ᠡᠷᠡᠭᠳᠠᠶᠢᠴᠤᠳ ᠤᠨ ᠳᠡᠪᠡᠯ ᠲᠡᠷᠯᠢᠭ ᠡᠮᠦᠰᠬᠦ ᠶᠣᠰᠤᠨ
ᠨᠡᠶᠢᠲᠡᠯᠡᠭᠰᠡᠨ ᠴᠠᠭ᠄
2017/3/3
           ᠡᠷᠡᠭᠳᠠᠶᠢᠴᠤᠳ ᠤᠨ ᠳᠡᠪᠡᠯ ᠲᠡᠷᠯᠢᠭ ᠨᠢ ᠶᠡᠷᠦ ᠨᠢ ᠣᠷᠴᠢᠨ ᠲᠣᠭᠤᠷᠢᠨ ᠪᠠ ᠠᠵᠢᠯ ᠲᠦᠷᠦᠯ ᠳᠤᠨᠢ ᠵᠣᠬᠢᠴᠠᠭᠤᠯᠵᠦ᠂ ᠢᠯᠠᠩᠭᠤᠶ᠎ᠠ ᠡᠷ᠎ᠡ ᠬᠦᠮᠦᠨ ᠤ ᠬᠡᠪ ᠨᠠᠮᠪᠠ᠂ ᠬᠦᠳᠡᠯᠦᠯ ᠪᠠᠶᠢᠳᠠᠯ ᠳᠤ ᠵᠣᠬᠢᠴᠠᠭᠤᠯᠵᠦ ᠡᠯᠪᠡᠭ ᠠᠭᠤᠵᠢᠮ ᠬᠢᠳᠡᠭ᠃ ᠡᠨᠡ ᠲᠣᠬᠠᠢ᠄《 ᠤᠷᠭ᠎ᠠ ᠶᠢᠨ ᠤᠷᠳᠤ ᠶᠢ ᠪᠠᠷᠢᠨ᠎ᠠ ᠭᠡᠵᠦ\ ᠠᠭᠤᠵᠢᠮ ᠰᠤᠭᠤ ᠲᠠᠯᠪᠢᠯ᠎ᠠ\ ᠠᠭᠤᠯᠠᠨ ᠤ ᠵᠢᠪᠡᠷ ᠤᠨᠠᠨ᠎ᠠ ᠭᠡᠵᠦ ᠤᠨᠠᠭᠠᠨ ᠲᠤᠭᠤᠷᠠᠢ ᠨᠢᠳᠤᠷᠭ᠎ᠠ ᠲᠠᠯᠪᠢᠯ᠎ᠠ\ ᠡᠷᠭᠢᠴᠡᠭᠡ ᠮᠣᠷᠢᠨ ᠤ ᠡᠷᠭᠢᠭᠡ ᠶᠢ ᠪᠣᠳᠤᠵᠦ\ ᠡᠯᠪᠡᠭ ᠰᠠᠶᠢᠬᠠᠨ ᠲᠠᠰᠢᠶ᠎ᠠ ᠲᠠᠯᠪᠢᠯ᠎ᠠ》ᠭᠡᠰᠡᠨ ᠰᠢᠯᠦᠭ ᠪᠠᠶᠢᠳᠠᠭ᠃ ᠡᠷᠡᠭᠳᠠᠶᠢᠴᠤᠳ ᠤᠨ ᠳᠡᠪᠡᠯ ᠲᠡᠷᠯᠢᠭ  ᠨᠢ ᠮᠦᠨ ᠲᠡᠳᠡ ᠨᠠᠷ ᠤᠨ ᠮᠠᠯᠠᠭᠠᠢ ᠠᠯᠴᠢᠭᠤᠷ ᠲᠠᠢ ᠠᠳᠠᠯᠢ ᠪᠠᠷ ᠡᠷ᠎ᠡ ᠬᠦᠮᠦᠨ ᠤ ᠡᠷᠡᠯᠬᠡᠭ ᠪᠠᠭᠠᠳᠤᠷ ᠣᠮᠤᠭ ᠵᠣᠷᠢᠭ᠂ ᠡᠯᠢᠭᠡᠰᠡᠭ ᠵᠣᠴᠢᠨᠰᠠᠭ ᠵᠠᠩ ᠴᠢᠨᠠᠷ᠂ ᠠᠭᠤᠳᠠᠮ ᠲᠡᠨᠢᠭᠦᠨ ᠰᠠᠨᠠᠭ᠎ᠠ ᠰᠡᠳᠭᠢᠯ᠂ ᠤᠷᠠᠨ ᠰᠠᠮᠪᠠᠭ᠎ᠠ ᠪᠦᠬᠦᠢ ᠤᠬᠠᠭᠠᠨ ᠪᠣᠳᠤᠯᠭ᠎ᠠ ᠶᠢ ᠲᠣᠳᠤᠷᠬᠠᠢ ᠬᠠᠷᠠᠭᠤᠯᠵᠦ ᠪᠠᠶᠢᠳᠠᠭ᠃ ᠠᠷᠠᠳ ᠤᠨ ᠶᠠᠷᠢᠶᠠᠨ ᠳᠤ《 ᠬᠦᠮᠦᠨ ᠳᠤ ᠲᠦᠷᠦᠭᠦᠦ ᠲᠠᠢ᠂ ᠬᠤᠪᠴᠠᠰᠤᠨ ᠳᠤ ᠵᠠᠭᠠᠮ᠎ᠠ ᠲᠠᠢ 》ᠭᠡᠳᠡᠭᠴᠢᠯᠡᠨ ᠳᠡᠪᠡᠯ ᠲᠡᠷᠯᠢᠭ ᠤᠨ ᠵᠠᠭᠠᠮ᠎ᠠ ︵ᠵᠠᠬ᠎ᠠ︶ ᠶᠢ ᠮᠦᠨ ᠬᠦᠮᠦᠨ ᠤ ᠬᠡᠶᠢᠮᠤᠷᠢ᠂ ᠰᠦᠷ ᠰᠦᠯᠳᠡ ᠲᠠᠢ ᠬᠤᠯᠪᠤᠨ ᠦᠵᠡᠳᠡᠭ᠃ ᠡᠶᠢᠮᠦ ᠠᠴᠠ ᠳᠡᠪᠡᠯ ᠴᠠᠮᠴᠠ ᠬᠠᠨᠵᠢᠶᠠᠷ ᠬᠠᠨᠳᠠᠭᠠᠵᠠ ᠶᠢᠨ ᠵᠠᠭᠠᠮ᠎ᠠ ᠶᠢ ᠳᠣᠷᠤᠭᠰᠢ ᠬᠠᠨᠳᠤᠭᠤᠯᠬᠤ ᠦᠭᠡᠢ᠂ ᠵᠠᠭᠠᠮ᠎ᠠ ᠳᠡᠭᠡᠷ᠎ᠡ ᠭᠢᠰᠬᠢᠬᠦ ᠦᠭᠡᠢ᠂ ᠵᠠᠭᠠᠮ᠎ᠠ ᠦᠭᠡᠢ ᠳᠡᠪᠡᠯ ᠲᠡᠷᠯᠢᠭ ᠡᠮᠦᠰᠳᠡᠭ ᠦᠭᠡᠢ ᠪᠦᠭᠡᠳ ᠬᠠᠭᠤᠴᠢᠷᠠᠭᠰᠠᠨ ᠨᠡᠪᠳᠡᠷᠬᠠᠢ ᠳᠡᠪᠡᠯ ᠲᠡᠷᠯᠢᠭ ᠤᠨ ᠵᠠᠭᠠᠮ᠎ᠠ ᠶᠢ ᠳᠤᠷ᠎ᠠ ᠪᠠᠷ ᠬᠠᠶᠠᠬᠤ ᠦᠭᠡᠢ ᠤᠳᠠᠷᠴᠦ ᠠᠪᠤᠭᠠᠳ ᠭᠠᠯ ᠳᠤ ᠲᠦᠯᠡᠳᠡᠭ᠃ ᠢᠯᠠᠩᠭᠤᠶ᠎ᠠ ᠦᠷᠦᠭᠡᠯ ᠪᠣᠰᠤᠳ ᠢ ᠵᠠᠭᠠᠮᠠᠳᠠᠬᠤ ᠶᠢ ᠣᠨᠴᠠ ᠴᠡᠭᠡᠷᠯᠡᠳᠡᠭ᠃ ᠡᠩᠭᠡᠷ ᠵᠠᠭᠠᠮ᠎ᠠ ᠪᠠᠨ ᠰᠤᠯᠠ ᠵᠠᠳᠠᠭᠠᠢ ᠶᠠᠪᠤᠬᠤ ᠶᠢ ᠴᠡᠭᠡᠷᠯᠡᠳᠡᠭ᠃ ᠰᠤᠯᠠ ᠵᠠᠳᠠᠭᠠᠢ ᠪᠠᠶᠢᠯᠭᠠᠬᠤ ᠨᠢ ᠪᠡᠯᠪᠡᠰᠦᠷᠡᠭᠰᠡᠨ ᠤ ᠰᠢᠨᠵᠢ ᠭᠡᠳᠡᠭ᠃ ᠡᠨᠡ ᠨᠢ ᠲᠡᠭᠦᠨ ᠢ ᠲᠦᠢᠯ ᠢᠶᠠᠷ ᠳᠣᠷᠤᠮᠵᠢᠯᠠᠭᠰᠠᠨ ᠶᠠᠪᠤᠳᠠᠯ ᠭᠡᠵᠦ ᠦᠵᠡᠳᠡᠭ᠃ ᠳᠡᠪᠡᠯ ᠲᠡᠷᠯᠢᠭ ᠲᠤ ᠳᠣᠷᠤᠭᠤ ᠲᠠᠢ ᠪᠠ ᠳᠣᠷᠤᠭᠤ ᠦᠭᠡᠢ ᠳᠡᠪᠡᠯ ᠲᠡᠷᠯᠢᠭ ᠭᠡᠵᠦ ᠭᠡᠵᠦ ᠬᠤᠶᠠᠷ ᠵᠦᠢᠯ ᠪᠠᠶᠢᠳᠠᠭ᠃ ᠳᠡᠪᠡᠯ ᠲᠡᠷᠯᠢᠭ ᠤᠨ ᠳᠤᠷᠤᠭᠤ ᠬᠦᠢᠳᠡᠨ ᠤᠯᠠᠷᠢᠯ ᠳᠤ ᠭᠠᠷ ᠳᠤᠯᠠᠭᠠᠯᠠᠬᠤ ᠪᠣᠶᠤ ᠶᠠᠭᠤᠮ᠎ᠠ ᠶᠢ ᠵᠢᠬᠢᠷᠢᠭᠯᠡᠵᠦ ᠪᠠᠷᠢᠬᠤ ᠳᠤ ᠲᠤᠰᠠᠳᠠᠢ᠃ ᠪᠠᠶᠠᠷ ᠶᠣᠰᠤᠯᠠᠯ ᠤᠨ ᠲᠠᠯᠠᠪᠤᠷ ᠲᠤ ᠵᠠᠪᠠᠯ ᠳᠤᠷᠤᠭᠤ ᠲᠠᠢ ᠳᠡᠪᠡᠯ ᠲᠡᠷᠯᠢᠭ ᠡᠮᠦᠰᠳᠡᠭ᠃ ᠳᠣᠷᠤᠭᠤ ᠦᠭᠡᠢ ᠳᠡᠪᠡᠯ ᠲᠡᠷᠯᠢᠭ ᠢ ᠭᠡᠷ ᠵᠠᠭᠤᠷ᠎ᠠ ᠪᠠᠨ ᠡᠮᠦᠰᠳᠡᠭ᠃ ᠳᠡᠪᠡᠯ ᠲᠡᠷᠯᠢᠭ ᠤᠨ ᠳᠣᠷᠤᠭᠤ ᠳᠡᠭᠡᠷ᠎ᠡ ᠦᠶ᠎ᠡ ᠳᠤ ᠵᠢᠵᠢᠭ ᠪᠠᠶᠢᠭᠰᠠᠨ ᠢᠶᠠᠨ ᠰᠡᠭᠦᠯᠴᠢ ᠶᠢᠨ ᠦᠶ᠎ᠡ ᠳᠤ ᠣᠯᠠᠮ ᠲᠣᠮᠤ ᠬᠠᠯᠪᠠᠭᠠᠷ ᠪᠣᠯᠪᠠ᠃ ᠡᠶᠢᠮᠦ ᠠᠴᠠ ᠡᠩ ᠤᠨ ᠶᠠᠷᠢᠶᠠᠨ ᠳᠤ《 ᠬᠠᠨᠴᠤᠢ ᠪᠠᠨ ᠳᠠᠭᠠᠭᠠᠪᠠᠯ ᠨᠢᠳᠤᠷᠭ᠎ᠠ ᠪᠠᠨ ᠶᠡᠭᠡ ᠬᠢ᠂ ᠲᠣᠭᠤᠨᠤ ᠪᠠᠨ ᠳᠠᠭᠠᠭᠠᠪᠠᠯ ᠡᠷᠦᠬᠡ ᠪᠠᠨ ᠶᠡᠭᠡ ᠬᠢ》ᠭᠡᠰᠡᠨ ᠦᠭᠡ ᠪᠠᠶᠢᠳᠠᠭ᠃ ᠳᠡᠪᠡᠯ ᠲᠡᠷᠯᠢᠭ ᠤᠨ ᠳᠣᠷᠤᠭᠤ ᠶᠢᠨ ᠳᠡᠭᠡᠷ᠎ᠡ ᠬᠡᠰᠡᠭ ᠢ ᠣᠮᠤᠭ ᠭᠡᠳᠡᠭ᠃ ᠲᠡᠭᠦᠨ ᠢ ᠪᠠᠰᠠ ᠡᠷ᠎ᠡ ᠬᠦᠮᠦᠨ ᠤ ᠰᠦᠷ ᠰᠦᠯᠳᠡ᠂ ᠬᠡᠶᠢᠮᠤᠷᠢ  ᠲᠠᠢ ᠬᠤᠯᠪᠤᠭᠳᠠᠭᠤᠯᠤᠨ ᠦᠵᠡᠳᠡᠭ᠃ ᠳᠣᠷᠤᠭᠤ ᠶᠢ ᠲᠡᠷᠡ ᠲᠠᠢ ᠲᠡᠷᠡ ᠦᠭᠡᠢ ᠪᠠᠭᠤᠯᠭᠠᠵᠦ ᠪᠣᠯᠬᠤ ᠦᠭᠡᠢ᠃ ᠭᠠᠰᠢᠭᠤ ᠪᠡᠯᠪᠡᠰᠦᠷᠡᠯ ᠪᠣᠯᠪᠠᠯ ᠰᠠᠶ᠋ᠢ ᠪᠠᠭᠤᠯᠭᠠᠳᠠᠭ᠃ ᠨᠠᠰᠦ ᠨᠦᠭᠴᠢᠭᠰᠡᠳ ᠤᠨ ᠭᠡᠷ ᠲᠤ ᠣᠷᠤᠬᠤ ᠳᠤ ᠲᠦᠰᠢᠭᠯᠡᠬᠦ ᠲᠦᠰᠢᠭ ᠦᠭᠡᠢ ᠪᠣᠯᠪᠠ ᠭᠡᠵᠦ ᠳᠣᠷᠤᠭᠤ ᠪᠠᠨ ᠪᠠᠭᠤᠯᠭᠠᠵᠦ ᠣᠷᠤᠳᠠᠭ᠃ ᠡᠩ ᠤᠨ ᠶᠠᠷᠢᠶᠠᠨ ᠳᠤ《 ᠲᠦᠷᠦᠭᠦᠦ  ᠨᠢ ᠬᠠᠮᠢᠭᠠᠰᠢ ᠪᠠᠨ ᠪᠤᠯ ᠳᠣᠷᠤᠭᠤ ᠨᠢ ᠲᠡᠰᠢ ᠪᠠᠨ》 ᠭᠡᠳᠡᠭ ᠵᠦᠢᠷ ᠦᠭᠡ ᠪᠠᠶᠢᠳᠠᠭ᠃ ᠬᠦᠳᠡᠭᠡ ᠭᠠᠳᠠᠭ᠎ᠠ ᠬᠦᠢᠳᠡᠨ ᠳᠤ ᠳᠣᠷᠤᠭᠤ ᠪᠠᠨ ᠪᠠᠭᠤᠯᠭᠠᠵᠦ ᠶᠠᠪᠤᠵᠦ ᠪᠠᠶᠢᠭᠰᠠᠨ ᠪᠣᠯ ᠠᠶᠢᠯ ᠳᠤ ᠣᠷᠤᠬᠤ ᠦᠶᠡᠰ ᠳᠣᠷᠤᠭᠤ ᠪᠠᠨ ᠵᠠᠪᠠᠯ ᠰᠡᠭᠦᠵᠦ ᠣᠷᠤᠳᠠᠭ᠃ ᠲᠠᠪᠠᠭ ᠲᠠᠢ ᠴᠠᠭᠠᠨ ᠢᠳᠡᠭᠡ᠂ ᠮᠢᠬ᠎ᠠ ᠰᠢᠭᠦᠰᠦ ᠶᠢ ᠠᠮᠰᠠᠵᠦ ᠢᠳᠡᠬᠦ ᠦᠶ᠎ᠡ ᠳᠤ ᠳᠣᠷᠤᠭᠤ ᠪᠠᠨ ᠳᠣᠳᠤᠭᠰᠢ ᠨᠤᠭᠤᠯᠳᠠᠭ᠃             ᠳᠡᠪᠡᠯ ᠲᠡᠷᠯᠢᠭ ᠢ ᠡᠮᠦᠰᠴᠦ ᠲᠠᠶᠢᠯᠠᠬᠤ ᠳᠤ ᠪᠠᠰᠠ ᠵᠣᠬᠢᠬᠤ ᠶᠣᠰᠤ ᠭᠤᠷᠢᠮ ᠲᠠᠢ ᠪᠠᠶᠢᠳᠠᠭ᠃ ᠳᠡᠪᠡᠯ ᠲᠡᠷᠯᠢᠭ ᠢ ᠡᠮᠦᠰᠬᠦ ᠠᠴᠠ ᠡᠮᠦᠨ᠎ᠡ ᠡᠩᠭᠡᠷ ᠢ ᠨᠢ ᠪᠡᠶ᠎ᠡ ᠵᠦᠭ ᠢᠶᠠᠨ ᠬᠠᠨᠳᠤᠭᠤᠯᠵᠦ ᠬᠤᠶᠠᠷ ᠮᠦᠷᠦᠨ ᠠᠴᠠ  ᠨᠢ ᠪᠠᠷᠢᠵᠦ ᠬᠦᠩᠭᠡᠬᠡᠨ ᠰᠡᠭᠰᠦᠷᠡᠭᠡᠳ ᠨᠦᠮᠦᠷᠦᠭᠰᠡᠨ ᠤ ᠳᠠᠷᠠᠭ᠎ᠠ᠂ ᠤᠷᠢᠳᠠ ᠪᠠᠨ ᠪᠠᠷᠠᠭᠤᠨ ᠭᠠᠷ ᠢᠶᠠᠨ ᠬᠠᠨᠴᠤᠶᠢᠯᠠᠵᠦ᠂ ᠳᠠᠷᠠᠭ᠎ᠠ ᠨᠢ ᠪᠠᠷᠠᠭᠤᠨ ᠭᠠᠷ ᠢᠶᠠᠷ ᠢᠶᠠᠨ ᠡᠩᠭᠡᠷ ᠢ ᠨᠢ ᠪᠠᠷᠢᠵᠦ ᠵᠡᠭᠦᠨ ᠭᠠᠷ ᠢᠶᠠᠨ ᠬᠠᠨᠴᠤᠶᠢᠯᠠᠳᠠᠭ᠃ ᠳᠡᠪᠡᠯ ᠲᠡᠷᠯᠢᠭ ᠢ ᠲᠣᠪᠴᠢᠯᠠᠬᠤ ᠳᠤ ᠤᠷᠢᠳᠠᠪᠠᠷ ᠵᠡᠭᠦᠨ ᠭᠠᠷ ᠤᠨ ᠳᠤᠮᠳᠠ᠂ ᠳᠣᠯᠤᠪᠤᠷᠢ᠂ ᠡᠷᠡᠬᠡᠢ ᠬᠤᠷᠤᠭᠤ ᠪᠠᠷ ᠡᠩᠭᠡᠷ ᠤᠨ ᠲᠣᠪᠴᠢ ᠶᠢ ᠲᠣᠪᠴᠢᠯᠠᠵᠦ᠂ ᠳᠠᠷᠠᠭ᠎ᠠ ᠨᠢ ᠰᠤᠭᠤ᠂ ᠲᠠᠰᠢᠶ᠎ᠠ ᠶᠢᠨ ᠲᠣᠪᠴᠢ ᠶᠢ᠂ ᠬᠠᠮᠤᠭ ᠰᠡᠭᠦᠯ ᠳᠤᠨᠢ ᠬᠤᠭᠤᠯᠠᠪᠴᠢ ᠶᠢᠨ ᠲᠣᠪᠴᠢ ᠶᠢ ᠲᠣᠪᠴᠢᠯᠠᠳᠠᠭ᠃ ᠵᠠᠷᠢᠮ ᠨᠤᠳᠤᠭ ᠳᠤ ᠵᠡᠭᠦᠨ ᠭᠠᠷ ᠢᠶᠠᠨ ᠬᠠᠨᠴᠤᠶᠢᠯᠠᠬᠤ ᠠᠴᠠ ᠡᠮᠦᠨ᠎ᠡ ᠲᠠᠰᠢᠶ᠎ᠠ᠂ ᠰᠤᠭᠤ ᠶᠢᠨ ᠲᠤᠪᠴᠢ ᠶᠢ ᠲᠣᠪᠴᠢᠯᠠᠬᠤ ᠴᠦ ᠪᠠᠶᠢᠳᠠᠭ᠃ ᠡᠮᠦᠰᠦᠭᠰᠡᠨ ᠳᠡᠪᠡᠯ ᠲᠡᠷᠯᠢᠭ ᠢ ᠲᠠᠶᠢᠯᠠᠬᠤ ᠦᠶ᠎ᠡ ᠳᠤ ᠤᠷᠢᠳᠠ ᠪᠠᠷ ᠪᠦᠰᠡ ᠪᠠᠨ ᠨᠠᠷᠠ ᠪᠣᠷᠤᠭᠤ ᠡᠷᠭᠢᠭᠦᠯᠦᠨ ᠲᠠᠶᠢᠯᠠᠵᠦ᠂ ᠳᠠᠷᠠᠭ᠎ᠠ ᠨᠢ ᠳᠡᠪᠡᠯ ᠲᠡᠷᠯᠢᠭ ᠤᠨ ᠵᠠᠭᠠᠮ᠎ᠠ᠂ ᠡᠩᠭᠡᠷ᠂ ᠰᠤᠭᠤ᠂ ᠲᠠᠰᠢᠶᠠᠨ ᠤ ᠲᠣᠪᠴᠢ ᠶᠢ ᠳᠠᠷᠠᠭᠠᠯᠠᠨ ᠠᠯᠳᠠᠷᠭᠠᠵᠦ᠂ ᠤᠷᠢᠳᠠ ᠪᠠᠷ ᠵᠡᠭᠦᠨ ᠬᠠᠨᠴᠤᠢ ᠪᠠᠨ ᠲᠠᠶᠢᠯᠵᠦ᠂ ᠳᠠᠷᠠᠭ᠎ᠠ ᠨᠢ ᠪᠠᠷᠠᠭᠤᠨ ᠬᠠᠨᠴᠤᠢ ᠪᠠᠨ ᠲᠠᠶᠢᠯᠳᠠᠭ᠃ ᠳᠡᠪᠡᠯ ᠲᠡᠷᠯᠢᠭ ᠢᠶᠠᠨ ᠲᠠᠶᠢᠯᠤᠭᠰᠠᠨ ᠤ ᠳᠠᠷᠠᠭ᠎ᠠ ᠵᠦᠪ ᠡᠪᠬᠡᠵᠦ ᠵᠠᠭᠠᠮ᠎ᠠ ᠶᠢ ᠨᠢ ᠬᠤᠶᠢᠰᠢ ᠬᠠᠷᠠᠭᠤᠯᠤᠨ ᠲᠠᠯᠪᠢᠳᠠᠭ᠃ ᠰᠢᠨ᠎ᠡ ᠳᠡᠪᠡᠯ ᠲᠡᠷᠯᠢᠭ ᠢ ᠰᠡᠭᠰᠦᠷᠴᠦ ᠡᠮᠦᠰᠳᠡᠭ ᠦᠭᠡᠢ᠂ ᠠᠩᠬ᠎ᠠ ᠡᠮᠦᠰᠬᠦ ᠳᠡᠭᠡᠨ ᠪᠡᠯᠬᠡ ᠳᠡᠮᠪᠡᠷᠢᠯ ᠲᠠᠢ ᠡᠳᠦᠷ ᠭᠡᠭᠳᠡᠳᠡᠭ ᠫᠦᠷᠪᠦ ᠂ ᠪᠠᠰᠠᠩ ᠭᠠᠷᠠᠭ ᠢ ᠰᠤᠩᠭᠤᠵᠦ ᠡᠮᠦᠰᠳᠡᠭ᠃ ᠵᠠᠷᠢᠮ ᠬᠤᠰᠢᠭᠤ ᠨᠤᠳᠤᠭ ᠲᠤ ᠰᠢᠨ᠎ᠡ ᠳᠡᠪᠡᠯ ᠲᠡᠷᠯᠢᠭ ᠢ ᠡᠵᠡᠨ ᠨᠢ ᠤᠷᠢᠳᠠ ᠪᠠᠷ ᠡᠮᠦᠰᠬᠦ ᠶᠢ ᠴᠡᠭᠡᠷᠯᠡᠳᠡᠭ᠂ ᠵᠠᠪᠠᠯ ᠡᠮᠦᠰᠬᠦ ᠴᠢᠬᠤᠯᠠ ᠲᠠᠢ ᠪᠣᠯ《 ᠡᠨᠡ ᠮᠢᠨᠦᠬᠢ ᠪᠢᠰᠢ》ᠭᠡᠵᠦ ᠰᠢᠪᠡᠨᠡᠭᠰᠡᠨ ᠤ ᠳᠠᠷᠠᠭ᠎ᠠ ᠡᠮᠦᠰᠳᠡᠭ᠃ ᠤᠴᠢᠷ ᠨᠢ ᠬᠦᠮᠦᠨ ᠤ ᠨᠠᠰᠦᠨ ᠲᠣᠷᠰᠢ ᠡᠮᠦᠰᠬᠦ ᠬᠤᠪᠴᠠᠰᠦ ᠲᠣᠭᠳᠠᠭᠰᠠᠨ ᠲᠤᠭ᠎ᠠ ᠲᠠᠢ ᠭᠡᠵᠦ ᠦᠵᠡᠳᠡᠭ ᠪᠣᠯᠬᠤᠷ ᠳᠤᠳᠠᠭᠤ ᠨᠢᠭᠡ ᠵᠠᠬ᠎ᠠ ᠬᠤᠪᠴᠠᠰᠦ ᠡᠮᠦᠰᠬᠦ ᠶᠢ ᠬᠡᠴᠢᠶᠡᠵᠦ ᠢᠩᠭᠢᠵᠦ ᠰᠢᠪᠡᠨᠡᠳᠡᠭ ᠭᠡᠳᠡᠭ᠃ ᠡᠷᠡᠭᠳᠠᠶᠢᠴᠤᠳ ᠨᠦᠮᠦᠭᠡᠨ ᠢᠶᠠᠷ ᠭᠡᠷ ᠠᠴᠠ ᠭᠠᠷᠬᠤ ᠶᠢ ᠴᠡᠭᠡᠷᠯᠡᠳᠡᠭ᠂ ᠵᠠᠪᠠᠯ ᠪᠦᠰᠡ ᠪᠦᠰᠡᠯᠡᠭᠰᠡᠨ ᠤ ᠳᠠᠷᠠᠭ᠎ᠠ ᠭᠡᠷ ᠠᠴᠠ ᠭᠠᠷᠳᠠᠭ᠃ ᠯᠠᠮᠠ ᠬᠤᠸᠠᠷᠠᠭ ᠤᠨ ᠡᠮᠦᠰᠴᠦ ᠪᠠᠶᠢᠭᠰᠠᠨ ᠳᠡᠪᠡᠯ ᠲᠡᠷᠯᠢᠭ ᠢ ᠡᠮᠦᠰᠬᠦ ᠶᠢ ᠴᠡᠭᠡᠷᠯᠡᠳᠡᠭ᠂ ᠲᠡᠳᠡᠨ ᠤ ᠳᠡᠪᠡᠯ ᠲᠡᠷᠯᠢᠭ ᠢ ᠡᠮᠦᠰᠪᠡᠯ ᠠᠯᠳᠠᠰᠢ ᠭᠠᠷᠤᠨ᠎ᠠ᠂ ᠪᠣᠶᠠᠨ ᠨᠢ ᠳᠠᠭᠠᠭᠠᠬᠤ ᠦᠭᠡᠢ ᠳᠣᠷᠤᠶᠢᠳᠠᠨ᠎ᠠ ᠭᠡᠳᠡᠭ᠃ ᠰᠢᠷ᠎ᠠ ᠦᠩᠭᠡ ᠶᠢᠨ ᠡᠳ᠋ ᠢᠶᠠᠷ ᠳᠡᠪᠡᠯ ᠲᠡᠷᠯᠢᠭ ᠭᠠᠳᠠᠷᠯᠠᠬᠤ ᠶᠢ ᠴᠡᠭᠡᠷᠯᠡᠳᠡᠭ᠂ ᠰᠢᠷ᠎ᠠ ᠦᠩᠭᠡ ᠪᠣᠯ ᠯᠠᠮᠠ ᠭᠡᠭᠡᠨᠴᠤᠤᠯ ᠤᠨ ᠡᠳ᠋ᠯᠡᠬᠦ ᠡᠷᠬᠢᠮ ᠦᠩᠭᠡ ᠪᠣᠯᠬᠤᠷ ᠡᠩ ᠤᠨ ᠬᠦᠮᠦᠨ ᠡᠳ᠋ᠯᠡᠪᠡᠯ ᠪᠣᠶᠠᠨ ᠪᠠᠭᠤᠷᠠᠨ᠎ᠠ ᠭᠡᠳᠡᠭ᠃ ᠮᠣᠩᠭᠤᠯᠴᠤᠳ ᠳᠡᠪᠡᠯ ᠲᠡᠷᠯᠢᠭ ᠢ ᠤᠬᠢᠶᠠᠬᠤ ᠶᠢ ᠴᠡᠭᠡᠷᠯᠡᠳᠡᠭ᠃ ᠳᠡᠪᠡᠯ ᠲᠡᠷᠯᠢᠭ ᠢ ᠤᠬᠢᠶᠠᠵᠦ ᠭᠠᠳᠠᠨ᠎ᠠ ᠡᠯᠭᠦᠵᠦ ᠬᠠᠳᠠᠭᠠᠪᠠᠯ ᠲᠡᠩᠷᠢ ᠨᠢᠷᠭᠢᠨ᠎ᠡ᠂ ᠬᠡᠰᠢᠭ ᠪᠣᠶᠠᠨ ᠢᠶᠠᠨ ᠤᠬᠢᠶᠠᠭᠠᠳ ᠪᠠᠷᠭᠠᠴᠢᠬᠠᠨ᠎ᠠ ᠭᠡᠳᠡᠭ᠃ ᠭᠡᠪᠡᠴᠦ ᠮᠣᠩᠭᠤᠯᠴᠤᠳ ᠳᠡᠪᠡᠯ ᠲᠡᠷᠯᠢᠭ ᠢᠶᠠᠨ ᠭᠠᠳᠠᠨ᠎ᠠ ᠡᠯᠭᠦᠵᠦ ᠨᠠᠷᠠ ᠰᠠᠯᠬᠢᠨ ᠠᠪᠤᠭᠤᠯᠤᠨ ᠦᠰᠦ ᠶᠢ  ᠨᠢ ᠪᠣᠰᠬᠠᠬᠤ ᠶᠢ ᠶᠡᠭᠡ ᠡᠷᠬᠢᠮᠯᠡᠳᠡᠭ᠃ ᠡᠪᠦᠯ ᠤᠨ ᠭᠠᠯ ᠲᠠᠬᠢᠬᠤ ᠠᠴᠠ ᠡᠮᠦᠨ᠎ᠡ ᠨᠢᠭᠡ ᠡᠳᠦᠷ ᠪᠣᠶᠤ ᠪᠢᠳᠡᠭᠦᠨ ᠤ ᠡᠳᠦᠷ ᠳᠡᠪᠡᠯ ᠵᠤᠪᠴᠠᠭ᠎ᠠ ᠪᠠᠨ ᠭᠠᠳᠠᠨ᠎ᠠ ᠵᠠᠯ᠎ᠠ ᠲᠠᠳᠠᠨ ᠦᠰᠦ ᠶᠢ ᠨᠢ ᠭᠠᠳᠠᠭᠰᠢ ᠪᠠᠨ ᠬᠠᠨᠳᠤᠭᠤᠯᠤᠨ ᠡᠯᠭᠦᠵᠦ ᠨᠠᠷᠠ ᠰᠠᠯᠬᠢᠨ ᠠᠪᠤᠭᠤᠯᠵᠦ᠂ ᠮᠠᠭᠤ ᠤᠬᠢᠶᠠᠬᠤ ᠪᠠᠷ ᠰᠠᠶᠢᠨ ᠰᠡᠭᠰᠦᠷ ᠭᠡᠵᠦ ᠬᠠᠭᠤᠴᠢᠨ ᠵᠢᠯ ᠤᠨ ᠲᠣᠭᠤᠰᠤ ᠶᠢ ᠨᠢ ᠰᠠᠶᠢᠳᠤᠷ ᠰᠢᠪᠰᠢᠭᠠᠷᠳᠠᠨ ᠬᠦᠪᠰᠢᠳᠡᠭ᠃ ᠪᠠᠰᠠ ᠳᠡᠪᠡᠯ ᠲᠡᠷᠯᠢᠭ ᠢᠶᠠᠨ ᠨᠠᠷᠠᠰᠢᠭᠤᠯᠤᠨ᠎ᠠ ᠭᠡᠵᠦ ᠵᠢᠷᠭᠤᠭᠠᠨ ᠰᠠᠷ᠎ᠠ ᠶᠢᠨ ᠦᠳᠡ ᠶᠢᠨ ᠨᠠᠷᠠᠨ ᠳᠤ ᠭᠠᠷᠭᠠᠵᠦ ᠡᠯᠭᠦᠨ ᠰᠢᠷᠠᠳᠠᠭ᠃ ᠡᠭᠦᠨ ᠢᠶᠠᠨ ᠳᠡᠪᠡᠯ ᠲᠡᠷᠯᠢᠭ ᠤᠨ ᠴᠢᠬᠢᠭ ᠪᠡ ᠮᠠᠭᠤᠬᠠᠢ ᠦᠨᠦᠷ ᠢ ᠨᠢ ᠭᠠᠷᠭᠠᠨ᠎ᠠ ᠭᠡᠳᠡᠭ᠃ ᠮᠣᠩᠭᠤᠯᠴᠤᠳ ᠵᠤᠨ ᠨᠠᠮᠦᠷ ᠤᠨ ᠤᠯᠠᠷᠢᠯ ᠳᠤ ᠦᠰᠦ ᠲᠠᠢ ᠬᠤᠪᠴᠠᠰᠦ ᠡᠮᠦᠰᠬᠦ ᠶᠢ ᠴᠡᠭᠡᠷᠯᠡᠳᠡᠭ᠂ ᠲᠡᠩᠷᠢ ᠮᠠᠭᠤᠬᠠᠶᠢᠷᠠᠨ᠎ᠠ ᠭᠡᠳᠡᠭ᠃ ᠳᠡᠪᠡᠯ ᠤ ᠵᠠᠭᠠᠮ᠎ᠠ ᠶᠢ ᠳᠣᠳᠤᠭᠰᠢ ᠪᠠᠨ ᠨᠤᠭᠤᠯᠵᠦ ᠡᠮᠦᠰᠬᠦ ᠶᠢ ᠴᠡᠭᠡᠷᠯᠡᠳᠡᠭ᠂ ᠵᠣᠳᠤᠯᠳᠤᠬᠤ ᠶᠢᠨ ᠲᠡᠮᠳᠡᠭ ᠭᠡᠳᠡᠭ᠃ ᠡᠩᠭᠡᠷ ᠵᠠᠭᠠᠮ᠎ᠠ ᠪᠠᠨ ᠵᠠᠳᠠᠭᠠᠶᠢᠯᠠᠵᠦ ᠠᠶᠢᠯ ᠳᠤ ᠣᠷᠤᠵᠦ ᠬᠦᠮᠦᠨ ᠲᠠᠢ ᠠᠭᠤᠯᠵᠠᠬᠤ ᠶᠢ ᠴᠡᠭᠡᠷᠯᠡᠳᠡᠭ᠂ ᠪᠣᠰᠤᠳ ᠢ ᠬᠦᠨᠳᠦᠳᠭᠡᠬᠦ ᠦᠭᠡᠢ ᠪᠠᠶᠢᠨ᠎ᠠ ᠭᠡᠳᠡᠭ ᠃ ᠳᠡᠪᠡᠯ ᠲᠡᠷᠯᠢᠭ ᠡᠮᠦᠰᠬᠦ ᠦᠶ᠎ᠡ ᠳᠤ ᠡᠩᠭᠡᠷ ᠶᠢ ᠨᠢ ᠬᠠᠵᠠᠬᠤ ᠶᠢ ᠴᠡᠭᠡᠷᠯᠡᠳᠡᠭ᠂ ᠡᠴᠢᠭᠡ ᠡᠬᠡ ᠳᠡᠭᠡᠨ ᠬᠠᠵᠢᠷ ᠭᠡᠳᠡᠭ᠃ ᠬᠠᠯᠬ᠎ᠠ ᠨᠤᠳᠤᠭ ᠲᠤ ᠳᠡᠪᠡᠯ ᠲᠡᠷᠯᠢᠭ ᠤᠨ ᠬᠠᠨᠴᠤᠢ ᠶᠢ ᠬᠦᠴᠦ ᠰᠠᠨᠠᠭ᠎ᠠ ᠶᠢᠨ ᠪᠡᠯᠭᠡᠳᠡᠯ ᠭᠡᠵᠦ ᠦᠵᠡᠳᠡᠭ ᠲᠤᠯᠠ ᠲᠠᠶᠢᠯᠵᠦ ᠲᠠᠯᠪᠢᠬᠤ ᠦᠶ᠎ᠡ ᠳᠤ ᠬᠠᠨᠴᠤᠢ ᠶᠢ ᠨᠢ ᠪᠦᠰᠡ ᠪᠠᠷ ᠢᠶᠠᠨ ᠤᠶᠠᠵᠦ ᠲᠠᠯᠪᠢᠳᠠᠭ ᠵᠠᠩᠰᠢᠯ ᠲᠠᠢ ᠪᠠᠶᠢᠵᠠᠢ᠃ ᠡᠨᠡ ᠨᠢ ᠬᠠᠨᠴᠤᠢ ᠶᠢ ᠨᠢ ᠬᠤᠭᠤᠰᠤᠨ ᠪᠠᠶᠢᠯᠭᠠᠬᠤ ᠶᠢ ᠴᠡᠭᠡᠷᠯᠡᠭᠰᠡᠨ ᠬᠡᠷᠡᠭ᠃ ᠪᠦᠬᠡᠴᠢᠳ ᠪᠠᠷᠢᠯᠳᠤᠵᠦ ᠪᠠᠶᠢᠬᠤ ᠦᠶ᠎ᠡ ᠳᠤ ᠳᠡᠪᠡᠯ ᠲᠡᠷᠯᠢᠭ ᠤᠨ ᠬᠠᠨᠴᠤᠢ ᠶᠢ ᠨᠢ ᠮᠣᠰᠬᠢᠳᠠᠭ ᠨᠢ ᠮᠦᠨ ᠡᠶᠢᠮᠦ ᠤᠴᠢᠷ ᠲᠠᠢ᠃ ᠵᠠᠷᠢᠮ ᠬᠤᠰᠢᠭᠤ ᠨᠤᠳᠤᠭ ᠲᠤ ᠳᠡᠪᠡᠯ ᠤᠨ ᠬᠠᠨᠴᠤᠢ ᠶᠢ ᠳᠣᠳᠤᠭᠰᠢ ᠨᠤᠭᠤᠯᠬᠤ ᠶᠢ ᠴᠡᠭᠡᠷᠯᠡᠳᠡᠭ᠂ ᠤᠴᠢᠷ ᠨᠢ ᠨᠦᠭᠴᠢᠭᠰᠡᠳ ᠤᠨ ᠶᠠᠰᠤ ᠶᠢ ᠪᠠᠷᠢᠬᠤ ᠦᠶ᠎ᠡ ᠳᠤ ᠰᠠᠶ᠋ᠢ ᠬᠠᠨᠴᠤᠢ ᠪᠠᠨ ᠳᠣᠳᠤᠭᠰᠢ ᠨᠤᠭᠤᠯᠳᠠᠭ᠃ ᠳᠡᠪᠡᠯ ᠲᠡᠷᠯᠢᠭ ᠤᠨ ᠬᠠᠨᠴᠤᠢ ᠶᠢ ᠳᠤᠳᠤᠭᠰᠢ ᠨᠤᠭᠤᠯᠪᠠᠯ ᠪᠠᠰᠠ ᠵᠣᠳᠤᠯᠳᠤᠬᠤ ᠳᠦᠷᠢ ᠭᠠᠷᠭᠠᠵᠦ ᠪᠠᠶᠢᠨ᠎ᠠ ᠭᠡᠳᠡᠭ᠃ ᠮᠣᠩᠭᠤᠯᠴᠤᠳ ᠠᠶᠢᠯ ᠳᠤ ᠣᠷᠤᠬᠤ ᠦᠶ᠎ᠡ ᠳᠤ ᠲᠤᠪᠴᠢ ᠪᠠᠨ ᠪᠦᠷᠢᠨ ᠲᠤᠪᠴᠢᠯᠠᠵᠦ᠂ ᠬᠤᠷᠮᠤᠢ ᠪᠠᠨ ᠰᠢᠭᠤᠵᠦ ᠪᠠᠶᠢᠭᠰᠠᠨ ᠪᠣᠯ ᠪᠠᠭᠤᠯᠭᠠᠵᠦ᠂ ᠬᠡᠳᠡ ᠬᠢᠳᠤᠭ᠎ᠠ ᠪᠠᠨ ᠪᠦᠰᠡᠨ ᠳᠡᠭᠡᠨ ᠬᠠᠪᠴᠢᠭᠤᠯᠵᠦ ᠪᠠᠶᠢᠭᠰᠠᠨ ᠪᠣᠯ ᠪᠠᠭᠤᠯᠭᠠᠭᠠᠳ ᠳᠡᠷᠢ ᠲᠡᠭᠰᠢ ᠲᠦᠪᠯᠡᠭᠦᠨ ᠵᠢᠪᠬᠤᠭᠠᠳᠠᠢ ᠤᠷᠤᠳᠠᠭ᠃ ᠲᠣᠪᠴᠢ ᠰᠢᠯᠪᠢ ᠦᠭᠡᠢ ᠬᠤᠪᠴᠠᠰᠦ ᠶᠢ ᠪᠣᠰᠤᠳ ᠲᠤ ᠪᠡᠯᠡᠭ ᠪᠣᠯᠭᠠᠨ ᠦᠭᠬᠦ ᠶᠢ ᠴᠡᠭᠡᠷᠯᠡᠳᠡᠭ᠂ ᠦᠭᠪᠡᠯ ᠪᠣᠰᠤᠳ ᠳᠤ《 ᠡᠩᠭᠡᠷ ᠡᠯᠢᠭᠡ ᠦᠭᠡᠢ ᠬᠦᠮᠦᠨ ᠪᠠᠶᠢᠨ᠎ᠠ》 ᠭᠡᠵᠦ ᠪᠣᠷᠤᠭᠤᠰᠢᠶᠠᠭᠳᠠᠳᠠᠭ᠃ ᠪᠡᠯᠪᠡᠰᠦᠷᠡᠯ ᠭᠠᠰᠢᠭᠤᠳᠠᠯ ᠤᠨ ᠬᠤᠭᠤᠴᠠᠭᠠᠨ ᠳᠤ ᠲᠣᠪᠴᠢ ᠦᠭᠡᠢ ᠳᠡᠪᠡᠯ ᠲᠡᠷᠯᠢᠭ ᠡᠮᠦᠰᠬᠦ ᠪᠣᠶᠤ ᠨᠦᠭᠴᠢᠭᠰᠡᠳ ᠲᠤ ᠡᠮᠦᠰᠦᠭᠦᠯᠬᠦ ᠳᠡᠪᠡᠯ ᠲᠡᠷᠯᠢᠭ ᠲᠤ ᠲᠤᠪᠴᠢ ᠰᠢᠯᠪᠢ ᠦᠭᠡᠢ ᠪᠠᠶᠢᠳᠠᠭ᠃            ᠡᠷᠡᠭᠳᠠᠶᠢᠴᠤᠳ ᠪᠣᠷᠬᠠᠨ ᠲᠡᠩᠷᠢ ᠳᠤ ᠰᠦᠭᠦᠳᠴᠦ ᠮᠦᠷᠭᠦᠬᠦ ᠪᠣᠶᠤ ᠠᠪᠦ ᠡᠵᠢ᠂ ᠠᠬᠠᠮᠠᠳ ᠨᠠᠰᠤᠳᠠᠨ ᠳᠤ ᠰᠦᠭᠦᠳᠴᠦ ᠮᠦᠷᠭᠦᠬᠦ ᠦᠶ᠎ᠡ ᠳᠤ ᠡᠮᠦᠨ᠎ᠡ ᠬᠤᠷᠮᠤᠢ ᠪᠠᠨ ᠳᠡᠪᠢᠰᠴᠦ ᠮᠦᠷᠭᠦᠳᠡᠭ᠃ ᠠᠶᠢᠯ ᠳᠤ ᠣᠷᠤᠵᠦ ᠬᠤᠷᠮᠦᠢ ᠨᠢ ᠰᠠᠭᠤᠬᠤ ᠦᠶ᠎ᠡ ᠳᠤ ᠬᠤᠷᠮᠤᠢ ᠪᠠᠷ ᠢᠶᠠᠨ ᠡᠪᠦᠳᠦᠭ ᠢᠶᠠᠨ ᠬᠠᠯᠬᠠᠯᠠᠵᠦ ᠵᠠᠪᠢᠯᠠᠵᠦ ᠰᠠᠭᠤᠳᠠᠭ᠃ ᠪᠣᠰᠴᠦ ᠭᠠᠷᠬᠤ ᠦᠶ᠎ᠡ ᠳᠡᠭᠡᠨ ᠬᠤᠷᠮᠤᠢ ᠪᠠᠨ ᠠᠶᠢᠯ ᠤᠨ ᠠᠶᠠᠭ᠎ᠠ ᠰᠢᠷᠡᠭᠡ ᠲᠣᠭᠤᠭ᠎ᠠ ᠰᠢᠨᠠᠭᠠᠨ ᠳᠡᠭᠡᠭᠦᠷ ᠭᠠᠷᠭᠠᠬᠤ ᠶᠢ ᠤᠨᠴᠠ ᠬᠢᠴᠢᠶᠡᠳᠡᠭ᠃ ᠳᠡᠪᠡᠯ ᠲᠡᠷᠯᠢᠭ ᠤᠨ ᠡᠮᠵᠢᠶᠡᠷᠢ ᠬᠦᠪᠦᠭᠡ᠂ ᠲᠣᠪᠴᠢ ᠰᠢᠯᠪᠢ ᠶᠢ ᠳᠡᠪᠡᠯ ᠲᠡᠷᠯᠢᠭ ᠤᠨ ᠭᠠᠳᠠᠷ ᠲᠠᠢ ᠵᠠᠪᠠᠯ ᠦᠩᠭᠡ ᠬᠠᠷᠰᠢᠭᠤᠯᠤᠨ ᠬᠢᠳᠡᠭ ᠪᠦᠭᠡᠳ ᠪᠦᠰᠡᠨ ᠤ ᠦᠩᠭᠡ ᠲᠠᠢ ᠠᠯᠢ ᠪᠤᠯᠬᠤ  ᠪᠠᠷ ᠦᠩᠭᠡ ᠲᠠᠭᠠᠷᠠᠭᠤᠯᠳᠠᠭ᠃ ᠳᠡᠪᠡᠯ ᠲᠡᠷᠯᠢᠭ ᠢ ᠦᠩᠭᠡ ᠬᠠᠷᠰᠢᠭᠤᠯᠤᠨ ᠴᠢᠮᠡᠵᠦ ᠪᠠᠬᠢᠯᠡᠬᠦ ᠶᠢ ᠵᠠᠷᠢᠮ ᠨᠤᠳᠤᠭ ᠳᠤ《 ᠳᠡᠪᠡᠯ ᠲᠡᠷᠯᠢᠭ ᠭᠡᠭᠡᠷᠡᠭᠦᠯᠦᠨ᠎ᠡ》ᠭᠡᠵᠦ᠂ ᠵᠠᠷᠢᠮ ᠨᠤᠳᠤᠭ ᠳᠤ《 ᠳᠡᠪᠡᠯ ᠲᠡᠷᠯᠢᠭ ᠲᠣᠳᠤᠷᠠᠭᠤᠯᠤᠨ᠎ᠠ 》 ᠭᠡᠳᠡᠭ᠃ ᠡᠨᠡ ᠨᠢ ᠵᠦᠪᠬᠡᠨ ᠳᠡᠪᠡᠯ ᠲᠡᠷᠯᠢᠭ ᠤᠨ ᠬᠦᠪᠦᠭᠡ᠂ ᠵᠠᠬ᠎ᠠ᠂ ᠬᠤᠷᠮᠤᠢ ᠶᠢ ᠪᠠᠬᠢᠯᠡᠬᠦ ᠶᠢᠨ ᠲᠡᠳᠦᠢ ᠪᠢᠰᠢ᠂ ᠨᠡᠩ ᠴᠢᠬᠤᠯᠠ ᠨᠢ ᠳᠡᠪᠡᠯ ᠲᠡᠷᠯᠢᠭ ᠤᠨ ᠡᠳ᠋ ᠬᠦᠷᠦᠩᠭᠡ᠂ ᠬᠡᠪ ᠶᠤᠤᠵᠠ᠂ ᠡᠮᠦᠰᠦᠭᠰᠡᠨ ᠡᠵᠡᠨ ᠤ ᠬᠢᠨᠢ ᠳᠦᠷᠬᠦ ᠪᠠᠶᠢᠳᠠᠯ᠂᠂ ᠬᠡᠪ ᠨᠠᠮᠪᠠ ᠶᠢ ᠤᠯᠠᠮ ᠳᠤᠪᠤᠶᠢᠯᠭᠠᠬᠤ ᠶᠢᠨ ᠲᠦᠯᠦᠭᠡ ᠶᠤᠮ᠃ ᠮᠣᠩᠭᠤᠯᠴᠤᠳ ᠬᠠᠷ᠎ᠠ ᠦᠩᠭᠡ ᠶᠢ ᠮᠠᠭᠤ ᠦᠩᠭᠡ᠂ ᠴᠠᠭᠠᠨ ᠦᠩᠭᠡ ᠶᠢ ᠰᠠᠶᠢᠨ ᠦᠩᠭᠡ ᠭᠡᠳᠡᠭ ᠤᠴᠢᠷ ᠬᠠᠷ᠎ᠠ ᠦᠩᠭᠡ ᠶᠢᠨ ᠪᠦᠰ ᠪᠠᠷᠠᠭ᠎ᠠ ᠪᠠᠷ ᠳᠡᠪᠡᠯ ᠬᠤᠪᠴᠠᠰᠦ ᠬᠢᠬᠦ ᠶᠢ ᠲᠠᠭᠠᠰᠢᠶᠠᠳᠠᠭ ᠦᠭᠡᠢ᠃ ᠬᠠᠯᠬ᠎ᠠ ᠨᠤᠳᠤᠭ ᠳᠤ ᠰᠢᠨ᠎ᠡ ᠬᠦᠷᠭᠡᠨ ᠬᠡᠤᠬᠡᠨ ᠣᠷᠤ ᠬᠠᠮᠳᠤᠳᠬᠠᠵᠦ ᠳᠡᠷ᠎ᠡ ᠨᠢᠭᠡᠳᠭᠡᠬᠦ ᠶᠢ《 ᠡᠩᠭᠡᠷ ᠵᠦᠷᠢᠭᠦᠯᠬᠦ 》ᠭᠡᠳᠡᠭ᠃ ᠡᠨᠡ ᠨᠢ ᠳᠡᠭᠡᠷ᠎ᠡ ᠦᠶ᠎ᠡ ᠳᠤ ᠮᠣᠩᠭᠤᠯᠴᠤᠳ ᠲᠤ ᠲᠤᠰᠬᠠᠢ ᠨᠦᠮᠦᠷᠬᠦ ᠬᠦᠨᠵᠢᠯᠡ ᠪᠠᠶᠢᠭᠰᠠᠨ ᠢ ᠬᠠᠷᠠᠭᠤᠯᠵᠦ ᠪᠣᠢ᠃ ᠡᠨᠡ ᠲᠣᠬᠠᠢ ᠡᠷᠳᠡᠮᠳᠡᠨ ᠯᠤᠪᠰᠠᠩᠴᠤᠶᠢᠳᠠᠨ᠄《 ᠪᠠᠶᠠᠯᠢᠭ ᠭᠡᠷᠦᠨ ᠬᠦᠮᠦᠨ ᠬᠤᠨᠤᠭ ᠤᠨ ᠳᠡᠪᠡᠯ ᠬᠡᠮᠡᠵᠦ ᠠᠰᠳᠠᠭᠠᠨ ᠬᠢᠵᠦ ᠦᠳᠡᠰᠢ ᠶᠢᠨ ᠴᠠᠭ ᠨᠦᠮᠦᠷᠴᠦ ᠤᠨᠳᠠᠮᠦᠢ᠃ ᠡᠶᠢᠮᠦ ᠨᠦᠮᠦᠷᠬᠦ ᠳᠡᠪᠡᠯ ᠪᠣᠯᠪᠠᠰᠦ ᠶᠡᠷᠦ ᠶᠢᠨ ᠬᠤᠪᠴᠠᠰᠦ  ᠠᠴᠠ ᠦᠭᠡᠷ᠎ᠡ ᠮᠠᠶ᠋ᠢᠭ ᠲᠠᠢ᠃ ᠳᠡᠪᠡᠯ ᠤᠨ ᠪᠡᠶ᠎ᠡ ᠤᠷᠳᠤ ᠪᠦᠭᠡᠳ ᠬᠤᠶᠠᠷ ᠬᠠᠨᠴᠦᠢ ᠲᠠᠢ᠂ ᠦᠰᠦ ᠲᠠᠢ ᠳᠡᠪᠡᠯ ᠪᠣᠶᠤ ᠬᠦᠪᠦᠩ ᠲᠠᠢ ᠡᠶᠢᠮᠦ ᠪᠠᠷ ᠬᠢᠮᠦᠢ᠃ ᠡᠨᠡ ᠶᠠᠩᠵᠦ ᠪᠠᠷ ᠬᠤᠨᠤᠬᠤ ᠪᠦᠷᠭᠡ ᠭᠡᠷ ᠤᠨ ᠠᠭᠠᠯᠢ ᠪᠣᠢ》 ᠭᠡᠵᠦ《 ᠮᠣᠩᠭᠤᠯ ᠤᠨ ᠵᠠᠩ ᠠᠭᠠᠯᠢ ᠶᠢᠨ ᠦᠢᠯᠡᠪᠦᠷᠢ》 ᠳᠠᠭᠠᠨ ᠲᠣᠳᠤᠷᠬᠠᠢ ᠲᠡᠮᠳᠡᠭᠯᠡᠵᠦ ᠪᠠᠶᠢᠳᠠᠭ᠃ ᠬᠡᠷᠪᠡ ᠡᠮᠦᠰᠦᠭᠰᠡᠨ ᠳᠡᠪᠡᠯ ᠲᠡᠷᠯᠢᠭ ᠢᠶᠠᠨ ᠬᠤᠴᠢᠵᠦ ᠤᠨᠳᠠᠬᠤ ᠴᠢᠬᠤᠯᠠ ᠲᠠᠢ ᠪᠣᠯ ᠵᠠᠭᠠᠮ᠎ᠠ ᠶᠢ ᠨᠢ ᠴᠡᠭᠡᠵᠢᠨ ᠪᠡᠶ᠎ᠡ ᠠᠴᠠ ᠳᠣᠷᠤᠭᠰᠢ ᠪᠠᠭᠤᠯᠭᠠᠵᠦ ᠪᠣᠯᠬᠤ ᠦᠭᠡᠢ᠃ ᠦᠭᠡᠯᠵᠢᠨ ᠪᠣᠶᠤ ᠯᠤᠤ ᠰᠠᠷ᠎ᠠ ᠶᠢᠨ ᠬᠤᠷᠢᠨ ᠳᠣᠯᠤᠭᠠᠨ ᠳᠤ ᠬᠤᠪᠴᠠᠰᠦ ᠬᠤᠨᠠᠷ ᠢᠶᠠᠨ ᠭᠠᠳᠠᠭ᠎ᠠ ᠬᠤᠨᠤᠭᠤᠯᠬᠤ ᠶᠢ ᠴᠡᠭᠡᠷᠯᠡᠳᠡᠭ᠂ ᠬᠤᠨᠤᠭᠤᠯᠪᠠᠯ ᠴᠢᠳᠭᠦᠷ ᠡᠵᠡᠯᠡᠨ᠎ᠡ ᠭᠡᠳᠡᠭ᠃      ᠦᠪᠦᠷ ᠮᠣᠩᠭᠤᠯ ᠤᠨ ᠰᠢᠨᠵᠢᠯᠡᠬᠦ ᠤᠬᠠᠭᠠᠨ ᠲᠧᠩᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ ᠠᠴᠠ ᠬᠡᠪᠯᠡᠭᠰᠡᠨ ᠮᠣᠩᠭᠤᠯ ᠵᠠᠩ ᠦᠢᠯᠡ ᠶᠢᠨ ᠨᠡᠪᠳᠡᠷᠬᠡᠢ ᠲᠣᠯᠢ  — ᠤᠶᠤᠨ ᠤ ᠪᠣᠳᠢ ᠠᠴᠠ ᠠᠪᠤᠪᠠ
 
ᠢᠷᠡᠯᠲᠡ᠄ ᠳᠣᠮᠳᠠᠲᠦ ᠣᠯᠣᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号