠬᠠᠶᠠᠭᠠᠳ ᠨᠤᠭᠤᠰᠤ ᠪᠠᠨ ᠬᠥᠯᠢᠮ ᠳᠡᠭᠡᠷ᠎ᠡ ᠪᠠᠨ ᠳᠦᠷᠬᠢᠵᠤ ᠵᠥᠭᠡᠯᠡᠨ  ᠱᠤᠸᠠᠰᠠ ᠪᠠᠷ ᠵᠢᠭᠳᠡ ᠱᠤᠸᠠᠰᠠᠳᠠᠵᠤ ᠨᠠᠷᠠ ᠰᠢᠭᠤᠳ ᠲᠤᠰᠬᠤ ᠦᠭᠡᠢ ᠰᠡᠷᠢᠭᠦᠨ ᠭᠠᠵᠠᠷ ᠲᠡᠭᠰᠢᠬᠡᠨ ᠲᠠᠯᠪᠢᠵᠤ᠂ ᠬᠠᠲᠠᠭᠰᠠᠨ ᠤ ᠳᠠᠷᠠᠭ᠎ᠠ ᠵᠥᠭᠡᠯᠡᠨ ᠪᠥᠰ ᠢᠶᠠᠷ ᠲᠠᠬᠢᠨ ᠲᠠᠬᠢᠨ ᠵᠦᠯᠭᠦᠵᠦ ᠭᠥᠯᠢᠭᠡᠷ ᠭᠢᠯᠠᠭᠠᠷ ᠪᠣᠯᠭᠠᠬᠤ ᠶᠢ ᠬᠡᠯᠡᠨ᠎ᠡ᠃           ᠭᠥᠯᠢᠮ ᠳᠡᠭᠡᠷ᠎ᠡ ᠱᠠᠭ᠎ᠠ ᠨᠢᠰᠠᠯᠬᠤ ᠶᠣᠰᠤ ᠭᠤᠷᠢᠮ᠃ ᠡᠬᠢᠯᠡᠵᠦ ᠨᠠᠭᠠᠳᠬᠤ ᠳᠠᠭᠠᠨ ᠬᠤᠶᠠᠷ ᠬᠦᠮᠦᠨ ᠤ ᠬᠡᠨ ᠨᠢ ᠤᠷᠢᠳᠠᠪᠠᠷ ᠱᠠᠭ᠎ᠠ ᠨᠢᠰᠠᠯᠬᠤ ᠡᠷᠬᠡ ᠶᠢ ᠣᠯᠬᠤ ᠪᠠᠨ ᠪᠠᠰᠠ ᠨᠠᠷᠢᠨ ᠲᠤᠳᠣᠷᠬᠠᠢ ᠳᠣᠭᠲᠠᠭᠠᠭᠰᠠᠨ ᠪᠠᠶᠢᠳᠠᠭ᠃ ᠡᠭᠦᠨ ᠳᠤ ᠱᠠᠭ᠎ᠠ ᠨᠠᠭᠠᠳᠬᠤ ᠬᠤᠶᠠᠷ ᠬᠦᠮᠦᠨ ᠲᠤᠰ ᠲᠣᠰ ᠬᠤᠶᠠᠷ ᠱᠠᠭ᠎ᠠ ᠠᠳᠬᠤᠵᠦ᠂ ᠨᠠᠰᠤᠨ ᠤ ᠠᠬᠠᠮᠠᠳ ᠠᠴᠠ ᠨᠢ ᠡᠬᠢᠯᠡᠵᠦ ᠪᠥᠩᠵᠢᠭ ②ᠤᠷᠬᠢᠵᠦ᠂ ᠤᠷᠢᠳᠠᠪᠡᠷ ᠢᠵᠢᠯ ᠪᠤᠰᠬᠠᠭᠰᠠᠨ ᠡᠲᠡᠭᠡᠳ ᠨᠢ ᠵᠢᠷᠠᠨ ᠱᠠᠭ᠎ᠠ ᠶᠢ ᠡᠬᠢᠯᠡᠵᠦ ᠣᠷᠬᠢᠵᠦ ᠨᠢᠰᠠᠯᠬᠤ ᠡᠷᠬᠡ ᠶᠢ ᠣᠯᠣᠨ᠎ᠠ᠃ ᠢᠩᠭᠢᠭᠡᠳ ᠰᠠᠶ᠋ᠢ ᠡᠬᠢᠯᠡᠵᠤ ᠨᠠᠭᠠᠳᠬᠤ ᠡᠷᠬᠡ ᠣᠯᠣᠭᠰᠠᠨ ᠡᠲᠡᠭᠡᠳ ᠨᠢ ᠱᠠᠭ᠎ᠠ ᠪᠠᠨ ᠭᠥᠯᠢᠮ ᠳᠡᠭᠡᠷ᠎ᠡ ᠣᠷᠬᠢᠨ᠎ᠠ᠃  ᠱᠠᠭ᠎ᠠ ᠨᠢᠰᠠᠯᠬᠤ ᠤᠯᠠᠮᠵᠢᠯᠠᠯᠲᠤ ᠶᠤᠰᠤ ᠭᠤᠷᠢᠮ ᠳᠤ ᠠᠷᠪᠠᠭᠠᠳ ᠵᠦᠢᠯ  ᠪᠠᠶᠢᠳᠠᠭ᠃ ᠠᠳᠡ ᠪᠢ ᠵᠥᠪᠬᠡᠨ ᠵᠢᠷᠠᠨ ᠱᠠᠭ᠎ᠠ ᠨᠢᠰᠠᠯᠬᠤ ᠳᠥᠷᠢᠮ ᠢ ᠲᠠᠨᠢᠯᠴᠠᠭᠤᠯᠤᠶ᠎ᠡ᠃ ᠨᠢᠰᠠᠯᠬᠤ ᠱᠠᠭ᠎ᠠ ᠶᠢᠨ ᠲᠣᠭᠠᠨ ᠤ ᠬᠤᠪᠢᠷᠠᠯᠲᠠ ᠠᠴᠠ ᠪᠣᠯᠵᠤ ᠳᠥᠷᠢᠮ ᠨᠢ ᠪᠠᠰᠠ ᠵᠠᠷᠢᠮ ᠬᠤᠪᠢᠷᠠᠯᠲᠠ ᠭᠠᠷᠤᠨ᠎ᠠ᠃         ᠵᠢᠱᠢᠶᠡᠯᠡᠪᠡᠯ᠄ ᠵᠢᠷᠠ ᠠᠴᠠ ᠵᠢᠷᠭᠤᠭ᠎ᠠ᠂ ᠭᠤᠴᠢ ᠠᠴᠠ ᠭᠤᠷᠪᠠ ᠭᠡᠵᠤ ᠶᠠᠷᠢᠳᠠᠭ᠃           ᠨᠢᠭᠡ  ᠳᠤ᠂ ᠵᠢᠷᠠᠨ ᠱᠠᠭ᠎ᠠ ᠠᠴᠠ ᠭᠦᠯᠢᠮ ᠤᠨ ᠭᠠᠳᠠᠨ᠎ᠠ ᠵᠢᠷᠭᠤᠭ᠎ᠠ ᠤᠨᠠᠬᠤ ︵1-6︶ ᠳᠤ ᠪᠣᠯᠣᠨ᠎ᠠ᠂ ᠳᠣᠯᠤᠭ᠎ᠠ ᠤᠨᠠᠪᠠᠯ ᠳᠥᠷᠢᠮ ᠳᠤ ᠨᠡᠶᠢᠴᠡᠬᠦ ᠦᠭᠡᠢ ᠪᠣᠯᠵᠤ ᠨᠥᠭᠦᠭᠡ ᠡᠲᠡᠭᠡᠳ  ᠤᠨ ᠡᠭᠡᠯᠵᠢ ᠪᠣᠯᠣᠨ᠎ᠠ᠃ ᠭᠦᠯᠢᠮ ᠤᠨ ᠬᠥᠪᠡᠭᠡᠨ ᠳᠠᠬᠢ ᠱᠠᠭ᠎ᠠ ᠶᠢ ᠰᠢᠯᠭᠠᠬᠤ ᠳᠠᠭᠠᠨ ᠭᠦᠯᠢᠮ ᠤᠨ ᠢᠷᠮᠡᠭ ᠢ ᠡᠷᠭᠦᠵᠦ ᠲᠣᠭᠲᠠᠭᠠᠨ᠎ᠠ᠃ ᠡᠨᠡ  ᠨᠢ ᠳᠠᠷᠤᠢ ᠨᠥᠭᠦᠭᠡ ᠡᠲᠡᠭᠡᠳ ᠨᠢ ᠭᠦᠯᠢᠮ ᠤᠨ ᠢᠷᠮᠡᠭ ᠢ ᠬᠥᠩᠭᠡᠬᠡᠨ ᠡᠷᠭᠦᠵᠦ ᠦᠵᠡᠬᠦ ᠳᠤ ᠱᠠᠭ᠎ᠠ ᠭᠦᠯᠢᠮ ᠳᠡᠭᠡᠷ᠎ᠡ ᠪᠠᠨ ᠲᠣᠭᠲᠠᠵᠤ ᠪᠠᠶᠢᠪᠠᠯ ᠭᠦᠯᠢᠮ ᠳᠡᠭᠡᠷᠡᠬᠢ ᠱᠠᠭ᠎ᠠ ᠪᠠᠷ ᠪᠣᠳᠣᠵᠤ᠂ ᠭᠠᠳᠠᠭᠰᠢ ᠪᠠᠨ ᠤᠨᠠᠪᠠᠯ ᠭᠦᠯᠢᠮ ᠤᠨ ᠭᠠᠳᠠᠨ᠎ᠠ ᠣᠶᠢᠴᠢᠭᠰᠠᠨ ᠢᠶᠠᠷ ᠪᠣᠳᠣᠨ᠎ᠠ᠃          ᠬᠤᠶᠠᠷ ᠲᠤ᠂ ᠢᠵᠢᠯ ᠱᠠᠭ᠎ᠠ ᠪᠠᠨ ᠨᠢᠰᠠᠯᠤᠭᠰᠠᠨ ᠤ ᠳᠠᠷᠠᠭ᠎ᠠ ᠨᠢᠭᠡ ᠶᠢ ᠨᠢ ᠠᠪᠤᠨ᠎ᠠ᠂ ᠵᠠᠩᠭᠠᠵᠤ③ ᠪᠣᠯᠬᠤ ᠦᠭᠡᠢ᠃ ᠱᠠᠭ᠎ᠠ ᠨᠢᠰᠠᠯᠤᠭᠰᠠᠨ ᠭᠠᠷ ᠢᠶᠠᠷ ᠨᠢᠰᠠᠯᠤᠭᠰᠠᠨ ᠱᠠᠭ᠎ᠠ ᠪᠠᠨ ᠠᠪᠴᠤ ᠪᠣᠯᠬᠤ ᠦᠭᠡᠢ᠂ ᠱᠠᠭ᠎ᠠ ᠲᠠᠢ ᠭᠠᠷ ᠢᠶᠠᠷ ᠱᠠᠭ᠎ᠠ ᠠᠪᠴᠤ ᠪᠣᠯᠬᠤ ᠦᠭᠡᠢ᠂ ᠱᠠᠭ᠎ᠠ ᠨᠢᠰᠠᠯᠬᠤ ᠪᠣᠶᠤ ᠨᠢᠰᠠᠯᠤᠭᠰᠠᠨ ᠱᠠᠭ᠎ᠠ ᠪᠠᠨ ᠠᠪᠬᠤ ᠳᠤ ᠪᠠᠨ ᠬᠥᠨᠳᠡᠵᠤ④ ᠪᠣᠯᠬᠤ ᠦᠭᠡᠢ᠃          ᠭᠤᠷᠪᠠ ᠳᠤ᠂ ᠭᠠᠵᠠᠷ ᠤᠨᠠᠭᠰᠠᠨ ᠱᠠᠭ᠎ᠠ ᠶᠢ ᠨᠥᠭᠦᠭᠡ ᠡᠲᠡᠭᠡᠳ ᠠᠪᠴᠤ ᠭᠦᠯᠢᠮ ᠳᠡᠭᠡᠷ᠎ᠡ ᠣᠷᠬᠢᠵᠤ ᠥᠭᠭᠦᠨ᠎ᠡ᠂ ᠱᠠᠭ᠎ᠠ ᠣᠷᠬᠢᠭᠰᠠᠨ ᠬᠦᠮᠦᠨ ᠥᠪᠡᠷ ᠢᠶᠠᠨ ᠭᠠᠷ ᠬᠦᠷᠴᠦ ᠪᠣᠯᠬᠤ ᠦᠭᠡᠢ᠂ ᠣᠶᠢᠴᠢᠭᠰᠠᠨ ᠱᠠᠭ᠎ᠠ ᠶᠢ ᠣᠷᠬᠢᠵᠤ ᠥᠭᠬᠦ ᠳᠡᠭᠡᠨ ᠬᠥᠨᠳᠡᠭᠡ⑤ ᠲᠠᠢ ᠣᠷᠬᠢᠵᠤ ᠥᠭᠴᠦ ᠪᠣᠯᠬᠤ ᠦᠭᠡᠢ᠂ ᠭᠦᠯᠢᠮ ᠤᠨ ᠵᠠᠢ ᠶᠢ ᠦᠵᠡᠵᠦ ᠣᠷᠬᠢᠵᠤ ᠥᠭᠬᠦ ᠬᠡᠷᠡᠭᠲᠡᠢ᠂ ᠣᠯᠠᠨ ᠱᠠᠭ᠎ᠠ ᠶᠢᠨ ᠳᠤᠮᠳᠠ ᠡᠷᠦᠢ ᠬᠤᠷᠣᠢ ᠦᠭᠡᠢ ᠰᠢᠳᠡᠵᠤ ᠬᠠᠶᠠᠵᠤ ᠥᠭᠴᠦ ᠪᠣᠯᠬᠤ ᠦᠭᠡᠢ᠃  ᠳᠥᠷᠪᠡ ᠳᠤ᠂ ᠬᠤᠶᠠᠷ ᠡᠲᠡᠭᠡᠳ ᠢᠶᠠᠷ ᠢᠶᠠᠨ ᠨᠠᠷᠢᠨ ᠨᠢᠮᠪᠠᠢ ᠪᠠᠶᠢᠴᠠᠭᠠᠵᠤ᠂ ᠬᠥᠨᠳᠡᠭᠡ ᠪᠠᠶᠢᠬᠤ ᠦᠭᠡᠢ ᠪᠣᠯ ᠡᠬᠢᠯᠡᠵᠦ ᠨᠢᠰᠠᠯᠵᠤ ᠪᠣᠯᠣᠨ᠎ᠠ᠃ ᠬᠥᠨᠳᠡᠭᠡ ᠲᠠᠢ ᠪᠣᠯ ᠨᠥᠭᠦᠭᠡ ᠡᠲᠡᠭᠡᠳ ᠰᠢᠭᠤᠳ ᠬᠤᠷᠢᠶᠠᠵᠤ ᠠᠪᠤᠨ᠎ᠠ᠂ ᠲᠡᠭᠦᠨ ᠤ ᠡᠭᠡᠯᠵᠢ ᠪᠤᠯᠤᠨ᠎ᠠ᠃ ᠬᠥᠨᠳᠡᠭᠡ ᠲᠠᠲᠠᠬᠤ ᠳᠤ ᠰᠢᠭᠤᠳ ᠭᠠᠷ ᠢᠶᠠᠷ ᠢᠶᠠᠨ ᠲᠠᠲᠠᠵᠤ ᠪᠤᠯᠠᠬᠤ ᠦᠭᠡᠢ᠂ ᠵᠠᠪᠠᠯ ᠵᠡᠭᠦᠦ ᠪᠤᠶᠤ ᠰᠢᠳᠤᠨ ᠴᠢᠬᠢᠵᠢᠭᠦᠷ ᠢᠶᠠᠷ ᠲᠠᠲᠠᠬᠤ ᠭᠡᠷᠡᠭᠲᠡᠢ᠃ ᠨᠠᠭᠠᠯᠳᠤᠭᠰᠠᠨ ᠬᠤᠶᠠᠷ ᠱᠠᠭ᠎ᠠ ᠠᠯᠢ ᠨᠢ ᠴᠦ ᠭᠡᠰᠡᠨ ᠪᠠᠭ᠎ᠠ ᠯᠠ ᠬᠥᠳᠡᠯᠪᠡᠯ ᠳᠠᠷᠤᠢ ᠬᠥᠨᠳᠡᠭᠡ ᠲᠠᠢ ᠳᠤ ᠲᠣᠭᠠᠴᠠᠭᠳᠠᠨ᠎ᠠ᠃         ᠲᠠᠪᠦ ᠳᠤ᠂ ᠬᠥᠨᠳᠡᠭᠡ ᠲᠠᠲᠠᠭᠰᠠᠨ ᠪᠣᠶᠣ ᠭᠠᠵᠠᠷ ᠣᠶᠢᠴᠢᠭᠰᠠᠨ ᠱᠠᠭ᠎ᠠ ᠠᠴᠠ ᠡᠬᠢᠯᠡᠵᠤ ᠨᠢᠰᠠᠯᠵᠤ ᠪᠣᠯᠬᠤ ᠦᠭᠡᠢ᠃ ᠵᠢᠷᠭᠤᠭᠠᠨ ᠱᠠᠭ᠎ᠠ ᠨᠢᠰᠠᠯᠤᠭᠰᠠᠨ ᠤ ᠳᠠᠷᠠᠭ᠎ᠠ ᠰᠠᠶ᠋ᠢ ᠡᠳᠡᠭᠡᠷ ᠱᠠᠭ᠎ᠠ ᠶᠢ ᠨᠢᠰᠠᠯᠵᠤ ᠪᠣᠯᠬᠤ ᠮᠦᠷᠲᠡᠭᠡᠨ ᠪᠠᠰᠠ ᠭᠦᠯᠢᠮ ᠢ ᠡᠬᠢᠯᠡᠵᠤ ᠬᠥᠳᠡᠯᠭᠡᠵᠦ ᠡᠷᠭᠢᠭᠦᠯᠵᠦ ᠪᠣᠯᠣᠨ᠎ᠠ᠃ ᠭᠡᠬᠦ ᠳᠡᠭᠡᠨ ᠭᠦᠯᠢᠮ ᠢᠶᠠᠨ ᠵᠥᠪ ᠡᠷᠭᠢᠭᠦᠯᠦᠨ᠎ᠡ᠂ ᠬᠠᠮᠤᠭ ᠰᠠᠶᠢᠨ ᠨᠢ ᠭᠦᠯᠢᠮ ᠡᠷᠭᠢᠭᠦᠯᠬᠦ ᠦᠭᠡᠢ ᠪᠣᠯ ᠰᠠᠶᠢᠨ᠂ ᠬᠤᠶᠠᠷ ᠭᠠᠷ ᠢᠶᠠᠷ ᠢᠶᠠᠨ ᠡᠭᠡᠯᠵᠢᠯᠡᠨ ᠨᠢᠰᠠᠯᠪᠠᠯ ᠭᠦᠯᠢᠮ ᠡᠷᠭᠢᠭᠦᠯᠬᠦ ᠣᠴᠢᠷ ᠳᠡᠮᠡᠢ ᠭᠠᠷᠳᠠᠭ ᠦᠭᠡᠢ᠂ ᠱᠠᠭ᠎ᠠ ᠨᠢᠰᠠᠯᠬᠤ  ᠳᠠᠭᠠᠨ ᠣᠷᠣᠨ ᠠᠴᠠ ᠪᠠᠨ ᠬᠥᠳᠡᠯᠵᠤ ᠪᠣᠯᠳᠠᠭ ᠦᠭᠡᠢ᠃           ᠵᠢᠷᠭᠤᠭ᠎ᠠ ᠳᠤ᠂ ᠡᠬᠢᠯᠡᠵᠥ ᠱᠠᠭ᠎ᠠ ᠨᠢᠰᠠᠯᠤᠭᠰᠠᠨ ᠬᠦᠮᠦᠨ ᠠᠷᠪᠠᠨ ᠱᠠᠭ᠎ᠠ ᠭᠠᠷ ᠲᠤ ᠪᠠᠨ ᠠᠪᠤᠭᠰᠠᠨ ᠤ ᠳᠠᠷᠠᠭ᠎ᠠ ᠰᠠᠶ᠋ᠢ ᠭᠠᠷ ᠲᠠᠬᠢ ᠱᠠᠭ᠎ᠠ ᠪᠠᠨ ᠬᠠᠵᠠᠭᠤ ᠳᠤ ᠪᠠᠨ ᠲᠠᠯᠪᠢᠵᠤ ᠭᠠᠷ ᠠᠴᠠ ᠪᠠᠨ ᠰᠠᠯᠭᠠᠵᠤ ᠪᠤᠯᠤᠨ᠎ᠠ᠂ ᠠᠷᠪᠠᠨ ᠱᠠᠭ᠎ᠠ ᠠᠪᠬᠤ ᠠᠴᠠ ᠡᠮᠦᠨ᠎ᠡ ᠠᠪᠤᠭᠰᠠᠨ ᠱᠠᠭ᠎ᠠ ᠪᠠᠨ ᠭᠠᠷ ᠠᠴᠠ ᠪᠠᠨ ᠰᠠᠯᠭᠠᠵᠤ  ᠪᠣᠯᠬᠤ ᠦᠭᠡᠢ᠃ ᠬᠡᠷᠪᠡ ᠠᠷᠪᠠᠨ ᠱᠠᠭ᠎ᠠ ᠠᠪᠬᠤ ᠠᠴᠠ ᠡᠮᠦᠨ᠎ᠡ ᠳᠥᠷᠢᠮ ᠵᠥᠷᠢᠴᠡᠬᠦ ᠪᠣᠶᠤ ᠨᠢᠰᠠᠯᠵᠤ ᠲᠡᠶᠢᠯᠦᠭᠰᠡᠨ ᠦᠭᠡᠢ ᠪᠣᠯ ᠨᠢᠰᠠᠯᠵᠤ ᠠᠪᠤᠭᠰᠠᠨ ᠱᠠᠭ᠎ᠠ ᠪᠤᠯᠤᠨ ᠭᠥᠯᠢᠮ ᠳᠡᠭᠡᠷᠡᠬᠢ ᠱᠠᠭ᠎ᠠ ᠪᠠᠨ ᠪᠦᠬᠦᠨ ᠢ ᠨᠥᠭᠦᠭᠡ ᠡᠲᠡᠭᠡᠳ ᠳᠤ ᠪᠠᠨ ᠦᠭᠭᠦᠨ᠎ᠡ᠃         ᠳᠣᠯᠤᠭ᠎ᠠ ᠳᠤ᠂ ᠣᠷᠬᠢᠭᠰᠠᠨ ᠱᠠᠭ᠎ᠠ ᠨᠢ ᠪᠥᠭᠦᠳᠡ ᠢᠵᠢᠯ ᠪᠣᠯ ᠨᠥᠭᠦᠭᠡ ᠡᠲᠡᠭᠡᠳ ᠪᠤᠯᠢᠶᠠᠵᠤ ᠪᠣᠯᠬᠤ ᠦᠭᠡᠢ᠂ ᠣᠷᠬᠢᠭᠰᠠᠨ ᠬᠦᠮᠦᠨ ᠥᠪᠡᠷ ᠢᠶᠠᠨ ᠪᠠᠰᠠ ᠬᠤᠷᠢᠶᠠᠵᠤ ᠠᠪᠴᠤ ᠪᠣᠯᠬᠤ ᠦᠭᠡᠢ᠂ ᠵᠠᠪᠠᠯ ᠨᠢᠰᠠᠯᠵᠤ ᠪᠠᠷᠠᠭᠠᠨ᠎ᠠ᠃ ᠵᠠᠷᠢᠮ ᠭᠠᠵᠠᠷ ᠵᠠᠷᠢᠮ ᠦᠶ᠎ᠡ ᠳᠤ ᠪᠠᠰᠠ ᠨᠠᠰᠤ ᠬᠤᠷᠠᠭ ᠤᠨ ᠵᠠᠯᠠᠭᠤᠴᠤᠳ ᠨᠠᠭᠠᠳᠤᠮ ᠳᠤ ᠨᠠᠷᠭᠢᠶᠠᠨ ᠨᠡᠮᠡᠵᠦ ᠢᠵᠢᠯ ᠪᠤᠰᠤᠭᠰᠠᠨ ᠱᠠᠭ᠎ᠠ ᠶᠢ ᠪᠤᠯᠢᠶᠠᠯᠴᠠᠬᠤ ᠶᠠᠪᠤᠳᠠᠯ ᠵᠥᠩᠳᠡᠬᠡᠨ ᠭᠠᠷᠳᠠᠭ ᠪᠠᠶᠢᠨ᠎ᠠ᠃            ᠨᠠᠢᠮᠠ ᠳᠤ᠂ ᠱᠠᠭ᠎ᠠ ᠬᠠᠷᠪᠤᠬᠤ ᠳᠤ ᠭᠠᠷ ᠤᠨ ᠲᠣᠬᠤᠢ ᠪᠠᠨ ᠬᠥᠳᠡᠯᠭᠡᠵᠦ ᠪᠣᠯᠬᠤ ᠦᠭᠡᠢ᠂ ᠵᠥᠪᠬᠡᠨ ᠬᠤᠷᠤᠭᠤ ᠬᠥᠳᠡᠯᠦᠨ᠎ᠡ᠂ ᠭᠡᠬᠦ ᠳᠡᠭᠡᠨ ᠳᠣᠯᠣᠪᠦᠷ ᠬᠤᠷᠤᠭᠤ ᠪᠠᠷ ᠨᠢᠰᠠᠯᠵᠤ ᠪᠣᠯᠬᠤ ᠦᠭᠡᠢ᠂  ᠨᠢᠰᠠᠯᠵᠤ ᠪᠣᠯᠬᠤ ᠦᠭᠡᠢ ᠭᠡᠳᠡᠭ ᠨᠢ ᠮᠣᠩᠭᠤᠯ ᠬᠦᠮᠦᠨ ᠶᠡᠷᠦ ᠨᠢ ᠳᠣᠯᠣᠪᠣᠷ ᠬᠤᠷᠤᠭᠤ ᠶᠢ ᠬᠤᠬᠢᠮᠠᠢ ᠶᠢᠨ ᠬᠤᠷᠤᠭᠤ ᠭᠡᠳᠡᠭ ᠲᠠᠢ ᠬᠤᠯᠪᠤᠭ᠎ᠠ ᠲᠠᠢ᠃ ᠲᠠᠲᠠᠵᠤ᠂ ᠲᠦᠯᠬᠢᠵᠦ᠂ ᠭᠤᠬᠠᠳᠠᠵᠤ᠂ ᠡᠲᠦᠵᠤ ᠪᠣᠯᠬᠤ ᠦᠭᠡᠢ᠂ ᠳᠠᠭᠠᠭᠠᠵᠤ ᠪᠣᠯᠬᠤ ᠦᠭᠡᠢ᠃ ᠳᠠᠭᠠᠭᠠᠬᠤ ᠭᠡᠳᠡᠭ ᠨᠢ᠂ ᠵᠢᠱᠢᠶᠡᠯᠡᠪᠡᠯ᠂ ᠬᠤᠶᠠᠷ ᠢᠮᠠᠭᠠᠨ ᠤ ᠳᠤᠮᠳᠠ ᠨᠢᠭᠡ ᠮᠣᠷᠢ ᠪᠠᠶᠢᠨ᠎ᠠ᠂ ᠡᠨᠡ ᠬᠤᠶᠠᠷ ᠢᠮᠠᠭ᠎ᠠ ᠶᠢ ᠰᠢᠭᠤᠳ ᠨᠢᠰᠠᠯᠵᠤ ᠳᠡᠶᠢᠯᠬᠦ ᠦᠭᠡᠢ᠂ ᠡᠨᠡ ᠦᠶ᠎ᠡ ᠳᠤ ᠨᠢᠭᠡ ᠢᠮᠠᠭᠠᠨ ᠤ ᠪᠠᠨ ᠨᠢᠷᠤᠭᠤᠨ ᠳᠡᠭᠡᠷ᠎ᠡ ᠡᠷᠡᠭᠡᠢ ᠬᠤᠷᠤᠭᠤ ᠪᠠᠷ ᠢᠶᠠᠨ ᠬᠦᠴᠦᠲᠡᠢ ᠳᠠᠷᠤᠵᠤ᠂ ᠬᠤᠷᠤᠭᠤ ᠲᠠᠢ ᠪᠠᠨ ᠨᠠᠭᠠᠯᠳᠤᠭᠤᠯᠵᠤ ᠪᠠᠶᠢᠭᠠᠳ ᠮᠣᠷᠢᠨ ᠤ ᠳᠡᠭᠡᠭᠦᠷ ᠬᠡᠢ ᠭᠠᠷᠭᠠᠵᠤ᠂ ᠨᠥᠭᠦᠭᠡ ᠢᠮᠠᠭᠠᠨ ᠳᠡᠭᠡᠷ᠎ᠡ ᠪᠠᠨ ᠣᠨᠣᠭᠠᠬᠤ ᠶᠢ ᠬᠡᠯᠡᠨ᠎ᠡ᠃          ᠶᠢᠰᠦ ᠳᠤ᠂ ᠬᠤᠶᠠᠷ ᠱᠠᠭ᠎ᠠ ᠶᠢ ᠨᠢᠰᠠᠯᠤᠭᠰᠠᠨ ᠤ ᠳᠠᠷᠠᠭ᠎ᠠ᠂ ᠨᠢᠭᠡ ᠨᠢ ᠭᠦᠯᠢᠮ ᠳᠡᠭᠡᠷ᠎ᠡ ᠪᠠᠨ ᠦᠯᠡᠳᠡᠵᠤ᠂ ᠨᠢᠭᠡ ᠨᠢ ᠭᠦᠯᠢᠮ ᠤᠨ ᠭᠠᠳᠠᠨ᠎ᠠ ᠭᠠᠷᠪᠠᠯ ᠭᠥᠯᠢᠮ ᠤᠨ ᠭᠠᠳᠠᠨ᠎ᠠ ᠣᠶᠢᠴᠢᠭᠰᠠᠨ ᠢ ᠲᠡᠭᠦᠵᠦ ᠠᠪᠤᠨ᠎ᠠ᠂ ᠭᠦᠯᠢᠮ ᠳᠡᠭᠡᠷ᠎ᠡ ᠪᠠᠶᠢᠭ᠎ᠠ ᠱᠠᠭ᠎ᠠ ᠪᠠᠨ ᠠᠪᠴᠤ ᠪᠣᠯᠬᠤ ᠦᠭᠡᠢ᠂ ᠨᠢᠰᠠᠯᠤᠭᠰᠠᠨ ᠬᠤᠶᠠᠷ ᠱᠠᠭ᠎ᠠ ᠬᠤᠶᠠᠭᠤᠯᠠ ᠪᠠᠨ ᠭᠦᠯᠢᠮ ᠤᠨ ᠭᠠᠳᠠᠨ᠎ᠠ ᠭᠠᠷᠪᠠᠯ᠂ ᠳᠥᠷᠢᠮ ᠵᠥᠷᠢᠴᠡᠭᠰᠡᠨ ᠳᠤ ᠲᠤᠭᠠᠴᠠᠭᠳᠠᠨ᠎ᠠ᠃ ᠭᠡᠶ᠎ᠡ ᠰᠥᠮ᠎ᠡ ᠶᠢᠨ ᠮᠠᠮᠠ ᠨᠠᠷ ᠪᠣᠯ ᠬᠠᠷᠢᠨ ᠣᠶᠢᠴᠢᠭᠰᠠᠨ ᠬᠤᠶᠠᠷ ᠱᠠᠭ᠎ᠠ ᠶᠢᠨ ᠠᠯᠢ ᠨᠢ ᠬᠡᠷᠡᠭᠴᠡᠭᠡ ᠲᠠᠢ ᠶᠠᠭᠤᠮ᠎ᠠ ᠨᠢ ︵ᠳᠠᠷᠤᠢ ᠮᠣᠷᠢ ᠲᠡᠮᠡᠭᠡ ᠬᠤᠨᠢ ᠢᠮᠠᠭ᠎ᠠ︶ ᠪᠣᠯᠣᠭᠰᠠᠨ ᠪᠠᠶᠢᠪᠠᠯ ᠲᠡᠷᠡ ᠶᠢ ᠪᠠᠨ ᠬᠥᠯᠢᠮ ᠳᠡᠭᠡᠷ᠎ᠡ ᠲᠠᠯᠪᠢᠭᠤᠯᠵᠤ ᠵᠠᠯᠭᠠᠨ ᠨᠠᠭᠠᠳᠳᠠᠭ ᠪᠠᠶᠢᠨ᠎ᠠ ᠃ ᠡᠨᠡ ᠲᠠᠯ᠎ᠠ ᠪᠠᠷ ᠰᠥᠮ᠎ᠡ ᠶᠢᠨ ᠨᠠᠭᠠᠳᠤᠮ ᠤᠨ ᠳᠥᠷᠢᠮ ᠨᠢ ᠵᠢᠭᠠᠬᠠᠨ ᠰᠤᠯᠠ ᠰᠢᠭ᠋ ᠪᠠᠶᠢᠳᠠᠭ ᠪᠠᠶᠢᠨ᠎ᠠ᠃ ᠡᠭᠦᠨ ᠢ ᠰᠢᠯᠢᠨᠬᠤᠲᠠ ᠶᠢᠨ ᠪᠠᠶᠠᠨᠪᠤᠯᠠᠭ ᠰᠤᠮᠤᠨ ᠤ ᠪᠠᠷᠬᠠᠰᠤᠸᠠᠳᠢ ᠨᠠᠰᠤᠲᠠᠨ ᠨᠠᠳᠠ ᠳᠤ ᠶᠠᠷᠢᠭᠰᠠᠨ ᠪᠢᠯᠡ᠃          ᠠᠷᠪᠠ ᠳᠤ᠂ ᠬᠠᠮᠤᠭ ᠰᠡᠭᠦᠯ ᠳᠤ ᠬᠤᠶᠠᠷᠬᠠᠨ ᠱᠠᠭ᠎ᠠ ᠦᠯᠡᠳᠡᠭᠰᠡᠨ ᠦᠶ᠎ᠡ ᠳᠤ ᠱᠠᠭ᠎ᠠ ᠪᠠᠶᠢᠬᠤ ᠦᠭᠡᠢ ᠬᠦᠮᠦᠨ ᠢᠵᠢᠯ ᠣᠷᠬᠢᠪᠠᠯ ᠠᠷᠪᠢᠨ ᠱᠠᠭ᠎ᠠ ᠲᠠᠢ ᠬᠦᠮᠦᠨ ᠨᠢ ᠬᠤᠶᠠᠷ ᠱᠠᠭ᠎ᠠ ᠭᠠᠷᠭᠠᠵᠤ ᠦᠷᠭᠦᠯᠵᠢᠯᠡᠨ ᠨᠠᠭᠠᠳᠤᠨ᠎ᠠ᠃ ᠠᠷᠪᠢᠨ ᠱᠠᠭ᠎ᠠ ᠲᠠᠢ ᠬᠦᠮᠦᠨ ᠨᠢ ᠢᠵᠢᠯ ᠣᠷᠬᠢᠪᠠᠯ ᠢᠵᠢᠯ ᠣᠷᠭᠢᠭᠰᠠᠨ ᠬᠤᠶᠠᠷ ᠱᠠᠭ᠎ᠠ ᠪᠠᠨ ᠨᠢᠰᠠᠯᠵᠤ᠂ ᠨᠥᠭᠦᠭᠡ ᠡᠲᠡᠭᠡᠳ ᠢᠶᠠᠨ ᠢᠯᠠᠨ᠎ᠠ᠂ ᠵᠠᠷᠢᠮ ᠦᠶ᠎ᠡ ᠳᠤ ᠪᠠᠰᠠ ᠪᠡᠶ᠎ᠡ ᠪᠡᠶ᠎ᠡ ᠪᠠᠨ ᠬᠤᠷᠣᠰᠬᠠᠵᠤ᠂ ᠰᠢᠬᠡᠵᠢ ᠬᠤᠷᠤᠭᠤ ᠪᠠᠷ ᠢᠶᠠᠨ ᠨᠢᠰᠠᠯᠬᠤ  ᠴᠦ ᠪᠣᠢ᠃          ᠱᠠᠭ᠎ᠠ ᠪᠠᠷ ᠪᠥᠩᠵᠢᠭ ᠣᠷᠬᠢᠬᠤ ᠪᠠ ᠣᠪᠣᠭ᠎ᠠ ᠳᠠᠬᠢᠬᠤ        ᠪᠥᠩᠵᠢᠭ ᠣᠷᠬᠢᠬᠤ ᠦᠶ᠎ᠡ ᠳᠤ ᠬᠡᠷᠪᠡ ᠢᠵᠢᠯ ᠮᠣᠷᠢ ᠪᠣᠰᠪᠠᠯ ᠬᠡᠶᠢᠮᠣᠷᠢ ᠵᠢᠪᠬᠤᠭ᠎ᠠ ᠲᠠᠢ ᠪᠠᠶᠢᠨ᠎ᠠ ᠭᠡᠵᠤ ᠶᠡᠭᠡ ᠯᠠ ᠪᠡᠯᠭᠡᠰᠢᠶᠡᠵᠤ ᠪᠠᠶᠢᠳᠠᠭ᠃ ᠵᠠᠷᠢᠮ ᠭᠠᠵᠠᠷ ᠣᠷᠬᠢᠭᠰᠠᠨ ᠠᠷᠪᠢᠨ ᠱᠠᠭ᠎ᠠ ᠶᠢᠨ ᠳᠣᠮᠳᠠ ᠠᠴᠠ ᠡᠬᠢᠯᠡᠵᠤ ᠨᠢᠰᠠᠯᠬᠤ ᠠᠴᠠ ᠪᠠᠨ ᠡᠮᠦᠨ᠎ᠡ ᠮᠣᠷᠢ ᠪᠣᠰᠤᠭᠰᠠᠨ ᠱᠠᠭ᠎ᠠ ᠪᠠᠨ ᠳᠡᠭᠦᠵᠦ ᠠᠪᠳᠠᠭ᠃ ᠮᠠᠨ ᠤ ᠠᠳᠡ ᠳᠡᠭᠡᠳᠡᠭ ᠦᠭᠡᠢ᠃ ᠠᠷᠪᠢᠨ ᠮᠣᠷᠢ ᠪᠣᠰᠣᠭᠰᠠᠨ ᠪᠠᠶᠢᠪᠠᠯ ᠬᠡᠶᠢᠮᠣᠷᠢ ᠲᠠᠢ ᠪᠠᠶᠢᠨ᠎ᠠ ᠭᠡᠵᠤ ᠱᠠᠭ᠎ᠠ ᠨᠢᠰᠠᠯᠬᠤ ᠬᠦᠮᠦᠨ ᠵᠣᠷᠢᠭ ᠵᠣᠯᠪᠤᠭ᠎ᠠ  ᠲᠠᠢ ᠪᠣᠯᠵᠤ᠂ ᠦᠵᠡᠵᠤ ᠬᠠᠷᠠᠵᠤ ᠪᠠᠶᠢᠭ᠎ᠠ ᠬᠦᠮᠦᠰ ᠴᠦ ︿︿ ᠪᠣᠯᠵᠤ ᠪᠠᠶᠢᠨ᠎ᠠ᠂ ᠠᠵᠠ ᠲᠠᠢ ᠪᠠᠶᠢᠨ᠎ᠠ᠂ ᠢᠯᠠᠬᠤ ᠶᠤᠮ ᠪᠠᠶᠢᠨ᠎ᠠ﹀﹀ ᠭᠡᠵᠤ ᠤᠷᠮ᠎ᠠ ᠬᠠᠶᠢᠷᠠᠯᠠᠳᠠᠭ᠃ ᠣᠷᠬᠢᠬᠤ ᠠᠷᠪᠢᠨ ᠱᠠᠭ᠎ᠠ ᠶᠢᠨ ᠳᠤᠮᠳᠠ ᠠᠴᠠ ᠭᠡᠯᠲᠡᠩ ᠲᠡᠮᠡᠭᠡ ᠪᠣᠶᠣ ᠭᠡᠯᠲᠡᠩ ᠮᠣᠷᠢ ᠭᠠᠷᠳᠠᠭ᠃ ᠡᠨᠡ ᠦᠶ᠎ᠡ ᠳᠤ ᠨᠠᠭᠠᠳᠴᠤ ᠪᠠᠶᠢᠭ᠎ᠠ ᠨᠥᠭᠦᠭᠡ ᠡᠲᠡᠭᠡᠳ ᠨᠢ ᠭᠦᠯᠢᠮ ᠳᠡᠭᠡᠷ᠎ᠡ ᠭᠡᠯᠲᠡᠩ ᠲᠡᠮᠡᠭᠡ ᠭᠡᠯᠲᠡᠩ ᠮᠣᠷᠢᠨ ᠤ ᠬᠠᠵᠠᠭᠤ ᠳᠤ ᠬᠥᠩᠭᠡᠬᠡᠨ ᠭᠤᠷᠪᠠ ᠲᠣᠭᠰᠢᠨ᠎ᠠ᠂ ᠬᠡᠷᠪᠡ ᠤᠨᠠᠬᠤ ᠦᠭᠡᠢ ᠪᠣᠯ ᠭᠡᠯᠳᠡᠩ ᠲᠡᠮᠡᠭᠡ ᠪᠣᠯ ᠲᠡᠮᠡᠭᠡ ᠪᠠᠷ ᠨᠢ ᠪᠣᠳᠣᠨ᠎ᠠ᠂ ᠭᠡᠯᠳᠡᠩ ᠮᠣᠷᠢ ᠪᠣᠯ ᠮᠣᠷᠢ ᠪᠠᠷ ᠪᠣᠳᠣᠨ᠎ᠠ᠂ ᠤᠨᠠᠪᠠᠯ ᠬᠤᠨᠢ ᠢᠮᠠᠭᠠᠨ ᠤ ᠠᠯᠢ ᠨᠢ ᠲᠤᠰᠪᠠᠯ ᠠᠯᠢ ᠪᠠᠷ ᠨᠢ ᠪᠣᠳᠣᠳᠠᠭ᠂ ᠪᠠᠰᠠ ᠣᠷᠬᠢᠭᠰᠠᠨ ᠣᠯᠠᠨ ᠱᠠᠭ᠎ᠠ ᠶᠢᠨ ᠳᠤᠮᠳᠠ ᠠᠴᠠ ᠳᠡᠭᠡᠷ᠎ᠡ ᠳᠡᠭᠡᠷ᠎ᠡ ᠪᠠᠨ ᠳᠠᠪᠬᠤᠷᠯᠠᠵᠤ ᠪᠠᠭᠤᠭᠰᠠᠨ ᠢ ᠣᠪᠣᠭ᠎ᠠ ᠭᠡᠵᠣ ᠂ ᠣᠪᠣᠭ᠎ᠠ ᠳᠠᠬᠢᠬᠤ ᠦᠢᠯᠡ ᠬᠥᠳᠡᠯᠭᠡᠭᠡᠨ ᠶᠠᠪᠤᠭᠳᠠᠳᠠᠭ᠃ ᠱᠠᠭ᠎ᠠ ᠣᠷᠬᠢᠭᠰᠠᠨ ᠬᠦᠮᠦᠨ ᠤ ᠨᠥᠭᠦᠭᠡ ᠡᠲᠡᠭᠡᠳ ᠨᠢ ᠨᠢᠭᠡᠳᠦᠭᠡᠷ ᠲᠤ ᠮᠣᠷᠢ ᠠᠪᠴᠤ ᠲᠠᠬᠢᠳᠠᠭ᠂ ᠢᠯᠡᠭᠦᠦ ᠱᠠᠭ᠎ᠠ ᠬᠤᠨᠵᠢᠬᠤ ᠶᠢᠨ ᠲᠤᠯᠠᠳᠠ᠂ ᠣᠪᠣᠭᠠᠨ ᠠᠴᠠ ᠵᠠᠶᠢᠲᠠᠢ ᠰᠢᠭ᠋ ᠣᠷᠬᠢᠳᠠᠭ᠂ ︵ᠣᠪᠣᠭᠠᠨ ᠤ ᠬᠠᠵᠠᠭᠤᠬᠠᠨ ᠳᠤ ᠣᠷᠬᠢᠪᠠᠯ ᠲᠣᠷᠭᠢᠯᠲᠠ ᠠᠴᠠ ᠪᠣᠯᠵᠤ ᠣᠪᠣᠭ᠎ᠠ ᠨᠤᠷᠠᠴᠢᠬᠠᠪᠠᠯ ᠣᠪᠣᠭ᠎ᠠ ᠳᠠᠬᠢᠭᠰᠠᠨ ᠬᠦᠮᠦᠨ ᠭᠠᠭᠴᠠ ᠯᠠ ᠱᠠᠭ᠎ᠠ ᠬᠤᠨᠵᠢᠬᠤ ᠪᠢᠰᠢ  ᠦᠦ︶ ᠬᠤᠶᠠᠷ᠂ ᠭᠤᠷᠪᠠᠳᠤᠭᠠᠷ ᠲᠤ ᠲᠡᠮᠡᠭᠡ ᠬᠤᠨᠢ᠂ ᠢᠮᠠᠭ᠎ᠠ ᠠᠯᠢᠨ ᠨᠢ ᠴᠦ ᠪᠣᠯᠣᠨ᠎ᠠ᠂ ᠣᠪᠣᠭᠠᠨ ᠤ ᠣᠷᠴᠢᠮ ᠣᠷᠬᠢᠵᠤ᠂ ᠭᠤᠷᠪᠠᠳᠤᠭᠠᠷ ᠲᠤ ᠵᠠᠪᠠᠯ ᠣᠪᠣᠭ᠎ᠠ ᠶᠢ ᠨᠢ ᠪᠠᠭᠤᠯᠭᠠᠵᠤ ᠥᠭᠭᠦᠭᠰᠡᠨ ᠪᠠᠶᠢᠬᠤ ᠬᠡᠷᠡᠭᠲᠡᠢ᠃   ᠱᠠᠭ᠎ᠠ ᠨᠢᠰᠠᠯᠬᠤ ᠨᠢ ᠨᠠᠰᠤ ᠵᠢᠯ ᠤᠨ ᠬᠢᠵᠠᠭᠠᠷᠯᠠᠯ ᠦᠭᠡᠢ ᠵᠡᠷᠭᠡ ᠬᠡᠷᠬᠢᠮ ᠤᠨ ᠢᠯᠭᠠᠯ ᠦᠭᠡᠢ ᠨᠠᠭᠠᠳᠳᠠᠭ ᠨᠠᠭᠠᠳᠤᠮ ᠪᠤᠯᠬᠤᠷ ᠶᠡᠭᠡ ᠯᠠ ᠬᠥᠭᠵᠢᠶᠡᠨ ᠲᠠᠢ ᠮᠥᠷᠲᠡᠭᠡᠨ ᠠᠲᠠᠭ᠎ᠠ ᠵᠦᠲᠡᠭᠡ ᠲᠠᠢ ᠪᠠᠶᠢᠳᠠᠭ ᠶᠤᠮ ᠪᠠᠶᠢᠨ᠎ᠠ᠂ ᠡᠨᠡ ᠲᠤᠬᠠᠢ ᠲᠠᠢ ᠣᠳᠣ ᠶᠢᠨ ᠪᠠᠶᠠᠨᠪᠤᠯᠠᠭ ᠰᠤᠮᠤᠨ ᠤ ᠪᠠᠷᠬᠠᠰᠤᠸᠠᠳᠢ ᠨᠠᠰᠤᠲᠠᠨ ᠬᠡᠯᠡᠬᠦ ᠳᠡᠭᠡᠨ ᠪᠡᠶᠢᠰᠡ ᠶᠢᠨ ᠰᠥᠮ᠎ᠡ ᠶᠢᠨ ᠬᠠᠶᠢᠮᠴᠤᠭ ᠭᠡᠳᠡᠭ ᠳ᠋ᠠ ᠯᠠᠮᠠ ᠴᠠᠭᠠᠨ ᠰᠠᠷ᠎ᠠ ᠶᠢᠨ ᠱᠠᠭ᠎ᠠ ᠨᠠᠭᠠᠳᠤᠮ ᠢᠶᠠᠷ ᠢᠶᠠᠨ ᠵᠢᠭᠠᠬᠠᠨ ᠱᠠᠪᠢ ᠳᠠᠭᠠᠨ ᠱᠦᠭᠦᠭᠳᠡᠵᠡᠢ᠂ ᠴᠠᠭᠠᠨ ᠰᠠᠷ᠎ᠠ ᠥᠩᠭᠡᠷᠡᠵᠤ ᠬᠤᠷᠠᠯ ᠬᠤᠷᠠᠵᠤ ᠨᠣᠮ ᠬᠠᠶᠠᠯᠴᠠᠬᠤ ᠪᠣᠯᠬᠤ ᠳᠤ ᠥᠨᠥ ᠵᠢᠭᠠᠬᠠᠨ ᠱᠠᠪᠢ ᠨᠢ ᠰᠤᠷᠤᠭᠰᠠᠨ ᠨᠣᠮ ᠢᠶᠠᠨ ᠮᠠᠷᠲᠠᠴᠢᠬᠠᠵᠠᠢ᠂ ᠬᠠᠶᠢᠮᠴᠤᠭ ᠳ᠋ᠠ ᠯᠠᠮᠠ ᠶᠡᠭᠡ ᠯᠠ ᠠᠭᠤᠷᠯᠠᠵᠤ᠄ ︿︿ᠴᠢᠨᠤ ᠥᠨᠥ ᠱᠠᠭ᠎ᠠ ᠨᠠᠭᠠᠳᠤᠭᠠᠳ ᠬᠦᠮᠦᠨ ᠱᠦᠭᠦᠳᠡᠭ ᠤᠬᠠᠭᠠᠨ ᠴᠢᠨᠢ ᠶᠠᠭᠠᠴᠢᠬᠠᠪᠠ﹀﹀ ᠭᠡᠵᠤ ᠵᠠᠩᠨᠠᠭᠰᠠᠨ ᠭᠡᠨ᠎ᠡ᠃            ᠱᠠᠭ᠎ᠠ ᠶᠢ ᠪᠤᠳᠤᠬᠤ᠂ ᠬᠠᠮᠠᠭᠠᠯᠠᠬᠤ ᠪᠠ ᠨᠠᠭᠠᠳᠤᠮ ᠤᠨ ᠪᠡᠯᠭᠡᠳᠡᠯ             ᠠᠪᠠᠭᠠᠨᠠᠷ ᠨᠤᠲᠤᠭ ᠲᠤ ᠱᠠᠭ᠎ᠠ ᠨᠢᠰᠠᠯᠵᠤ ᠨᠠᠭᠠᠳᠬᠤ ᠳᠤ ᠵᠠᠪᠠᠯ ᠵᠡᠭᠡᠷ᠎ᠡ ᠶᠢᠨ ᠱᠠᠭ᠎ᠠ ᠪᠠᠷ ᠨᠠᠭᠠᠳᠤᠳᠠᠭ᠂ ᠤᠴᠢᠷ ᠨᠢ ᠵᠡᠭᠡᠷ᠎ᠡ ᠶᠢᠨ ᠱᠠᠭ᠎ᠠ ᠦᠵᠡᠬᠦ ᠳᠤ ᠴᠡᠪᠡᠷ ᠴᠡᠮᠴᠡᠭᠡᠷ᠂ ᠭᠤᠸ᠎ᠠ ᠭᠡᠭᠡᠨᠴᠡᠷ ᠭᠠᠷ ᠲᠤ ᠠᠳᠬᠤᠬᠤ ᠳᠤ ᠪᠠᠭᠲᠠᠭᠠᠮᠵᠢ ᠰᠠᠶᠢᠲᠠᠢ ᠮᠥᠷᠲᠡᠭᠡᠨ ᠡᠶᠡᠪᠡᠷᠭᠦᠦ ᠲᠠᠭᠠᠯᠠᠮᠵᠢᠲᠠᠢ᠃ ᠨᠢᠰᠠᠯᠬᠤ ᠳᠤ ᠣᠨᠣᠴᠠ ᠰᠠᠶᠢᠲᠠᠢ᠂ ᠰᠣᠨᠤᠰᠬᠤ  ᠳᠤ ᠳᠠᠭᠤᠨ ᠤ ᠥᠩᠭᠡ ᠲᠣᠷᠨᠢᠭᠤᠨ᠂ ᠣᠷᠬᠢᠬᠤ ᠳᠤ ᠲᠣᠰᠣᠯᠲᠠ ᠰᠠᠶᠢᠲᠠᠢ ᠵᠡᠷᠭᠡ ᠣᠨᠴᠠᠯᠢᠭ ᠲᠠᠢ ᠪᠠᠶᠢᠳᠠᠭ᠃ ᠵᠡᠭᠡᠷ᠎ᠡ ᠶᠢᠨ ᠱᠠᠭ᠎ᠠ ᠤᠳᠠᠭᠠᠨ ᠵᠢᠯ ᠪᠣᠯᠣᠭᠰᠠᠨ ᠨᠢ ᠰᠢᠪ ᠰᠢᠷ᠎ᠠ ᠥᠩᠭᠡᠲᠡᠢ ᠮᠥᠷᠲᠡᠭᠡᠨ ᠮᠣᠷᠢᠨ ᠲᠠᠯ᠎ᠠ ᠲᠡᠮᠡᠭᠡᠨ ᠲᠠᠯ᠎ᠠ ᠨᠢ ᠭᠥᠯᠢᠭᠡᠷ ᠪᠣᠯᠴᠢᠬᠠᠭᠰᠠᠨ ᠪᠠᠶᠢᠳᠠᠭ᠃ ᠨᠠᠰᠤᠲᠠᠶᠢᠴᠤᠤᠯ ᠤᠨ ᠬᠠᠭᠤᠴᠢᠯᠠᠬᠤ ᠪᠠᠷ ᠱᠠᠭ᠎ᠠ ᠶᠢ ᠤᠳᠠᠭᠠᠨ ᠵᠢᠯ ᠨᠠᠭᠠᠳᠴᠤ᠂ ᠭᠠᠷ ᠤᠨ ᠬᠥᠯᠥᠰᠥ ᠣᠷᠤᠭᠰᠠᠨ ᠠᠴᠠ ᠰᠢᠷ᠎ᠠ ᠥᠩᠭᠡᠲᠡᠢ ᠪᠣᠯᠣᠯ᠎ᠠ ᠭᠡᠵᠤ ᠶᠠᠷᠢᠳᠠᠭ᠃  ᠪᠠᠰᠠ ᠦᠬᠡᠷ ᠤᠨ ᠰᠢᠯᠪᠢᠨ ᠤ ᠶᠠᠰᠤᠨ ᠤ ᠱᠥᠯᠥᠨ ᠳᠤ ᠵᠥᠭᠡᠯᠡᠨ ᠭᠠᠯ ᠢᠶᠠᠷ ᠤᠳᠠᠭᠠᠨ ᠪᠤᠴᠠᠯᠭᠠᠪᠠᠯ ᠰᠢᠷ᠎ᠠ ᠥᠩᠭᠡᠲᠠᠢ ᠪᠣᠯᠣᠨ᠎ᠠ ᠭᠡᠳᠡᠭ᠃ ᠬᠠᠳᠠᠨ ᠤ ᠬᠠᠭ ᠴᠢᠨᠠᠵᠤ ᠪᠣᠯᠭᠤᠭᠰᠠᠨ ᠣᠰᠤᠨ ᠳᠤ ᠨᠢ ᠱᠠᠭ᠎ᠠ ᠪᠠᠨ ᠪᠤᠴᠠᠯᠭᠠᠪᠠᠯ ᠨᠣᠭᠤᠭᠠᠨ ᠥᠩᠭᠡᠲᠡᠢ ᠪᠣᠯᠳᠠᠭ ᠭᠡᠨ᠎ᠡ᠃ ᠱᠠᠭ᠎ᠠ ᠶᠢ ᠤᠳᠠᠭᠠᠨ ᠵᠢᠯ ᠬᠠᠳᠠᠭᠠᠯᠠᠬᠤ ᠳᠤ ᠵᠠᠪᠠᠯ ᠵᠢᠯ ᠳᠤ ᠬᠡᠳᠦ ᠤᠳᠠᠭ᠎ᠠ  ᠲᠠᠭᠠᠷᠴᠤᠭ ᠠᠴᠠ ᠨᠢ ᠭᠠᠷᠭᠠᠵᠤ ᠨᠠᠷᠠ ᠰᠠᠯᠬᠢ ᠦᠵᠡᠭᠦᠯᠵᠤ ᠡᠷᠭᠢᠭᠦᠯᠵᠤ ᠤᠷᠪᠠᠭᠤᠯᠵᠤ ᠭᠠᠷ ᠤᠨ ᠬᠥᠯᠥᠰᠥ ᠤᠷᠤᠭᠤᠯᠵᠤ ᠪᠠᠶᠢᠬᠤ ᠬᠡᠷᠡᠭᠲᠡᠢ᠃ ᠬᠠᠷᠢᠨ ᠴᠢᠬᠢᠭ ᠨᠣᠶᠢᠲᠠᠨ ᠢ ᠬᠠᠮᠢᠶᠠᠷᠬᠤ ᠦᠭᠡᠢ ᠡᠷᠤᠢ ᠬᠤᠷᠤᠢ ᠦᠭᠡᠢ ᠬᠠᠶᠠᠴᠢᠬᠠᠵᠤ ᠪᠣᠯᠬᠤ ᠦᠭᠡᠢ᠃ ᠨᠡᠩ ᠴᠦ ᠬᠥᠨᠳᠡᠢ ᠬᠠᠨᠳᠠᠢ ᠳᠤ ᠬᠦᠰᠡᠷ ᠬᠠᠶᠠᠴᠢᠬᠠᠵᠤ ᠪᠣᠯᠬᠤ ᠦᠭᠡᠢ᠃ ᠢᠩᠭᠢᠪᠡᠯ ᠬᠤᠷᠣᠬᠠᠶᠢᠰᠢᠶᠠᠬᠤ ᠠᠶᠤᠯ ᠲᠠᠢ᠂ ᠬᠤᠷᠤᠬᠠᠶᠢᠰᠢᠶᠠᠪᠠᠯ ᠥᠩᠭᠡ ᠵᠢᠪᠠᠷ ᠢᠶᠠᠨ ᠠᠯᠳᠠᠵᠤ ᠠᠳᠡ ᠲᠡᠨᠳᠡ ᠠᠴᠠ ᠨᠢ ᠬᠤᠩᠬᠤᠶᠢᠵᠤ ᠬᠤᠲᠤᠶᠢᠭᠠᠳ ᠥᠩᠭᠡ ᠦᠵᠡᠮᠵᠢ ᠦᠭᠡᠢ ᠪᠤᠯᠤᠨ᠎ᠠ᠃ ᠱᠠᠭ᠎ᠠ ᠨᠢᠰᠠᠯᠬᠤ ᠳᠤᠮᠳᠠ ᠪᠠᠨ ᠬᠤᠨᠢᠨ ᠠᠴᠠ ᠡᠬᠢᠯᠡᠪᠡᠯ ᠬᠤᠨᠵᠢᠨ᠎ᠠ᠂ ᠮᠣᠷᠢᠨ ᠠᠴᠠ ᠡᠬᠢᠯᠡᠪᠡᠯ ᠮᠣᠬᠤᠨ᠎ᠠ᠂ ᠲᠡᠮᠡᠭᠡᠨ ᠠᠴᠠ ᠡᠬᠢᠯᠡᠪᠡᠯ ᠲᠡᠩᠬᠡᠷᠡᠨ᠎ᠡ᠂ ᠢᠮᠠᠭᠠᠨ ᠠᠴᠠ ᠡᠬᠢᠯᠡᠪᠡᠯ ᠶᠠᠳᠠᠷᠠᠨ᠎ᠠ ᠭᠡᠬᠦ ᠪᠣᠶᠣ ᠨᠠᠭᠠᠳᠴᠤ ᠪᠠᠶᠢᠭ᠎ᠠ ᠬᠤᠶᠠᠷ ᠬᠦᠮᠦᠨ ᠤ ᠨᠢᠭᠡ ᠨᠢ ᠴᠥᠬᠡᠨ ᠭᠡᠳᠤᠨ ᠱᠠᠭ᠎ᠠ ᠲᠠᠢ ᠦᠶᠡᠰ ᠵᠢᠱᠢᠶᠡᠯᠡᠪᠡᠯ ᠵᠢᠷᠭᠤᠭᠠᠨ ᠱᠠᠭ᠎ᠠ ᠲᠠᠢ ᠦᠶᠡᠰ ᠵᠢᠭᠤᠷᠠᠯᠳᠤᠬᠤ ᠶᠢᠨ ᠵᠢᠷᠭᠤᠭ᠎ᠠ ᠂ ᠳᠣᠯᠣᠭᠠᠨ ᠱᠠᠭ᠎ᠠ ᠲᠠᠢ ᠪᠣᠯ ᠳᠣᠷᠣᠶᠢᠲᠠᠬᠤ ᠶᠢᠨ ᠳᠣᠯᠤᠭ᠎ᠠ᠂ ᠨᠠᠢᠮᠠᠨ ᠱᠠᠭ᠎ᠠ ᠲᠠᠢ ᠪᠣᠯ ᠨᠠᠭᠠᠰᠢᠯᠠᠬᠤ ᠶᠢᠨ ᠨᠠᠢᠮᠠ ᠭᠡᠬᠦ ᠵᠡᠷᠭᠡ ᠶᠢᠨ ᠬᠤᠯᠪᠤᠭ᠎ᠠ ᠬᠤᠷᠰᠢᠶ᠎ᠠ ᠦᠭᠡ ᠣᠯᠠᠨ ᠪᠠᠶᠢᠳᠠᠭ ᠪᠥᠭᠡᠳ ᠴᠠᠭᠠᠨ ᠰᠠᠷ᠎ᠠ ᠥᠩᠭᠡᠷᠡᠵᠦ᠂ ᠬᠠᠪᠤᠷ ᠤᠨ ᠲᠥᠯ ᠲᠣᠰᠬᠤ ᠴᠠᠭ ᠪᠣᠯᠬᠤ ᠦᠶᠡᠰ ᠱᠠᠭ᠎ᠠ ᠨᠠᠭᠠᠳᠤᠪᠠᠯ ᠮᠠᠶᠢᠭ ᠬᠤᠷᠠᠭ᠎ᠠ ᠭᠠᠷᠤᠨ᠎ᠠ ᠭᠡᠵᠤ ᠨᠠᠭᠠᠳᠬᠤ ᠪᠠᠨ ᠪᠣᠯᠢᠵᠤ᠂ ᠬᠤᠷᠢᠶᠠᠵᠤ ᠲᠠᠯᠪᠢᠳᠠᠭ᠃          ᠶᠡᠷᠦᠩᠬᠡᠢ ᠪᠠᠶᠢᠳᠠᠯ ᠠᠴᠠ ᠨᠢ ᠠᠪᠴᠤ ᠦᠵᠡᠬᠦ ᠳᠤ᠄ ᠠᠪᠠᠭᠠᠨᠠᠷ ᠨᠤᠲᠤᠭ ᠤᠨ ᠱᠠᠭ᠎ᠠ ᠶᠢᠨ ᠰᠤᠶᠤᠯ ᠠᠭᠤᠯᠭ᠎ᠠ ᠥᠷᠭᠡᠨ ᠳᠡᠯᠭᠡᠷ ᠪᠥᠭᠡᠳ ᠪᠣᠰᠤᠳ ᠭᠠᠵᠠᠷ ᠣᠷᠣᠨ ᠤ ᠱᠠᠭ᠎ᠠ ᠶᠢᠨ ᠰᠤᠶᠤᠯ ᠠᠴᠠ ᠬᠤᠵᠢᠮᠳᠠᠬᠤ ᠦᠭᠡᠢ ᠮᠥᠷᠲᠡᠭᠡᠨ ᠣᠬᠢ ᠰᠢᠯᠢᠳᠡᠭ ᠵᠤᠶᠢᠯ ᠤᠳ ᠴᠦ ᠣᠯᠠᠨ ᠪᠠᠶᠢᠨ᠎ᠠ ᠭᠡᠳᠡᠭ ᠢ ᠮᠡᠳᠡᠷᠡᠬᠦ ᠶᠢᠨ ᠬᠠᠮᠲᠤ ᠵᠠᠬ᠎ᠠ ᠵᠤᠬ᠎ᠠ ᠠᠴᠠ  ᠨᠢ ᠪᠠᠭ᠎ᠠ ᠰᠠᠭ᠎ᠠ ᠲᠠᠨᠢᠯᠴᠠᠭᠤᠯᠤᠯ᠎ᠠ᠃                 ᠲᠠᠶᠢᠯᠪᠤᠷᠢ  ①ᠮᠥᠩᠬᠦᠵᠢᠬᠦ — ᠮᠥᠩᠬᠦ ᠲᠠᠢ ᠪᠣᠯᠬᠤ᠃  ②ᠪᠥᠩᠵᠢᠭ — ᠬᠤᠶᠠᠷ ᠱᠠᠭ᠎ᠠ ᠣᠷᠬᠢᠬᠤ ᠶᠢ ᠪᠥᠩᠵᠢᠭ ᠭᠡᠳᠡᠭ᠃  ③ᠵᠠᠩᠭᠠᠵᠤ — ᠡᠷᠡᠭᠡᠯᠵᠡᠵᠤ ᠲᠠᠲᠠᠭᠠᠯᠵᠠᠵᠤ᠃  ④ᠬᠥᠨᠳᠡᠬᠦ — ᠢᠵᠢᠯ ᠬᠤᠶᠡᠷ ᠱᠠᠭ᠎ᠠ ᠶᠢ ᠨᠢᠰᠠᠯᠬᠤ ᠭᠡᠵᠤ ᠪᠠᠶᠢᠭᠠᠳ ᠬᠠᠵᠠᠭᠤ ᠳᠤᠨᠢ ᠪᠠᠶᠢᠭᠰᠠᠨ ᠥᠭᠡᠷ᠎ᠡ ᠨᠢᠭᠡ ᠱᠠᠭ᠎ᠠ ᠳᠤ ᠰᠠᠨᠠᠮᠰᠠᠷ ᠦᠭᠡᠢ ᠭᠠᠷ ᠬᠦᠷᠬᠦ᠃  ⑤ ᠬᠥᠨᠳᠡᠭᠡ — ᠬᠤᠶᠠᠷ ᠪᠤᠶᠤ ᠬᠤᠶᠠᠷ ᠠᠴᠠ ᠳᠡᠭᠡᠭᠰᠢ ᠱᠠᠭ᠎ᠠ ᠨᠢᠭᠡ ᠳᠤᠤᠷ᠎ᠠ ᠨᠠᠭᠠᠯᠳᠤᠵᠤ ᠣᠪᠤᠭᠠᠷᠠᠭᠰᠠᠨ ᠢ ᠬᠡᠯᠡᠨ᠎ᠡ᠃
 
ᠢᠷᠡᠯᠲᠡ᠄ ᠮᠡ᠊᠂ ᠰᠤᠶᠤᠯ  ᠤᠨ ᠬᠤᠯᠪᠤᠭ᠎ᠠ ᠪᠦᠷᠬᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号