ᠡᠭᠡ ᠬᠡᠯᠡ ᠪᠠᠨ ᠬᠠᠶᠢᠷᠠᠯᠬᠠᠤ ᠶᠢᠨ ᠲᠡᠭᠡᠳᠦ ᠪᠠᠭ᠋ᠠᠷᠬᠠᠯ
ᠨᠡᠶᠢᠲᠡᠯᠡᠭᠰᠡᠨ ᠴᠠᠭ᠄
2017/3/9
           2000 ᠤᠨ ᠳᠤ ᠤᠯᠠᠨ ᠤᠯᠤᠰ ᠤᠨ ᠬᠤᠯᠪᠤᠭᠠᠲᠤ ᠪᠠᠶᠢᠭᠤᠯᠭ᠎ᠠ ᠶᠢᠨ ᠰᠤᠷᠭᠠᠨ ᠬᠦᠮᠤᠵᠢᠯ ᠰᠢᠠᠵᠢᠯᠠᠬᠦ ᠤᠬᠠᠭᠠᠨ ᠤ ᠰᠤᠶᠤᠯ ᠤᠨ ᠵᠤᠬᠢᠶᠠᠨ ᠪᠠᠶᠢᠭᠤᠯᠤᠯᠲᠠ ᠠᠴᠠ ᠵᠢᠯ ᠪᠦᠷᠢ ᠶᠢᠨ 2 ᠳ᠋ᠤᠭᠠᠷ ᠰᠠᠷ᠎ᠠ ᠶᠢᠨ 21 ᠤ ᠡᠲᠤᠷ ᠢ ᠲᠠᠯᠠᠬᠡᠢ ᠶᠢᠨ ᠡᠬᠡ ᠬᠡᠯᠡᠨ ᠤ ᠡᠲᠤᠷ ᠬᠡᠵᠤ ᠲᠤᠭᠲᠠᠭᠠᠭᠰᠠᠨ ᠠᠴᠠ ᠤᠲᠤ ᠪᠤᠯᠬᠤ ᠳᠤ ᠠᠷᠪᠠᠨ ᠨᠠᠢᠮᠠᠲᠠᠬᠢ ᠵᠢᠯ ᠢᠶᠠᠨ ᠤᠭᠲᠤᠵᠤ ᠪᠠᠶᠢᠭ᠎ᠠ ᠠᠵᠢ᠃ ︽ᠦᠰᠬᠦ ᠠᠴᠠ ᠰᠤᠷᠤᠭᠰᠠᠨ ᠦᠠᠲᠤᠰᠤᠨ ᠬᠡᠯᠡ ᠮᠠᠷᠲᠠᠵᠤ ᠪᠤᠯᠤᠰᠢ ᠦᠬᠡᠢ ᠰᠤᠶᠤᠯ︾ ᠬᠡᠲᠡᠭᠴᠢᠯᠠᠨ ᠲᠠᠯᠠᠬᠡᠢ ᠶᠢᠨ ᠡᠬᠡ ᠬᠡᠯᠡᠨ ᠤ ᠡᠲᠤᠷ ᠢ ᠪᠠᠶᠠᠷᠯᠠᠨ ᠲᠠᠮᠲᠡᠭᠯᠠᠬᠦ ᠠᠵᠢᠯᠯᠠᠭ᠎ᠠ ᠮᠠᠨ ᠤ ᠠᠶᠢᠮᠠᠭ ᠤᠨ ᠡᠯ᠎ᠠ ᠬᠤᠰᠢᠭᠤᠨ ᠳᠤ ᠦᠪᠠᠷ ᠦᠪᠠᠷ ᠤᠨ ᠬᠠᠷᠠᠭᠠᠰᠤ ᠴᠢᠭᠯᠡᠯ᠂ ᠤᠠᠴᠠᠯᠢᠭ ᠰᠢᠠᠵᠢ ᠪᠠᠷ ᠶᠠᠪᠤᠭᠲᠠᠭᠰᠠᠨ ᠪᠦᠬᠡᠤᠨ ᠨᠡᠩ ᠴᠢᠨᠠᠭᠰᠢᠯᠠᠨ ᠬᠤᠪᠢ ᠬᠦᠮᠤᠰ ᠴᠤ ᠦᠷ᠎ᠠ ᠬᠡᠤᠬᠡᠤᠨ ᠲᠠᠢ ᠪᠠᠨ ᠬᠠᠮᠲᠤ ᠡᠨᠡᠬᠦ ᠪᠠᠶᠠᠷ ᠤᠨ ᠡᠲᠤᠷ ᠢ ᠲᠤᠷᠠᠰᠬᠠᠨ ᠲᠠᠮᠲᠡᠭᠯᠡᠭᠰᠡᠨ ᠢ ᠠ ᠳ᠋ᠠ ᠲᠤᠷᠠᠤᠠᠬᠤ ᠳᠤ ᠰᠠᠤᠠᠬᠢᠯ ᠲᠦᠬᠦᠷᠡᠩ᠃                ᠲᠤᠰ ᠡᠲᠤᠷ ᠢ ᠲᠤᠬᠢᠶᠠᠯᠲᠤᠭᠤᠯᠤᠨ ᠬᠦᠪᠡᠬᠡᠲᠤ ᠰᠢᠷ᠎ᠠ ᠬᠤᠰᠢᠭᠤᠨ ᠤ ᠷᠠᠲᠢᠣ᠋ ᠲᠧᠯᠸᠢᠰ ᠲᠤᠪᠴᠢᠶ᠎ᠠ ᠰᠤᠷᠪᠤᠯᠵᠢᠯᠠᠭᠴᠢ ᠨᠠᠶᠢᠷᠠᠭᠤᠯᠤᠭᠴᠢ ᠨᠠᠷ ᠤᠨ ᠲᠤᠬᠠᠢᠢᠯᠠᠭᠰᠠᠨ ᠠᠵᠢᠯ ᠲᠠᠢ ᠤᠶᠠᠯᠲᠤᠭᠤᠯᠵᠤ᠂ ᠡᠬᠡ ᠬᠡᠯᠡ ᠪᠠᠨ ᠶᠠᠭᠠᠬᠢᠵᠤ ᠵᠦᠪ ᠰᠠᠶᠢᠬᠠᠨ ᠬᠡᠷᠡᠭᠯᠡᠬᠦ᠂ ᠶᠠᠭᠠᠬᠢᠵᠤ ᠤᠯᠠᠮ ᠴᠢᠨᠠᠭᠰᠢᠲᠠ ᠬᠦᠭᠵᠢᠬᠦᠯᠬᠦ ᠲᠤᠬᠠᠢ ᠪᠤᠲᠤᠯ ᠲᠦᠷᠦᠭᠲᠡᠯ ᠢᠶᠠᠨ ᠰᠤᠯᠢᠯᠴᠠᠭᠰᠠᠨ ︽ᠡᠬᠡ ᠬᠡᠯᠡᠨ ᠤ ᠪᠠᠭ᠋ᠠᠷᠬᠠᠯ︾ ᠭᠡᠮᠡᠬᠦ ᠠᠵᠢᠯᠯᠠᠭ᠎ᠠ ᠦᠷᠨᠢᠬᠦᠯᠵᠡᠢ᠃ ᠰᠤᠷᠪᠤᠯᠵᠢᠯᠠᠭᠴᠢ ᠨᠠᠶᠢᠷᠠᠭᠤᠯᠤᠭᠴᠢ ᠨᠠᠷ ᠪᠠᠰᠠ ︽ᠡᠬᠡ ᠬᠡᠯᠡ︾ ᠬᠡᠰᠡᠨ ᠭᠠᠷᠴᠠᠭ ᠢᠶᠠᠷ ᠡᠬᠡ ᠬᠡᠯᠡᠨ ᠤ ᠡᠲᠤᠷ ᠲᠤ ᠵᠤᠷᠢᠭᠤᠯᠤᠭᠰᠠᠨ ᠵᠤᠬᠢᠶᠠᠯ ᠪᠢᠴᠢᠵᠦ ᠤᠷᠤᠯᠳᠤᠨ᠂ ᠠᠷᠪᠠᠨ ᠨᠠᠢᠮᠠᠲᠠᠬᠢ ᠤᠲᠠᠭᠠᠨ ᠤ ᠲᠠᠯᠠᠬᠡᠢ ᠶᠢᠨ ᠡᠬᠡ ᠬᠡᠯᠡᠨ ᠤ ᠡᠲᠤᠷ ᠢ ᠪᠤᠰᠤᠭ᠎ᠠ ᠮᠤᠩᠭᠤᠯ ᠦᠰᠦᠭ ᠢᠶᠠᠷ ᠢᠶᠠᠨ ᠲᠠᠮᠲᠡᠭᠯᠡᠨ ᠦᠯᠠᠲᠠᠬᠡᠯ᠎ᠡ᠃                ᠡᠷᠢᠶᠠᠨ ᠬᠤᠲᠠ ᠶᠢᠨ ᠮᠤᠩᠭᠤᠯ ᠪᠠᠭ᠎ᠠ ᠰᠤᠷᠭᠠᠭᠤᠯᠢ ᠶᠢᠨ ᠬᠤᠶᠠᠲᠤᠭᠠᠷ ᠤᠨ ᠤ ᠰᠤᠷᠤᠭᠴᠢ ᠰᠢᠯᠤᠭᠤᠨ ᠪᠤᠯ ᠶᠠᠷᠤ ᠠᠴᠠ ᠪᠠᠨ ᠨᠤᠮ ᠪᠢᠴᠢᠭ ᠤᠡᠭᠰᠢᠬᠤ ᠳᠤᠷ᠎ᠠ ᠪᠠᠬ᠎ᠠ ᠲᠠᠢ ᠰᠤᠷᠤᠭᠴᠢ ᠶᠢᠨ ᠨᠢᠭᠡᠨ᠃ ᠭᠠᠷᠠᠭ ᠭᠠᠷᠠᠭ ᠨᠤᠮ ᠤᠨ ᠳᠡᠯᠭᠡᠬᠦᠷ ᠢ ᠴᠢᠭᠯᠡᠳᠡᠭ ᠳᠡᠷᠡᠪᠡᠷ ᠡᠨᠡ ᠡᠲᠤᠷ ᠴᠤ ᠵᠤᠷᠰᠢᠯ ᠶᠤᠰᠤᠭᠠᠷ ᠡᠵᠢ ᠲᠠᠢ ᠪᠠᠨ ᠬᠠᠮᠲᠤ ᠰᠢᠠᠬᠤᠸᠠ ᠨᠤᠮ ᠤᠨ ᠰᠠᠩ ᠳᠤ ᠬᠦᠷᠴᠤ᠂ ᠲᠤᠷ᠎ᠠ ᠲᠠᠢ ᠨᠤᠮ ᠪᠢᠴᠢᠭ ᠢᠶᠠᠨ ᠪᠦᠬᠦᠯᠢ ᠡᠳᠦᠷ ᠢᠶᠠᠷ ᠨᠢ ᠤᠡᠭᠰᠢᠨ ᠰᠠᠭᠤᠵᠤ᠂ ᠡᠬᠡ ᠬᠡᠯᠡᠨ ᠤ ᠡᠳᠦᠷ ᠢᠶᠠᠨ ᠲᠤᠷᠠᠰᠬᠠᠨ ᠳᠡᠮᠳᠡᠭᠯᠡᠵᠡᠢ᠃ ᠡᠶᠢᠮᠦᠷᠬᠦ ᠦᠢᠯᠠ ᠠᠵᠢᠯᠯᠠᠭ᠎ᠠ ᠨᠢ ᠬᠡᠤᠬᠡᠤᠨ ᠤᠳ ᠤᠨ ᠨᠤᠮ ᠪᠢᠴᠢᠭ ᠲᠠᠢ ᠨᠦᠬᠦᠷᠯᠠᠨ᠂ ᠦᠪᠡᠷ ᠤᠨ ᠡᠭᠡ ᠭᠡᠯᠡ ᠪᠠᠨ ᠬᠠᠷᠠᠬᠠᠨ ᠪᠠᠭ᠎ᠠ ᠠᠴᠠ ᠪᠠᠨ ᠬᠠᠶᠢᠷᠠᠯᠠᠨ ᠬᠠᠮᠠᠭᠠᠯᠠᠬᠤ ᠳᠤ ᠳᠠᠭᠤᠷᠢᠶᠠᠯ ᠪᠤᠯᠬᠤ ᠨᠢ ᠯᠠᠪᠲᠠᠢ᠃                ᠰᠢᠯᠤᠭᠤᠨ ᠬᠦᠬᠡ ᠬᠤᠰᠢᠭᠤᠨ ᠤ ᠱᠡᠩᠲᠤ ᠪᠠᠯᠭᠠᠰᠤᠨ ᠳᠤ ︽ᠲᠤᠷᠭᠠᠨ ᠪᠠᠷᠢᠠᠲᠠᠭ︾ ᠮᠤᠩᠭᠤᠯ ᠨᠤᠮ ᠤᠡᠭᠰᠢᠯᠭ᠎ᠠ ᠶᠢᠨ ᠦᠷᠤᠬᠡ ᠡᠷᠬᠢᠯᠠᠵᠤ ᠪᠠᠶᠢᠭ᠎ᠠ ᠠᠯᠳ᠋ᠬᠠᠤᠪᠤᠭ᠎ᠠ ᠪᠤᠯᠤᠨ ᠵᠤᠯᠠᠭᠡᠷᠡᠯ ᠡᠬᠡ ᠬᠡᠯᠡᠨ ᠤ ᠡᠲᠤᠷ ᠢ ᠲᠤᠬᠢᠶᠠᠯᠲᠤᠭᠤᠯᠤᠨ ᠬᠡᠷ ᠪᠦᠯᠢ ᠪᠠᠷ ᠢᠶᠠᠨ ᠰᠢᠯᠢ ᠶᠢᠨ ᠬᠤᠲᠠ ᠳᠤ ᠢᠷᠠᠵᠠᠢ᠃ ᠲᠡᠳᠡ ᠮᠤᠩᠭᠤᠯ ᠨᠤᠮ ᠤᠨ ᠲᠠᠯᠬᠡᠬᠦᠷ ᠤᠳ ᠢᠶᠠᠷ ᠲᠤᠭᠤᠷᠢᠵᠤ᠂ ᠰᠢᠨ᠎ᠠ ᠬᠠᠭᠤᠴᠢᠨ ᠨᠤᠮ ᠢ ᠬᠤᠶᠠᠷ ᠭᠡᠤᠭᠡᠳ ᠲᠠᠢ ᠪᠠᠨ ᠬᠠᠮᠳᠤ ᠰᠤᠨᠢᠷᠬᠠᠨ ᠤᠡᠭᠰᠢᠬᠤ ᠶᠢᠨ ᠲᠠᠭᠠᠤ ᠦᠪᠠᠷ ᠤᠨ ᠡᠷᠬᠢᠯᠠᠵᠤ ᠪᠠᠶᠢᠭ᠎ᠠ ︽ᠲᠤᠷᠭᠠᠨ ᠪᠠᠷᠢᠠᠲᠠᠭ︾ ᠮᠤᠩᠭᠤᠯ ᠨᠤᠮ ᠤᠡᠭᠰᠢᠯᠭ᠎ᠠ ᠶᠢᠨ ᠦᠷᠤᠬᠡᠨ ᠳᠡᠭᠡᠨ ᠮᠢᠩᠭ᠎ᠠ ᠭᠠᠷᠤᠢ ᠲᠦᠬᠦᠷᠢᠭ ᠤᠨ ᠨᠤᠮ ᠬᠤᠲᠠᠯᠲᠤᠨ ᠠᠪᠴᠤ᠂ ᠨᠤᠳᠤᠭ ᠤᠰᠤᠨ ᠤ ᠪᠠᠨ ᠭᠡᠤᠭᠡᠳ ᠪᠠᠭᠠᠴᠤᠳ ᠲᠤ ᠤᠶᠤᠨ ᠤ ᠬᠦᠷᠳᠡᠭᠡᠯ ᠪᠤᠯᠭᠠᠬᠤ ᠶᠢ ᠵᠤᠷᠢᠵᠠᠢ᠃                ᠮᠠᠨ ᠤ ᠠᠶᠢᠮᠠᠬ ᠤᠨ ᠬᠢᠨ ᠳᠡᠯᠡᠭᠡᠢ ᠶᠢᠨ ᠡᠬᠡ ᠬᠡᠯᠡᠨ ᠤ ᠡᠲᠤᠷ ᠢᠶᠠᠨ ᠪᠠᠶᠠᠯᠢᠭ ᠤᠤᠠᠬ᠎ᠠ ᠠᠭᠤᠯᠭ᠎ᠠ ᠲᠠᠢ ᠲᠤᠷᠠᠰᠬᠠᠨ ᠲᠠᠮᠲᠡᠭᠯᠠᠵᠤ ᠪᠠᠶᠢᠭ᠎ᠠ ᠨᠢ ᠡᠳᠦ᠋ᠢᠬᠡᠨ ᠵᠢᠱᠢᠶ᠎ᠡ ᠪᠠᠷ ᠬᠡᠷᠬᠢᠨ ᠵᠤᠬᠰᠤᠬᠤ ᠪᠢᠯᠡ ᠳ᠋ᠧ⁈ ᠭᠠᠵᠠᠷ ᠭᠠᠵᠠᠷ ᠲᠤ ᠡᠬᠡ ᠬᠡᠯᠡᠨ ᠤ ᠡᠳᠦᠷ ᠢᠶᠠᠨ ᠲᠤᠷᠠᠰᠬᠠᠨ ᠲᠡᠮᠳᠡᠭᠯᠡᠵᠦ ᠪᠠᠶᠢᠭ᠎ᠠ ᠮᠤᠩᠭᠤᠯ ᠲᠦᠮᠡᠨ ᠮᠢᠨᠢ ᠦᠪᠡᠷ ᠦᠪᠡᠷ ᠤᠨ ᠪᠤᠳᠠᠳᠤ ᠦᠢᠯᠡ ᠠᠵᠢᠯᠯᠠᠭ᠎ᠠ ᠪᠠᠷ ᠢᠶᠠᠨ ᠪᠦᠬᠦ᠋ᠢᠯᠠ ᠮᠤᠩᠭᠤᠯᠴᠤᠤᠨ ᠢᠶᠠᠨ ᠤᠷᠢᠶᠠᠯᠠᠨ ᠲᠠᠶᠢᠴᠢᠯᠠᠵᠤ᠂ ᠦᠬᠡ ᠬᠡᠯᠡ ᠪᠠᠨ ᠴᠠᠭ ᠢᠮᠬᠠᠲᠠ ᠴᠠᠪᠠᠷᠰᠢᠬᠦᠯᠵᠤ᠂ ᠮᠤᠩᠭᠤᠯ ᠢᠶᠠᠷ ᠢᠶᠠᠨ ᠶᠠᠷᠢᠵᠤ᠂ ᠮᠤᠩᠭᠤᠯ ᠦᠬᠡ ᠬᠡᠯᠡ ᠦᠰᠦᠭ ᠪᠢᠴᠢᠭ ᠢᠶᠠᠨ ᠵᠦᠪ ᠢᠶᠠᠷ ᠤᠯᠠᠮᠵᠢᠯᠠᠨ ᠵᠠᠯᠭᠠᠮᠵᠢᠯᠠᠭᠤᠯᠬᠤ ᠳᠤ ᠦᠪᠡᠷ ᠦᠪᠡᠷ ᠤᠨ ᠬᠤᠪᠢ ᠨᠠᠮᠠᠷᠢ ᠪᠠᠨ ᠦᠵᠠᠬᠦᠯᠵᠤ ᠪᠠᠶᠢᠭ᠎ᠠ ᠨᠢ ᠮᠠᠰᠢ ᠪᠠᠶᠠᠷᠯᠠᠭᠤᠰᠢᠲᠠᠢ ᠤᠴᠢᠷ ᠶᠤᠮᠰᠠᠨ᠃ ᠡᠶᠢᠮᠦ ᠠᠵᠢᠯᠯᠠᠭ᠎ᠠ ᠭᠠᠭᠴᠠ ᠨᠢᠬᠡ ᠯᠠ ᠡᠲᠤᠷ ᠢᠶᠠᠷ ᠪᠢᠰᠢ᠂ ᠴᠠᠬ ᠦᠷᠬᠦᠯᠵᠢ ᠶᠠᠪᠤᠬᠳᠠᠵᠤ ᠪᠠᠶᠢᠳᠠᠬ ᠯᠡ ᠤᠴᠢᠷᠳᠠᠢ᠃ ᠮᠦᠠᠴᠤ ᠡᠨᠡᠬᠦ ᠡᠬᠡ ᠬᠡᠯᠡᠨ ᠤ ᠡᠲᠤᠷ ᠢᠶᠠᠨ ᠵᠢᠯ ᠦᠠᠵᠢᠯ ᠦᠬᠡᠢ ᠲᠤᠷᠠᠰᠬᠠᠨ ᠲᠠᠮᠲᠡᠭᠯᠠᠵᠤ ᠯᠠ ᠪᠠᠶᠢᠪᠠᠯ ᠡᠬᠡ ᠬᠡᠯᠡᠨ ᠤ ᠮᠢᠨᠢ ᠬᠦᠭᠵᠢᠯᠲᠠ ᠳᠤ ᠶᠠᠬᠡᠬᠡᠨ ᠡᠷᠴᠢ ᠬᠦᠴᠦᠨ ᠨᠡᠮᠡᠷᠢᠯᠡᠬᠦ ᠨᠢ ᠶᠠᠷᠢᠶᠠᠨ ᠦᠬᠡᠢ᠃                ︽ᠭᠡᠯᠡ ᠲᠠᠢ ᠪᠤᠯ ᠬᠦᠯ ᠲᠠᠢ᠂ ᠬᠦᠯ ᠲᠠᠢ ᠪᠤᠯ ᠵᠠᠮ ᠲᠠᠢ︾ ᠭᠡᠳᠡᠭᠴᠢᠯᠡᠨ ᠰᠠᠤᠠᠬᠢᠯ ᠵᠢᠷᠤᠬᠡᠨ ᠤ ᠴᠤᠬᠢᠯᠭ᠎ᠠ ᠪᠤᠯᠤᠭᠰᠠᠨ ᠮᠤᠩᠭᠤᠯ ᠬᠡᠯᠡ ᠪᠠᠨ ᠬᠠᠶᠢᠷᠠᠯᠠᠨ ᠬᠦᠨᠳᠦᠳᠭᠡᠵᠤ ᠳᠡᠭᠡᠳᠤᠯᠡᠨ ᠡᠷᠬᠢᠮᠯᠡᠬᠦ ᠶᠡᠭᠡ ᠦᠢᠯᠡ ᠪᠠᠨ ᠴᠠᠬ ᠦᠷᠭᠦᠯᠵᠢ ᠪᠤᠲᠠᠲᠠᠢ ᠦᠢᠯᠠᠲᠤᠯᠬᠡ ᠪᠠᠷ ᠢᠶᠠᠨ ᠪᠠᠶᠠᠯᠠᠬᠦᠯᠵᠤ ᠶᠠᠪᠤᠬᠤ ᠨᠢ ᠮᠤᠩᠭᠤᠯ ᠬᠦᠮᠦᠨ ᠪᠤᠯᠭᠠᠨ ᠤ ᠠᠷᠢᠭᠤᠨ ᠲᠠᠷᠬᠠᠨ ᠡᠭᠦᠷᠭᠡ ᠬᠠᠷᠢᠭᠤᠴᠠᠯᠭ᠎ᠠ ᠪᠤᠯᠬᠤ ᠶᠤᠮ ᠭᠡᠵᠦ ᠰᠤᠷᠪᠤᠯᠵᠢᠯᠠᠬᠤ ᠲᠤᠮᠳᠠ ᠦᠪᠡᠷ ᠤᠨ ᠡᠷᠬᠡ ᠦᠭᠡᠢ ᠪᠤᠳᠤᠬᠳᠠᠬᠰᠠᠨ ᠢᠶᠠᠨ ᠴᠤ ᠠ ᠳ᠋ᠡ ᠲᠡᠮᠳᠡᠭᠯᠡᠨ ᠰᠤᠷᠪᠤᠯᠵᠢᠯᠠᠭ᠎ᠠ ᠪᠠᠨ ᠲᠡᠭᠦᠰᠭᠡᠶ᠎ᠡ᠃  
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠣᠨᠢᠨ ᠤ ᠠᠯᠪᠠᠨ ᠪᠦᠷᠬᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号