ᠥᠷ᠎ᠠ ᠶᠢ ᠨᠢ ᠠᠪᠤᠭᠰᠠᠨ ᠤ ᠲᠠᠷᠠᠭᠠᠭᠢ ᠨᠠᠷᠠᠨ ᠬᠤᠸᠠᠷ ᠤᠨ ᠲᠠᠪᠠᠭ ᠪᠤᠯ ᠮᠥᠨᠴᠤ ᠮᠠᠯ ᠲᠠᠵᠢᠭᠡᠬᠦ | ᠰᠠᠶᠢᠨ ᠪᠤᠷᠳᠤᠭ᠎ᠠ ᠭᠡᠳᠡᠭ ᠢ ᠲᠠ ᠬᠠᠷᠢᠨ ᠮᠠᠳᠠᠬᠦ ᠥᠭᠡᠢ ᠪᠠᠶᠢᠬ᠎ᠠ᠃ ᠨᠠᠷᠠᠨ ᠬᠤᠸᠠᠷ ᠤᠨ ᠲᠠᠪᠠᠭ ᠲᠤ 7% — | 9% ᠤᠨ ᠪᠥᠳᠤᠬᠦᠯᠢᠭ ᠤᠭᠤᠷᠠᠭ᠂ 6.5% — 10.3% ᠤᠨ ᠪᠥᠳᠤᠬᠦᠯᠢᠭ ᠥᠭᠡᠬᠦ᠂ 43.9% ᠠᠽᠤᠲ | ᠥᠭᠡᠢ ᠨᠠᠪᠴᠢᠮᠠᠯ ᠡᠳ᠋᠂ 2. 4% - 3% ᠤᠨ ᠵᠢᠮᠢᠰ ᠤᠨ ᠴᠠᠪᠠᠤᠯᠢᠭ᠂ 10.1% ᠤᠨ ᠥᠨᠠᠰᠤ | ᠠᠭᠤᠯᠤᠭᠳᠠᠵᠤ ᠪᠠᠶᠢᠬᠤ ᠪᠦᠭᠡᠳ ᠪᠥᠳᠤᠬᠦᠯᠢᠭ ᠰᠢᠷᠭᠡᠭᠯᠢᠭ ᠤᠨ ᠠᠭᠤᠯᠤᠭᠳᠠᠴᠨ ᠨᠢ ᠪᠠᠰᠨ ᠮᠠᠰᠢ ᠥᠨᠳᠤᠷ ᠪᠠᠶᠢᠳᠠᠭ | ᠃ ᠲᠠᠬᠦᠨ ᠳᠠᠬᠢ ᠪᠥᠳᠤᠬᠦᠯᠢᠭ ᠤᠭᠤᠷᠠᠭ ᠪᠤᠯᠤᠨ ᠠᠽᠤᠲ ᠥᠭᠡᠢ ᠨᠠᠪᠴᠢᠮᠠᠯ ᠪᠤᠳᠠᠰ ᠤᠨ ᠠᠭᠤᠯᠤᠬᠳᠠᠴᠠ ᠶᠢ ᠠᠮᠤ | ᠪᠤᠳᠠᠭ᠎ᠠ ᠲᠠᠢ ᠠᠳᠠᠯᠢᠳᠬᠠᠵᠤ ᠪᠤᠯᠤᠨ᠎ᠠ᠃ ᠨᠠᠷᠠᠨ ᠬᠤᠸᠠᠷ ᠤᠨ ᠲᠠᠪᠠᠭ ᠢᠶᠠᠷ ᠨᠠᠶᠢᠷᠠᠭᠤᠯᠤᠭᠰᠠᠨ ᠲᠠᠯᠬ᠎ᠠ | ᠪᠤᠷᠳᠤᠭ᠎ᠠ ᠶᠢᠨ ᠵᠠᠭᠤᠨ ᠺᠢᠯᠦᠭᠷᠠᠮ ᠪᠥᠷᠢ ᠶᠢᠨ ᠰᠢᠮ᠎ᠠ ᠲᠠᠵᠢᠭᠡᠯ ᠨᠢ 60 — 66 ᠺᠢᠯᠦᠭᠷᠠᠮ ᠡᠷᠳᠠᠨᠢ ᠰᠢᠰᠢ | ᠪᠤᠶᠤ 70 — 80 ᠺᠢᠯᠦᠭᠷᠠᠮ ᠠᠷᠪᠠᠢ ᠶᠢᠨ ᠨᠠᠷᠢᠯᠢᠭ ᠪᠤᠷᠳᠤᠭ᠎ᠠ ᠲᠠᠢ ᠲᠠᠩᠴᠠᠨ᠎ᠠ᠃ ᠨᠠᠷᠠᠨ ᠬᠤᠸᠠᠷ ᠤᠨ | ᠲᠠᠪᠠᠭ ᠢ ᠪᠤᠯᠪᠠᠰᠤᠷᠠᠭᠤᠯᠵᠤ ᠲᠠᠯᠬ᠎ᠠ ᠪᠤᠷᠳᠤᠭ᠎ᠠ ᠪᠤᠯᠭᠠᠬᠤ ᠠᠴᠠ ᠭᠠᠳᠠᠨ᠎ᠠ ᠪᠠᠰᠨ ᠬᠥᠭᠡ ᠪᠠᠷ ᠲᠠᠷᠤᠰᠢᠭᠤᠯᠵᠤ | ᠡᠪᠤᠯ ᠤᠨ ᠤᠯᠠᠷᠢᠯ ᠳᠤ ᠮᠠᠯ ᠲᠠᠵᠢᠭᠡᠵᠤ ᠪᠤᠯᠤᠨ᠎ᠠ᠃ ᠬᠥᠭᠡ ᠪᠠᠷ ᠲᠠᠷᠤᠰᠢᠭᠤᠯᠤᠭᠰᠠᠨ ᠨᠠᠷᠠᠨ ᠬᠤᠸᠠᠷ ᠤᠨ | ᠲᠠᠪᠠᠭ ᠤᠨ ᠥᠨᠤᠷ ᠨᠢ ᠠᠩᠭᠢᠯᠤᠮ᠎ᠠ᠂ ᠮᠠᠯ ᠢᠳᠠᠬᠦ ᠲᠤᠷᠠᠳᠠᠢ ᠠᠴᠠ ᠮᠠᠯ ᠤᠨ ᠢᠳᠡᠬᠦ ᠲᠤᠷᠠᠰᠢᠯ ᠢ ᠨᠠᠮᠡᠭᠳᠠᠬᠦᠯᠳᠡᠭ᠃ | ᠨᠠᠷᠠᠨ ᠬᠤᠸᠠᠷ ᠤᠨ ᠲᠠᠪᠠᠭ ᠲᠤ ᠶᠡᠭᠡ ᠭᠡᠮᠵᠢᠶᠠᠨ ᠤ ᠺᠠᠯᠼ ᠪᠤᠯᠤᠨ ᠵᠢᠮᠢᠰ ᠤᠨ ᠰᠢᠭᠢᠷ ᠠᠭᠤᠯᠤᠭᠳᠠᠵᠤ ᠪᠠᠶᠢᠬᠤ | ᠪᠤᠯᠬᠤᠷ ᠲᠥᠯ ᠮᠠᠯ ᠪᠤᠯᠤᠨ ᠭᠡᠭᠡᠯ ᠲᠠᠢ ᠮᠠᠯ ᠢ ᠲᠠᠵᠢᠭᠡᠬᠦ ᠳᠤ ᠲᠤᠭᠢᠷᠠᠨ᠎ᠠ᠃ | |