ᠠᠳᠤᠭᠤᠴᠢᠨ ᠪᠠᠳᠤᠰᠦ᠋ᠭᠡ ᠶᠢᠨ ᠬᠠᠪᠤᠷ ᠤᠨ ᠨᠢᠭᠡ ᠡᠳᠤᠷ
ᠨᠡᠶᠢᠲᠡᠯᠡᠭᠰᠡᠨ ᠴᠠᠭ᠄
2017/3/16
          ᠳᠠᠯ᠎ᠠ ᠶᠢᠨ ᠴᠠᠰᠤ ᠬᠠᠶᠢᠯᠵᠤ᠂ ᠲᠦᠯ ᠤᠨ ᠳᠠᠭᠤᠨ ᠬᠠᠨᠭ᠍ᠭᠢᠨᠠᠨ᠂ ᠬᠦᠳᠡᠭᠡ ᠨᠤᠳᠤᠭ ᠲᠤ ᠤᠷᠢᠨ ᠳᠤᠯᠠᠭᠠᠨ ᠬᠠᠪᠤᠷ ᠰᠠᠭᠠᠳᠠᠬᠤ ᠪᠠᠷ ᠮᠠᠯᠴᠢᠨ ᠲᠦᠮᠡᠨ ᠮᠢᠨᠢ ᠲᠦᠯ ᠮᠠᠯ ᠤᠨ ᠠᠵᠢᠯ ᠭᠡᠵᠤ ᠶᠠᠭᠠᠷᠠᠬᠤ ᠶᠢᠨ ᠳᠠᠭᠠᠤ ᠳᠤ ᠦᠷᠢᠶ᠎ᠡ ᠴᠠᠭᠠᠯᠠᠬᠤ᠂ ᠳᠠᠭ᠎ᠠ ᠳᠠᠮᠠᠭᠠᠯᠠᠬᠤ ᠵᠡᠷᠭᠡ ᠠᠵᠢᠯ ᠤᠳ ᠢ ᠴᠤ ᠠᠷᠤ ᠠᠷᠤ ᠠᠴᠠ ᠨᠢ ᠠᠮᠵᠢᠭᠤᠯᠳᠠᠭ ᠭᠠᠷᠳᠠᠭ ᠤᠴᠢᠷᠳᠠᠢ᠃                     3 ᠳ᠋ᠤᠭᠠᠷ ᠰᠠᠷ᠎ᠠ ᠶᠢᠨ 5 ᠤ ᠡᠳᠤᠷ᠂ ᠵᠡᠭᠦᠨ ᠦᠵᠦᠮᠦᠴᠢᠨ ᠬᠤᠰᠢᠭᠤᠨ ᠤ ᠤᠯᠢᠶᠠᠰᠤᠳᠠᠢ ᠪᠠᠯᠭᠠᠰᠤᠨ ᠤ ᠡᠷᠳᠡᠨᠢᠬᠭᠤᠯᠠ ᠭᠠᠴᠠᠭᠠᠨ ᠤ ᠠᠵᠢᠯᠴᠢ ᠮᠠᠯᠴᠢᠨ ᠪᠠᠳᠦᠰᠦ᠋ᠭᠡ ᠶᠢᠨ ᠬᠢᠨ ᠡᠳᠤᠷ ᠤᠨ ᠰᠠᠶᠢᠨ ᠢ ᠰᠤᠩᠭᠤᠨ᠂ ᠦᠷᠢᠶ᠎ᠡ ᠴᠠᠭᠠᠯᠠᠵᠤ᠂ ᠳᠠᠭ᠎ᠠ ᠲᠠᠮᠠᠭᠠᠯᠠᠵᠤ ᠪᠢᠯᠡ᠃ ᠮᠠᠯᠴᠢᠨ ᠪᠠᠳᠦᠰᠦ᠋ᠭᠡ ᠶᠢᠨ ᠬᠢᠨ 140 ᠭᠠᠷᠤᠢ ᠠᠳᠤᠭᠤ ᠲᠠᠢ ᠪᠠᠶᠢᠵᠤ᠂ ᠡᠨᠡ ᠡᠳᠤᠷ 30 ᠭᠠᠷᠤᠢ ᠳᠠᠭ᠎ᠠ ᠳᠠᠮᠠᠭᠠᠯᠠᠵᠤ᠂ ᠲᠦᠴᠢᠭᠡᠳ ᠦᠷᠢᠶ᠎ᠡ ᠬᠠᠭᠠᠷᠢᠭᠰᠠᠨ ᠶᠤᠮ ᠃ ︽ᠳᠡᠮ ᠳᠡᠮ ᠳᠡᠭᠡᠨ ᠳᠡᠭᠡᠰᠤ ᠡᠷᠴᠢᠮ ᠳᠡᠭᠡᠨ︾ ᠭᠡᠳᠡᠭᠴᠢᠯᠡᠨ᠂ ᠦᠵᠦᠮᠦᠴᠢᠨ ᠨᠤᠳᠤᠭ ᠲᠤ ᠠᠳᠤᠭᠤ ᠳᠠᠮᠠᠭᠠᠯᠠᠵᠤ ᠦᠷᠢᠶ᠎ᠡ ᠴᠠᠭᠠᠯᠠᠬᠤ ᠪᠤᠯᠬᠤ ᠳᠤ ᠨᠤᠳᠤᠭ ᠤᠰᠤᠨ ᠤ ᠠᠬᠠᠮᠠᠳ ᠳᠤᠮᠤᠭᠠᠳᠠᠳ ᠲᠦᠷᠦᠭᠦᠳᠠᠢ ᠤᠯᠠᠨ ᠵᠠᠯᠠᠭᠤᠴᠤᠳ ᠭᠦᠷᠦᠯᠴᠡᠨ ᠢᠷᠡᠵᠤ ᠬᠠᠪᠰᠤᠷᠤᠯᠴᠠᠳᠠᠭ ᠠᠴᠠ ᠡᠨᠡ ᠨᠢ ᠭᠦᠷ ᠭᠦᠭᠵᠢᠶᠡᠨ ᠢᠶᠠᠷ ᠪᠢᠯᠬᠠᠬᠰᠠᠨ ᠨᠢᠭᠡᠨ ᠤᠳᠠᠭᠠᠨ ᠤ ᠠᠳᠤᠭᠤᠨ ᠰᠤᠶᠤᠯ ᠤᠨ ᠠᠵᠢᠯᠯᠠᠭ᠎ᠠ ᠪᠤᠯᠳᠠᠭ᠃ ᠮᠤᠩᠭᠤᠯᠴᠤᠳ ᠴᠤᠬᠤᠮ ᠠᠯᠢ ᠦᠶ᠎ᠡ ᠠᠴᠠ ᠠᠳᠤᠭᠤ ᠮᠠᠯ ᠳᠠᠭᠠᠨ ᠳᠠᠮᠠᠭ᠎ᠠ ᠳᠠᠷᠤᠳᠠᠭ ᠪᠤᠯᠤᠬᠰᠠᠨ ᠳᠤᠬᠠᠢ ᠠᠵᠢᠬᠯᠠᠪᠠᠯ᠂ ᠬᠤᠪᠢᠯᠠᠢ ᠬᠠᠭᠠᠨ ᠤᠷᠤ ᠰᠠᠭᠤᠬᠰᠠᠨ ᠲᠦᠷᠪᠡᠳᠦᠭᠡᠷ ᠵᠢᠯ ᠳᠡᠭᠡᠨ ᠵᠠᠷᠯᠢᠭ ᠢᠶᠠᠷ ᠬᠠᠭᠠᠨ ᠰᠠᠩ ᠤᠨ ᠠᠳᠤᠭᠤᠨ ᠰᠦᠷᠦᠭ ᠢᠶᠠᠨ ᠳᠠᠮᠠᠭᠠᠯᠠᠵᠤ ︽ᠶᠡᠭᠡ ᠳᠠᠮᠠᠭᠠᠳᠤ ᠠᠳᠤᠭᠤ︾ ᠭᠡᠮᠡᠨ ᠵᠢᠯ ᠪᠦᠷᠢ ᠶᠢᠨ ᠨᠠᠮᠤᠷ ᠪᠦᠷᠢᠳᠭᠡᠳᠡᠭ ᠭᠡᠰᠡᠨ ᠮᠡᠳᠡᠭᠡ ᠵᠠᠩᠭᠢ ᠳᠡᠤᠭᠡ ᠳᠡᠮᠳᠡᠭᠯᠡᠯ ᠳᠤ ᠠᠩᠬ᠎ᠠ ᠬᠠᠷᠠᠬᠳᠠᠬᠰᠠᠨ ᠪᠠᠶᠢᠳᠠᠭ᠃ ᠠᠳᠤᠭᠤ ᠳᠠᠮᠠᠭᠠᠯᠠᠬᠤ ᠶᠤᠰᠤᠨ ᠳᠡᠷᠡ ᠦᠶ᠎ᠡ ᠠᠴᠠ ᠡᠭᠢᠯᠡᠭᠰᠡᠨ ᠢᠶᠠᠷ ᠪᠤᠳᠤᠬᠤ ᠳᠤ ᠮᠤᠩᠭᠤᠯᠴᠤᠳ ᠠᠳᠤᠭᠤ ᠪᠠᠨ ᠳᠠᠮᠠᠭᠠᠯᠠᠨ ᠭᠦᠮᠦᠨ ᠤ ᠦᠪᠡᠷ ᠤᠨ ᠢᠶᠠᠨ ᠢ ᠳᠤᠳᠤᠷᠬᠠᠢ ᠢᠯᠭᠠᠵᠤ ᠴᠢᠳᠠᠬᠤ ᠪᠢᠴᠢᠭ ᠰᠤᠶᠤᠯ ᠤᠨ ᠳᠡᠮᠳᠡᠭ ᠲᠠᠢ ᠪᠤᠯᠤᠭᠠᠳ ᠨᠢᠭᠡᠨᠳᠡ ᠳᠤᠯᠤᠭᠠᠨ ᠵᠠᠭᠤ ᠭᠠᠷᠤᠢ ᠵᠢᠯ ᠤᠨ ᠳᠡᠤᠭᠡ ᠲᠠᠢ ᠪᠤᠯᠤᠬᠰᠠᠨ ᠠᠵᠢ᠃ ᠦᠵᠦᠮᠦᠴᠢᠨ ᠮᠤᠩᠭᠤᠯᠴᠤᠳ ᠳᠡᠭᠡᠪᠡᠯ 1630 ᠤᠨ ᠳᠤ ᠤᠩᠭᠤᠨ ᠳᠤᠷᠠᠯ ᠨᠤᠶᠠᠨ ᠦᠵᠦᠮᠦᠴᠢᠨ ᠠᠶᠢᠮᠠᠭ ᠢ ᠦᠮᠴᠢᠯᠡᠨ ᠡᠷᠭᠡᠰᠢᠶᠡᠭᠰᠡᠨ ᠠᠴᠠ ᠬᠤᠶᠢᠰᠢ ᠯᠡ ᠠᠳᠤᠭᠤ ᠪᠠᠨ ᠦᠪᠡᠷ ᠤᠨ ᠭᠡᠰᠡᠨ ᠶᠠᠮᠠᠷ ᠨᠢᠭᠡᠨ ᠳᠠᠮᠠᠭ᠎ᠠ ᠳᠡᠮᠳᠡᠭ ᠢᠶᠠᠷ ᠪᠤᠰᠤᠳ ᠤᠨ ᠬᠢ ᠠᠴᠠ ᠢᠯᠭᠠᠬᠤ ᠪᠤᠯᠤᠬᠰᠠᠨ ᠪᠤᠯᠪᠠᠤ ᠳ᠋ᠠ⁈ ᠠᠳᠤᠭᠤ ᠶᠢ ᠬᠠᠪᠤᠷ ᠤᠨ ᠦᠶ᠎ᠡ ᠳᠤ ᠳᠠᠮᠠᠭᠠᠯᠠᠳᠠᠭ᠂ ᠭᠡᠭᠦ ᠳᠡᠭᠡᠨ ᠵᠦᠪ ᠳᠠᠯ᠎ᠠ ᠶᠢᠨ ᠭᠤᠶᠠᠨ ᠳᠡᠭᠡᠷ᠎ᠡ ᠨᠢ ᠭᠠᠯ ᠳᠤ ᠤᠯᠠᠶᠢᠯᠭᠠᠬᠰᠠᠨ ᠳᠠᠮᠤᠷ ᠳᠠᠮᠠᠭ᠎ᠠ ᠪᠠᠨ ᠳᠠᠷᠤᠵᠤ ᠳᠠᠮᠠᠭᠠᠯᠠᠨ᠎ᠠ᠃ ᠠᠳᠤᠭᠤᠨ ᠤ ᠬᠠ ᠳᠡᠭᠡᠷ᠎ᠡ ᠳᠠᠷᠤᠪᠠᠯ ᠰᠤᠳᠠᠰᠤ ᠰᠢᠷᠪᠤᠰᠤ ᠨᠢ ᠭᠡᠮᠳᠦᠨ᠎ᠡ ᠭᠡᠵᠤ ᠳᠠᠮᠠᠭ᠎ᠠ ᠳᠠᠷᠤᠳᠠᠭ ᠦᠭᠡᠢ᠃ ᠮᠠᠯᠴᠢᠨ ᠪᠠᠳᠦᠰᠦ᠋ᠭᠡ ᠶᠢᠨ ᠬᠢᠨ ᠠᠳᠤᠭᠤ ᠪᠠᠨ ᠳᠠᠮᠠᠭᠠᠯᠠᠬᠤ ᠪᠤᠯᠬᠤ ᠳᠤ ᠠᠬᠠᠮᠠᠳ ᠳᠤᠮᠤᠭᠠᠳᠠᠳ ᠳᠤᠯᠭ᠎ᠠ ᠶᠢᠨ ᠵᠠᠬ᠎ᠠ ᠳᠤ ᠰᠠᠭᠤᠨ ᠭᠠᠯ ᠲᠦᠯᠡᠵᠤ ᠳᠠᠮᠠᠭ᠎ᠠ ᠤᠯᠠᠶᠢᠳᠬᠠᠬᠤ ᠳᠤ ᠭᠡᠤᠭᠡᠳ ᠪᠠᠭᠠᠴᠤᠳ ᠨᠢ ᠠᠷᠭᠠᠯ ᠬᠤᠮᠤᠤᠯ ᠳᠡᠭᠦᠵᠤ᠂ ᠢᠳᠡᠷ ᠵᠠᠯᠠᠭᠤᠴᠤᠳ ᠳᠠᠭ᠎ᠠ ᠳᠠᠮᠠᠭᠠᠯᠠᠬᠤ ᠠᠵᠢᠯ ᠳᠤ ᠱᠠᠯᠠᠮᠠᠭᠠᠢᠢᠯᠠᠨ᠎ᠠ᠃ ᠢᠡᠭᠭᠢᠵᠤ ᠠᠬᠠᠮᠠᠳ ᠳᠤᠮᠤᠭᠠᠳᠠᠳ ᠠᠴᠠ ᠡᠭᠢᠯᠡᠭᠡᠳ ᠭᠡᠤᠭᠡᠳ ᠪᠠᠭᠠᠴᠤᠳ ᠲᠤ ᠭᠦᠷᠳᠡᠯ᠎ᠡ ᠦᠪᠡᠷ ᠦᠪᠡᠷ ᠤᠨ ᠠᠵᠢᠯ ᠳᠠᠭᠠᠨ ᠶᠠᠭᠠᠷᠠᠵᠤ ᠶᠠᠪᠤᠬᠤ ᠳᠤᠮᠳᠠ ᠮᠤᠩᠭᠤᠯ ᠨᠤᠳᠤᠭ ᠤᠨ ᠮᠢᠨᠢ ᠠᠳᠤᠭᠤ ᠳᠠᠮᠠᠭᠠᠯᠠᠬᠤ ᠭᠡᠳᠡᠭ ᠨᠢᠭᠡᠨ ᠰᠠᠶᠢᠬᠠᠨ ᠰᠤᠶᠤᠯ ᠵᠠᠩᠰᠢᠯ ᠡᠷᠭᠡ ᠦᠭᠡᠢ ᠦᠶ᠎ᠡ ᠳᠠᠮᠵᠢᠬᠳᠠᠨ ᠤᠯᠠᠮᠵᠢᠯᠠᠬᠳᠠᠵᠤ ᠶᠠᠪᠤᠨ᠎ᠠ ᠪᠢᠯᠡ᠃                           ᠠᠳᠤᠭᠤ ᠶᠢ ᠭᠢᠵᠠᠭᠠᠯᠠᠩ ᠳᠤᠨᠢ ᠴᠠᠭᠠᠯᠠᠬᠤ ᠶᠢ ᠦᠵᠦᠮᠦᠴᠢᠨ ᠨᠤᠳᠤᠭ ᠲᠤ ᠦᠷᠢᠶ᠎ᠡ ᠬᠠᠭᠠᠷᠢᠬᠤ ᠭᠡᠳᠡᠭ᠃ ᠭᠦᠢᠳᠡᠨ ᠤ ᠡᠷᠴᠢ ᠪᠠᠭᠤᠷᠠᠵᠤ᠂ ᠬᠠᠪᠤᠷ ᠤᠨ ᠤᠷᠢᠨ ᠳᠤᠯᠠᠭᠠᠨ ᠢᠷᠡᠵᠤ ᠪᠠᠶᠢᠭ᠎ᠠ ᠰᠡᠷᠢᠭᠦᠨ ᠴᠢᠭᠢᠭᠯᠢᠭ ᠠᠭᠤᠷ ᠠᠮᠢᠰᠬᠤᠯ ᠲᠠᠢ ᠡᠳᠤᠷ ᠢ ᠳᠤᠭᠢᠶᠠᠯᠳᠤᠭᠤᠯᠤᠨ ᠦᠷᠢᠶ᠎ᠡ ᠬᠠᠭᠠᠷᠢᠪᠠᠯ ᠭᠡᠮ ᠰᠤᠭᠤᠭ ᠰᠠᠭᠤᠬᠤ ᠦᠭᠡᠢ᠂ ᠡᠰᠭᠡᠯ ᠵᠠᠰᠠᠭᠤᠷ ᠤᠨ ᠤᠷᠤ ᠰᠤᠷᠪᠢ ᠨᠢ ᠤᠬᠤᠷᠬᠠᠨ ᠬᠤᠭᠤᠴᠠᠭᠠᠨ ᠳᠤ ᠠᠨᠠᠵᠤ ᠡᠳᠡᠭᠡᠷᠡᠴᠢᠭᠡᠳᠡᠭ᠃ ᠮᠠᠯᠴᠢᠨ ᠪᠠᠳᠦᠰᠦ᠋ᠭᠡ ᠭᠡᠵᠤ ᠤᠤᠯ ᠠᠴᠠ ᠪᠠᠨ ᠠᠳᠤᠭᠤ ᠬᠠᠷᠢᠭᠤᠯᠵᠤ ᠶᠠᠪᠤᠬᠰᠠᠨ ᠭᠦᠮᠦᠨ ᠪᠤᠯᠬᠤᠷ ᠦᠷᠢᠶ᠎ᠡ ᠬᠠᠭᠠᠷᠢᠬᠤ ᠡᠳᠤᠷ ᠪᠤᠯᠬᠤ ᠳᠤ ᠯᠡ ᠭᠡᠳᠦ᠋ᠢᠨᠠᠢ ᠭᠠᠩ ᠰᠠᠶᠢᠳᠠᠢ᠂ ᠨᠢᠮᠭᠡᠨ ᠮᠦᠷᠦ ᠲᠠᠢ᠂ ᠬᠤᠷᠴᠠ ᠢᠷ ᠲᠠᠢ ᠤᠬᠤᠷ ᠭᠢᠳᠤᠭ᠎ᠠ ᠪᠤᠯᠤᠨ ᠮᠤᠳᠤᠨ ᠰᠠᠪᠰᠠᠯᠭ᠎ᠠ᠂ ᠮᠤᠳᠤᠨ ᠰᠤᠶᠤᠭ᠎ᠠ᠂ ᠬᠠᠪᠳᠠᠭᠠᠢ ᠬᠠᠭᠠᠷᠢᠭᠤᠯ ᠳᠠᠮᠤᠷ ᠵᠡᠷᠭᠡ ᠪᠠᠨ ᠪᠦᠷᠢᠨ ᠰᠠᠶᠢᠬᠠᠨ ᠪᠡᠯᠡᠳᠭᠡᠴᠢᠭᠡᠭᠰᠡᠨ ᠪᠠᠶᠢᠯ᠎ᠠ᠃ ᠠᠳᠤᠭᠤ ᠮᠠᠯ ᠳᠤ ᠬᠠᠶᠢᠷᠠᠳᠠᠢ᠂ ᠠᠵᠢᠯ ᠶᠠᠪᠤᠳᠠᠯ ᠳᠤ ᠳᠡᠮᠳᠠᠢ ᠵᠠᠯᠠᠭᠤᠰ ᠦᠷᠢᠶ᠎ᠡ ᠪᠡᠷᠢᠵᠤ ᠭᠡᠳᠤ ᠭᠡᠳᠦᠭᠦᠯᠡ ᠬᠠᠮᠵᠢᠯᠴᠠᠨ ᠳᠠᠷᠤᠵᠤ ᠤᠨᠠᠭᠠᠨ᠂ ᠬᠤᠶᠢᠳᠤ ᠬᠤᠶᠠᠷ ᠭᠦᠯ ᠢ ᠨᠢ ᠳᠡᠭᠡᠰᠤ ᠪᠠᠷ ᠪᠢᠳᠡᠭᠦᠦ ᠤᠷᠬᠠᠯᠠᠨ ᠳᠠᠳᠠᠬᠤ ᠳᠤ ᠦᠷᠢᠶ᠎ᠡ ᠬᠠᠭᠠᠷᠢᠬᠤ ᠳᠤᠰᠬᠠᠢ ᠭᠦᠮᠦᠰ ᠨᠢ ᠶᠡᠭᠡᠯᠡ ᠳᠡᠮᠳᠠᠶᠢᠭᠡᠨ ᠪᠦᠭᠡᠳ ᠭᠦᠡᠭᠭᠡᠨ ᠬᠠᠭᠠᠷᠢᠨ᠎ᠠ ᠠᠵᠢ᠃                     ᠳᠠᠭ᠎ᠠ ᠳᠠᠮᠠᠭᠠᠯᠠᠬᠤ᠂ ᠦᠷᠢᠶ᠎ᠡ ᠬᠠᠭᠠᠷᠢᠬᠤ ᠠᠵᠢᠯ ᠳᠤ ᠬᠠᠮᠵᠢᠯᠴᠠᠬᠤ ᠪᠠᠷ ᠢᠷᠡᠭᠰᠡᠨ ᠭᠤᠴᠢᠭᠠᠳ ᠭᠦᠮᠦᠰ ᠨᠢᠭᠡ ᠡᠳᠤᠷ ᠭᠢᠷᠢᠳᠠᠢ ᠶᠠᠭᠠᠷᠠᠯᠳᠠᠢ ᠮᠦᠷᠳᠡᠭᠡᠨ ᠪᠠᠶᠠᠷ ᠭᠦᠷ ᠲᠠᠢ ᠠᠵᠢᠯᠯᠠᠬᠤ ᠪᠠᠷ ᠳᠠᠮᠵᠢᠨ ᠲᠠᠭ᠎ᠠ ᠲᠠᠮᠠᠭᠠᠯᠠᠬᠤ᠂ ᠦᠷᠢᠶ ᠎ᠠ ᠬᠠᠭᠠᠷᠢᠬᠤ ᠠᠵᠢᠯ ᠢᠶᠠᠨ ᠳᠠᠭᠤᠰᠬᠠᠬᠤ ᠦᠶ᠎ᠡ ᠳᠤ ᠭᠡᠳᠦ᠋ᠢᠪᠡᠷ ᠨᠡᠯᠢᠶᠡᠳ ᠤᠷᠤᠢ ᠪᠤᠯᠤᠬᠰᠠᠨ ᠪᠤᠯᠪᠠᠴᠤ ᠠᠵᠢᠯ ᠳᠤ ᠤᠷᠤᠯᠴᠠᠬᠰᠠᠨ ᠭᠦᠮᠦᠰ ᠠᠳᠤᠭᠤ ᠨᠠᠭᠠᠳᠴᠤ ᠰᠡᠳᠭᠢᠯ ᠢᠶᠠᠨ ᠰᠡᠷᠭᠦᠭᠡᠨ ᠶᠠᠳᠠᠷᠠᠭ᠎ᠠ ᠪᠠᠨ ᠳᠠᠶᠢᠯᠤᠨ ᠪᠠᠶᠠᠰᠤᠯᠳᠤᠬᠰᠠᠨ ᠪᠠᠶᠢᠨ᠎ᠠ᠃ ᠭᠦᠳᠡᠭᠡ ᠨᠤᠳᠤᠭ ᠤᠨ ᠭᠦᠳᠡᠯᠮᠦᠷᠢᠴᠢᠨ ᠲᠦᠮᠡᠨ ᠭᠡᠵᠤ ᠢᠡᠭᠭᠢᠵᠤ ᠠᠵᠢᠯ ᠭᠦᠳᠡᠯᠮᠦᠷᠢ ᠶᠢᠨ ᠶᠠᠭᠠᠷᠠᠤ ᠴᠠᠭ ᠢᠶᠠᠷ ᠢᠶᠠᠨ ᠬᠠᠷᠢᠯᠴᠠᠨ ᠬᠠᠪᠰᠤᠷᠤᠯᠴᠠᠨ᠂ ᠬᠠᠷᠢᠯᠴᠠᠨ ᠬᠠᠮᠵᠢᠯᠴᠠᠨ ᠪᠠᠶᠢᠳᠠᠭ ᠨᠢ ᠦᠨᠡᠭᠡᠷ ᠮᠠᠬᠳᠠᠭᠤᠰᠢᠳᠠᠢ᠃ ᠮᠦᠨ ᠴᠤ ᠳᠡᠳᠡᠨ ᠤ ᠠᠳᠤᠭᠤᠨ ᠰᠤᠶᠤᠯ ᠢᠶᠠᠨ ᠦᠪᠯᠡᠨ ᠤᠯᠠᠮᠵᠢᠯᠠᠵᠤ ᠶᠠᠪᠤᠭ᠎ᠠ ᠨᠢ ᠳᠠᠩᠴᠢ ᠪᠠᠭ᠋ᠠᠷᠬᠠᠯᠳᠠᠢ᠃  
 
ᠢᠷᠡᠯᠲᠡ᠄ ᠰᠢᠯᠢ ᠶᠢᠨ ᠭᠤᠤᠯ ᠶᠢᠨ ᠡᠳᠦᠷ ᠤᠨ ᠰᠤᠨᠢᠨ ᠤ ᠠᠯᠪᠠᠨ ᠪᠦᠷᠬᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号