ᠤᠷᠠᠳ ᠮᠣᠩᠭᠤᠯᠴᠣᠳ ᠤᠨ ᠢᠰᠡᠭᠡᠢ ᠬᠢᠬᠦ ᠣᠯᠠᠮᠵᠢᠯᠠᠯᠳᠣ ᠤᠷ᠎ᠠ ᠮᠡᠷᠭᠡᠰᠢᠯ
ᠨᠡᠶᠢᠲᠡᠯᠡᠭᠰᠡᠨ ᠴᠠᠭ᠄
2017/4/5
           ᠢᠰᠡᠭᠡᠢ ᠪᠣᠯ ᠨᠡᠭᠦᠳᠡᠯᠴᠢᠨ ᠦᠨᠳᠦᠰᠦᠲᠡᠨ ᠤ ᠠᠮᠢᠳᠣᠷᠠᠯ ᠳᠣᠮᠳᠠ  ᠳᠣᠲᠠᠭᠳᠠᠵᠣ  ᠪᠣᠯᠣᠰᠢ  ᠦᠭᠡᠢ  ᠵᠦᠢᠯ  ᠪᠣᠯᠣᠨ᠎ᠠ᠃ ᠮᠣᠩᠭᠤᠯ ᠭᠡᠷ ᠤᠨ ᠳᠡᠭᠡᠪᠦᠷ᠂ ᠲᠣᠭᠤᠷᠭ᠎ᠠ᠂ ᠢᠰᠡᠭᠡᠢ ᠡᠭᠦᠳᠡ᠂ ᠳᠡᠪᠢᠰᠭᠡᠷ ᠰᠢᠷᠢᠳᠡᠭ᠂ ᠡᠮᠡᠭᠡᠯ ᠤᠨ ᠲᠤᠬᠤᠰᠢ᠂  ᠲᠡᠮᠡᠭᠡᠨ  ᠲᠣᠬᠤᠰᠢ᠂ ᠢᠰᠡᠭᠡᠢ ᠭᠤᠳᠤᠯ᠂ ᠢᠰᠡᠭᠡᠢ ᠣᠶᠢᠮᠣᠰᠣ᠂ ᠢᠰᠡᠭᠡᠢ ᠣᠭᠤᠲᠠ ᠵᠡᠷᠭᠡ ᠶᠢ ᠪᠦᠷ ᠢᠰᠡᠭᠡᠢ ᠪᠠᠷ ᠬᠢᠳᠡᠭ᠃                    ᠣᠷᠳᠣ ᠣᠳᠠᠭᠠᠨ ᠤ ᠲᠡᠤᠬᠡᠨ ᠶᠠᠪᠤᠴᠠ‌‍ᠳᠥ᠂ ᠪᠠᠶᠠᠨᠨᠠᠭᠤᠷ ᠤᠨ ᠤᠷᠠᠳ ᠮᠣᠩᠭᠤᠯᠴᠣᠳ ᠨᠢᠭᠡᠨ ᠪᠦᠷᠢᠨ  ᠲᠦᠬᠦᠷ  ᠢᠰᠡᠭᠡᠢ ᠬᠢᠬᠦ ᠤᠷ᠎ᠠ ᠮᠡᠷᠭᠡᠵᠢᠯ ᠢ ᠳ᠋ᠥᠩᠨᠡᠨ ᠭᠠᠷᠭᠠᠭᠰᠠᠨ ᠪᠠᠶᠢᠳᠠᠭ᠃ ᠢᠰᠡᠭᠡᠢ ᠬᠢᠬᠦ ᠳᠤ ᠬᠤᠶᠠᠷ ᠵᠦᠢᠯ ᠤᠨ ᠣᠩᠭᠠᠰᠣ ᠠᠴᠠ ᠰᠠᠯᠵᠣ  ᠳᠡᠶᠢᠯᠬᠦ ᠦᠭᠡᠢ᠂ ᠳᠠᠷᠣᠢ ᠵᠣᠨ ᠤ ᠡᠬᠢᠨ ᠤ ᠬᠦᠭᠡᠪᠦᠷ ᠪᠣᠯᠣᠨ ᠨᠠᠮᠣᠷ ᠤᠨ ᠰᠡᠭᠦᠯᠴᠢ ᠶᠢᠨ ᠠᠬᠤᠷ ᠪᠣᠯᠣᠨ᠎ᠠ᠃ ᠬᠥᠭᠡᠪᠦᠷ ᠨᠢ ᠰᠢᠷᠬᠡᠭ ᠣᠷᠲᠣ᠂ ᠨᠠᠭᠠᠯᠳᠣᠮᠠᠬᠠᠢ ᠴᠢᠨᠠᠷ ᠢᠶᠠᠷ ᠴᠢᠩᠭ᠎ᠠ᠂ ᠣᠶᠠᠨ ᠬᠠᠳᠠᠨ ᠴᠢᠨᠠᠷ ᠢᠶᠠᠷ ᠰᠠᠶᠢᠨ ᠵᠡᠷᠭᠡ ᠣᠨᠴᠠᠯᠢᠭ ᠲᠠᠢ᠃ ᠢᠰᠡᠭᠡᠢ ᠬᠢᠬᠦ ᠠᠯᠬᠤᠮ  ᠳᠠᠷᠠᠭ᠎ᠠ ᠭᠡᠪᠡᠯ᠄ ᠬᠠᠶᠢᠴᠢᠯᠠᠭᠰᠠᠨ ᠬᠤᠨᠢᠨ ᠤᠩᠭᠠᠰᠤ ᠪᠠᠨ ᠡᠯᠡᠰᠦᠨ ᠳᠡᠭᠡᠷ᠎ᠡ ᠳᠡᠯᠭᠡᠨ ᠲᠠᠯᠪᠢᠵᠤ᠂ ᠨᠠᠷᠢᠨ ᠪᠣᠷᠭᠠᠰᠣ  ᠎ ᠪᠠᠷ  ᠰᠠᠪᠠᠵᠣ  ᠰᠢᠷᠬᠡᠭ ᠢ ᠵᠠᠳᠠᠷᠠᠭᠤᠯᠤᠨ᠂ ᠤᠩᠭᠠᠷᠢᠯᠯᠢᠭ ᠬᠡᠯᠪᠡᠷᠢ ᠲᠠᠢ ᠪᠤᠯᠭᠠᠨ᠂ ᠤᠩᠭᠠᠰᠤ ᠪᠠᠨ ᠰᠠᠪᠠᠨ ᠵᠠᠳᠠᠷᠠᠭᠤᠯᠬᠤ ᠶᠢᠨ ᠵᠡᠷᠭᠡ ᠪᠠᠷ ᠰᠡᠯᠪᠢᠵᠦ᠂  ᠳᠠᠷᠠᠭ᠎ᠠ ᠨᠢ ᠨᠢᠭᠡ ᠬᠡᠰᠡᠭ ᠢᠰᠡᠭᠡᠢ ᠳᠡᠪᠢᠰᠴᠦ᠂ ᠤᠰᠤ ᠰᠦᠷᠴᠢᠨ ᠬᠦᠪᠡᠭᠡ ᠶᠢ  ᠎ ᠨᠢ  ᠳᠠᠷᠣᠨ  ᠤᠩᠭᠠᠰᠤ ᠪᠠᠨ  ᠵᠤᠯᠠᠨ᠎ᠠ᠃  ᠤᠩᠭᠠᠰᠤ ᠪᠠᠨ ᠲᠠᠷᠤᠰᠢᠭᠤᠯᠬᠤ ᠶᠢᠨ ᠲᠥᠯᠦᠭᠡ ᠲᠠᠰᠣᠷᠠᠯᠲᠠ ᠦᠭᠡᠢ ᠳᠠᠷᠣᠬᠤ ᠶᠢᠨ ᠵᠡᠷᠭᠡ ᠪᠠᠷ ᠤᠰᠤ  ᠰᠦᠷᠴᠢᠨ᠎ᠡ᠃  ᠳᠠᠷᠠᠭ᠎ᠠ  ᠎ ᠨᠢ  ᠢᠰᠡᠭᠡᠢ ᠪᠠᠨ ᠤᠷᠢᠶᠠᠵᠦ ᠲᠡᠮᠡᠭᠡ ᠪᠠᠷ ᠳᠠᠲᠠᠭᠤᠯᠵᠣ ᠪᠥᠮᠪᠦᠷᠢᠭᠦᠯᠦᠨ᠎ᠡ᠃                    ᠢᠰᠡᠭᠡᠢ ᠬᠢᠬᠦ ᠳᠤ ᠣᠷᠣᠯᠴᠠᠬᠤ  ᠬᠦᠮᠦᠨ  ᠭᠠᠷ  ᠬᠤᠭᠤᠰᠤᠨ  ᠢᠷᠡᠳᠡᠭ  ᠦᠭᠡᠢ᠂  ᠪᠡᠯᠭᠡ  ᠳᠡᠮᠪᠡᠷᠢᠯ ᠢ  ᠪᠣᠳᠤᠨ  ᠰᠦ ᠰᠠᠭᠠᠯᠢ ᠶᠢᠨ ᠳᠡᠭᠡᠵᠢ ᠠᠴᠠ ᠪᠠᠨ ᠡᠪᠦᠷᠯᠡᠨ ᠢᠷᠡᠳᠡᠭ᠃ ᠢᠰᠡᠭᠡᠢ ᠪᠠᠨ  ᠬᠢᠵᠦ  ᠳᠠᠭᠤᠰᠣᠭᠰᠠᠨ ᠠᠴᠠ  ᠰᠡᠭᠦᠯᠡᠷ᠂  ᠰᠢᠨᠡᠬᠡᠨ  ᠬᠢᠭᠰᠡᠨ ᠢᠰᠡᠭᠡᠢ ᠪᠠᠨ ᠰᠦ ᠪᠠᠷ ᠮᠢᠯᠢᠶᠠᠵᠣ ᠢᠷᠦᠭᠡᠯ ᠣᠩᠰᠢᠳᠠᠭ᠃ 2009 ᠣᠨ ᠳᠤ᠂ ᠤᠷᠠᠳ ᠮᠣᠩᠭᠤᠯᠴᠣᠳ ᠤᠨ ᠢᠰᠡᠭᠡᠢ ᠬᠢᠬᠦ ᠤᠷ᠎ᠠ ᠮᠡᠷᠭᠡᠰᠢᠯ ᠥᠪᠡᠷᠲᠡᠭᠡᠨ ᠵᠠᠰᠠᠬᠤ ᠤᠷᠤᠨ ᠤ ᠪᠤᠳᠠᠰ ᠤᠨ ᠪᠣᠰᠤ ᠰᠤᠶᠤᠯ ᠤᠨ ᠥᠪ ᠤᠨ ᠳᠡᠮᠳᠡᠭᠯᠡᠯ ᠳᠤ ᠣᠷᠣᠪᠠ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号