︿︿ᠲᠠᠪᠤᠨ ᠦᠩᠭᠡ ᠶᠢᠨ ᠬᠠᠳᠠᠭ﹀﹀ ᠤᠨ ᠮᠦᠨ ᠴᠢᠨᠠᠷ
ᠨᠡᠶᠢᠲᠡᠯᠡᠭᠰᠡᠨ ᠴᠠᠭ᠄
2017/3/9
           ︿︿ᠲᠠᠪᠤᠨ ᠦᠩᠭᠡ ᠶᠢᠨ ᠬᠠᠳᠠᠭ﹀﹀ ᠤᠨ ᠮᠦᠨ ᠴᠢᠨᠠᠷ                 ᠴᠡᠩᠬᠡᠷ ᠬᠠᠳᠠᠭ                 ᠮᠥᠩᠬᠡ ᠲᠡᠭᠷᠢ ᠶᠢᠨ ᠥᠩᠭᠡ᠂ ᠠᠮᠤᠷ ᠲᠠᠶᠢᠪᠤᠩ ᠤᠨ ᠪᠡᠯᠭᠡᠳᠡᠯ᠂ ᠠᠯᠢᠪᠠ ᠬᠤᠣᠷᠯᠠᠯ ᠦᠢᠯᠡᠳᠬᠦ ᠬᠤᠤᠷᠲᠠᠨ ᠲᠠᠶᠢᠰᠤᠨ ᠪᠦᠭᠦᠳᠡ ᠶᠢ ᠭᠡᠰᠭᠡᠨ ᠴᠡᠩᠬᠡᠷᠯᠡᠭᠦᠯᠬᠦ ᠦᠢᠯᠡ ᠶᠢ ᠪᠦᠲᠦᠭᠡᠨ᠎ᠡ᠃ ᠴᠡᠩᠬᠡᠷ ᠦᠩᠭᠡ ᠶᠢᠨ ᠬᠠᠳᠠᠭ ᠢ ᠲᠦᠭᠡᠮᠡᠯ ᠬᠡᠷᠡᠭᠯᠡᠳᠡᠭ ᠪᠦᠭᠡᠳ ᠥᠪᠡᠷ ᠬᠤᠭᠤᠷᠤᠨᠳᠤ ᠪᠠᠨ ᠠᠬ᠎ᠠ ᠳᠡᠭᠦᠦᠰ ᠲᠡᠭᠡᠨ ᠪᠠᠷᠢᠵᠤ ᠵᠣᠯᠭᠠᠳᠠᠭ᠃             ᠰᠢᠷ᠎ᠠ ᠬᠠᠳᠠᠭ                 ᠠᠯᠢᠪᠠ ᠮᠠᠭᠤ ᠪᠦᠬᠦᠨ ᠢ ᠵᠠᠶᠢᠯᠠᠭᠤᠯᠵᠤ᠂ ᠴᠤᠭ ᠵᠣᠯᠪᠤᠭ᠎ᠠ᠂ ᠨᠠᠰᠤ ᠪᠤᠶᠠᠨ᠂ ᠲᠡᠭᠦᠰ ᠡᠳ᠋ᠯᠡᠯ᠂ ᠢᠷᠠᠭᠤ ᠠᠯᠳᠠᠷ᠂ ᠱᠠᠰᠢᠨ ᠤ ᠢᠵᠠᠭᠤᠷ ᠥᠨᠳᠦᠰᠦ ᠶᠢ ᠰᠢᠨ᠎ᠡ ᠶᠢᠨ ᠰᠠᠷ᠎ᠠ ᠮᠡᠲᠦ ᠳᠡᠯᠭᠡᠷᠡᠭᠦᠯᠬᠦ ᠦᠢᠯᠡ ᠶᠢ ᠪᠦᠲᠦᠭᠡᠨ᠎ᠡ᠃ ᠰᠢᠷ᠎ᠠ ᠥᠩᠭᠡ ᠶᠢᠨ ᠬᠠᠳᠠᠭ ᠢ ᠪᠠᠭᠰᠢ ᠳᠠᠭᠠᠨ ᠪᠠᠷᠢᠳᠠᠭ ᠪᠦᠭᠡᠳ ᠥᠭᠡᠷ᠎ᠡ ᠬᠦᠮᠦᠨ ᠳᠤ ᠪᠠᠷᠢᠳᠠᠭ ᠦᠭᠡᠢ᠃             ᠴᠠᠭᠠᠨ ᠬᠠᠳᠠᠭ                 ᠡᠬᠡ ᠶᠢᠨ ᠰᠦᠨ ᠤ ᠦᠩᠭᠡ ᠲᠠᠢ᠂ ᠰᠡᠳᠬᠢᠯ ᠠᠷᠢᠭᠤᠨ᠂ ᠪᠣᠳᠢ ᠰᠡᠳᠬᠢᠯ ᠲᠠᠢ᠂ ᠥᠭᠯᠢᠭᠡᠴᠢ ᠪᠤᠶᠠᠨ ᠲᠠᠢ ᠬᠠᠷᠠᠩᠭᠤᠢ ᠶᠢ ᠭᠡᠶᠢᠭᠦᠯᠳᠡᠭ ᠠᠮᠤᠷᠯᠠᠩᠭᠤᠢ ᠥᠩᠭᠡ ᠤᠴᠢᠷ ᠡᠪᠡᠳᠴᠢᠨ᠂ ᠪᠠᠷᠴᠢᠳ᠂ ᠠᠳᠠ ᠲᠦᠢᠳᠬᠡᠷ᠂ ᠬᠤᠯᠠᠭᠠᠢ ᠳᠡᠭᠡᠷᠡᠮ ᠢ ᠠᠷᠢᠯᠭᠠᠬᠤ᠂ ᠰᠠᠨᠠᠭᠰᠠᠨ ᠵᠦᠢᠯ ᠢ ᠪᠦᠲᠦᠭᠡᠬᠦ ᠳᠤ ᠪᠡᠯᠭᠡᠳᠡᠳᠡᠭ᠃ ᠴᠠᠭᠠᠨ ᠥᠩᠭᠡ ᠶᠢᠨ ᠬᠠᠳᠠᠭ ᠢ ᠬᠠᠮᠤᠭ ᠤᠨ ᠰᠠᠶᠢᠨ ᠰᠠᠶᠢᠬᠠᠨ᠂ ᠬᠦᠨᠳᠦᠳᠬᠡᠳᠡᠭ ᠬᠦᠮᠦᠨ ᠳᠡᠭᠡᠨ ᠡᠷᠭᠦᠨ ᠪᠠᠷᠢᠳᠠᠭ᠃             ᠤᠯᠠᠭᠠᠨ ᠬᠠᠳᠠᠭ                 ᠭᠠᠯ ᠭᠤᠯᠤᠮᠲᠠ ᠪᠠᠳᠠᠷᠠᠨ ᠳᠡᠭᠡᠭᠰᠢᠯᠡᠬᠦ ᠶᠢᠨ ᠪᠡᠯᠭᠡᠳᠡᠯ᠃ ᠶᠢᠷᠲᠢᠨᠴᠦ ᠶᠢᠨ ᠶᠢᠰᠦᠨ ᠬᠦᠰᠡᠯ ᠢ ᠪᠦᠲᠦᠭᠡᠬᠦ ᠪᠦᠬᠦ ᠵᠦᠢᠯ ᠢ ᠦᠪᠡᠷ ᠲᠡᠭᠡᠨ ᠪᠤᠶᠤ ᠨᠠᠰᠢ ᠪᠠᠨ ᠬᠤᠷᠢᠶᠠᠬᠤ ᠵᠦᠢᠯ ᠢ ᠪᠦᠲᠦᠭᠡᠨ᠎ᠡ᠃ ᠪᠤᠷᠬᠠᠨ ᠱᠠᠰᠢᠨ ᠤ ᠲᠠᠪᠤᠨ ᠮᠠᠬᠠᠪᠤᠳ ᠤᠨ ᠲᠤᠰᠬᠠᠢ ᠦᠢᠯᠡ ᠳᠤ ᠬᠡᠷᠡᠭᠯᠡᠳᠡᠭ ᠪᠦᠭᠡᠳ ᠬᠦᠮᠦᠰ ᠲᠤ ᠵᠣᠯᠭᠠᠳᠠᠭ ᠦᠭᠡᠢ᠃             ᠨᠣᠭᠤᠭᠠᠨ ᠬᠠᠳᠠᠭ                 ᠳᠡᠯᠭᠡᠷᠡᠨ ᠠᠷᠪᠢᠵᠢᠬᠤ ᠶᠢᠨ ᠪᠡᠯᠭᠡᠳᠡᠯ ᠲᠠᠢ᠃ ᠨᠤᠭᠤᠭᠠᠨ ᠥᠩᠭᠡ ᠶᠢᠨ ᠬᠠᠳᠠᠭ ᠢ ᠪᠤᠷᠬᠠᠨ ᠱᠠᠰᠢᠨ ᠤ ᠲᠠᠪᠤᠨ ᠮᠠᠬᠠᠪᠤᠳ ᠢ ᠪᠡᠯᠭᠡᠳᠡᠭᠰᠡᠨ ᠲᠤᠰᠬᠠᠢ ᠦᠢᠯᠡ ᠳᠤ ᠬᠡᠷᠡᠭᠯᠡᠳᠡᠭ ᠪᠦᠭᠡᠳ ᠬᠦᠮᠦᠰ ᠲᠤ ᠪᠠᠷᠢᠵᠦ ᠵᠣᠯᠭᠠᠳᠠᠭ ᠦᠭᠡᠢ᠃  
 
ᠢᠷᠡᠯᠲᠡ᠄ ᠳᠠᠷᠠᠰᠦ ᠶᠢᠨ ᠬᠤᠯᠪᠤᠭ᠎ᠠ ᠪᠦᠷᠬᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号