ᠳᠡᠯᠡᠬᠡᠢ ᠲᠡᠭᠡᠷᠡᠬᠢ ᠴᠤᠷ ᠤᠨ  ᠭᠠᠭᠴᠠ ᠴᠢᠩᠬᠢᠰ ᠬᠠᠭᠠᠨ ᠤ ᠰᠦᠮ᠎ᠡ
ᠨᠡᠶᠢᠲᠡᠯᠡᠭᠰᠡᠨ ᠴᠠᠭ᠄
2017/6/12
            ᠬᠢᠩᠭᠠᠨ ᠠᠶᠢᠮᠠᠭ ᠤᠨ ᠣᠯᠠᠭᠠᠨᠬᠤᠲᠠ ᠶᠢᠨ ᠠᠷᠤ ᠶᠢᠨ  ᠠᠭᠤᠯᠠᠨ  ᠲᠡᠭᠡᠷ᠎ᠡ  ᠪᠠᠶᠢᠷᠢᠯᠠᠵᠤ  ᠪᠠᠶᠢᠭ᠎ᠠ  ᠴᠢᠩᠭᠢᠰ  ᠎ ᠤᠨ ᠰᠦᠮ᠎ᠡ ᠪᠤᠯ ᠳᠡᠯᠡᠬᠡᠢ ᠶᠢ ᠪᠠᠶᠢᠯᠲᠤᠨ ᠲᠠᠭᠠᠭᠤᠯᠤᠬᠰᠠᠨ ᠴᠢᠩᠭᠢᠰ ᠬᠠᠭᠠᠨ ᠢ ᠲᠤᠷᠠᠰᠬᠠᠬᠤ ᠎ ᠪᠠᠷ ᠪᠠᠶᠢᠭᠤᠯᠤᠬᠰᠠᠨ  ᠳᠡᠯᠡᠬᠡᠢ  ᠎ ᠳᠤ ᠬᠤᠤᠰ ᠦᠭᠡᠢ ᠰᠦᠮ᠎ᠡ ᠪᠤᠯᠤᠨ᠎ᠠ᠃                       ᠳᠤᠰ ᠰᠦᠮ᠎ᠡ ᠶᠢ 1940 ᠤᠨ ᠤ 5 ᠰᠠᠷ᠎ᠠ ᠳᠤ ᠡᠬᠢᠯᠡᠨ ᠪᠠᠶᠢᠭᠤᠯᠵᠤ᠂ 1944 ᠤᠨ ᠤ  10  ᠰᠠᠷ᠎ᠠ  ᠎ ᠳᠤ ᠪᠠᠶᠢᠭᠤᠯᠵᠤ ᠳᠠᠭᠤᠰᠬᠠᠵᠠᠢ᠃ ᠪᠦᠬᠦ ᠲᠠᠯᠠᠪᠠᠢ ᠨᠢ 6.8 ᠳᠦᠮᠡᠨ ᠳᠡᠭᠰᠢ  ᠳᠦᠷᠪᠡᠯᠵᠢᠨ  ᠮᠧᠲᠷ  ᠪᠠᠶᠢᠲᠠᠭ᠃  ᠰᠦᠮ᠎ᠡ  ᠎ ᠶᠢᠨ ᠪᠦᠬᠦᠶᠢᠯᠡ ᠪᠠᠷᠢᠯᠭ᠎ᠠ ᠶᠢ ᠬᠢᠲᠠᠳ ᠪᠠᠷᠢᠯᠭ᠎ᠠ ᠶᠢᠨ ᠳᠡᠩᠭᠡᠯᠢᠭ ᠱᠣᠭᠤᠮ ᠲᠠᠭᠠᠭᠤᠯᠤᠨ ᠳᠡᠩᠴᠡᠬᠦᠯᠵᠦ  ᠪᠠᠶᠢᠷᠢᠰᠢᠭᠤᠯᠬᠤ  ᠠᠷᠭ᠎ᠠ ᠶᠢ ᠬᠡᠷᠡᠭᠯᠡᠵᠦ᠂ ᠳᠤᠮᠳᠠᠳᠦ ᠪᠠᠷᠢᠯᠭ᠎ᠠ ᠶᠢ ᠦᠨᠳᠦᠷ᠂ ᠬᠤᠶᠠᠷ ᠲᠠᠯ᠎ᠠ ᠶᠢᠨ ᠪᠠᠷᠢᠯᠭ᠎ᠠ ᠶᠢ ᠨᠠᠮ ᠪᠠᠶᠢᠯᠭᠠᠬᠤ ᠬᠡᠪ ᠢᠶᠠᠷ  ᠪᠠᠷᠢᠵᠠᠢ᠃ ᠳᠤᠮᠳᠠᠬᠢ ᠭᠤᠤᠯ ᠳᠤᠭᠠᠩ ᠦᠨᠳᠦᠷ ᠢᠶᠠᠷ ᠢᠶᠠᠨ 28 ᠮᠧᠲᠷ᠂ ᠬᠤᠶᠠᠷ  ᠵᠢᠬᠦᠷ  ᠎ ᠤᠨ  ᠳᠤᠭᠠᠩ  ᠎ ᠨᠢ  16.62  ᠮᠧᠲᠷ᠂ ᠪᠠᠷᠢᠯᠭ᠎ᠠ ᠶᠢᠨ ᠲᠠᠯᠠᠪᠠᠢ ᠨᠢ 822  ᠳᠡᠭᠰᠢ  ᠳᠦᠷᠪᠡᠯᠵᠢᠨ  ᠮᠧᠲᠷ  ᠪᠠᠶᠢᠲᠠᠭ᠃  ᠪᠠᠷᠢᠯᠭ᠎ᠠ  ᠎ ᠶᠢᠨ  ᠭᠤᠤᠯ  ᠴᠤᠭᠴᠠ  ᠎ ᠨᠢ ᠳᠦᠷᠪᠡᠯᠵᠢᠨ ᠬᠠᠶᠠᠭᠠᠨ ᠤ ᠳᠡᠭᠡᠷ᠎ᠡ ᠪᠦᠮᠪᠦᠷᠢᠭᠡᠨ ᠤᠷᠤᠢ ᠲᠠᠢ᠂ ᠳᠡᠭᠡᠪᠦᠷ ᠢ ᠨᠤᠭᠤᠭᠠᠨ ᠸᠠᠭᠠᠷ ᠢᠶᠠᠷ ᠸᠠᠭᠠᠷᠯᠠᠵᠤ᠂ ᠬᠡᠷᠡᠮ ᠢ ᠨᠢ ᠴᠠᠭᠠᠨ ᠢᠶᠠᠷ ᠦᠩᠭᠡᠯᠡᠵᠡᠢ᠃ ᠳᠤᠰ ᠪᠠᠷᠢᠯᠭ᠎ᠠ ᠮᠤᠩᠭᠤᠯ  ᠳᠦᠪᠡᠳ  ᠬᠢᠲᠠᠳ  ᠪᠠᠷᠢᠯᠭ᠎ᠠ  ᠎ ᠶᠢᠨ  ᠤᠨᠴᠠᠯᠢᠭ  ᠎ ᠢ  ᠨᠡᠶᠢᠯᠡᠬᠦᠯᠵᠦ ᠰᠠᠶᠢᠬᠠᠨ ᠬᠠᠷᠠᠭᠤᠯᠤᠬᠰᠠᠨ ᠶᠤᠮ᠃ ᠶᠡᠭᠡ ᠲᠤᠭᠠᠩ ᠤᠨ ᠳᠦᠪ ᠳᠤᠮᠳᠠ  ᠪᠠᠶᠢᠭ᠎ᠠ  ᠭᠠᠨᠳᠢᠭ  ᠰᠠᠭᠤᠷᠢᠨ  ᠳᠡᠭᠡᠷ᠎ᠡ  ᠴᠢᠩᠬᠢᠰ ᠬᠠᠭᠠᠨ ᠤ ᠰᠠᠭᠤᠭ᠎ᠠ ᠬᠦᠷᠦᠭ ᠢ 2.8 ᠮᠧᠲᠷ ᠦᠨᠳᠦᠷ ᠱᠣᠭᠤᠵᠣ ᠲᠠᠯᠪᠢᠵᠠᠢ᠂ ᠳᠤᠰ ᠱᠣᠭᠤᠮᠠᠯ ᠢ ᠪᠤᠯ 2.6 ᠳᠤᠨ ᠭᠠᠤᠯᠢ ᠪᠠᠷ ᠪᠦᠳᠦᠭᠡᠭᠰᠡᠨ ᠶᠤᠮ᠃ ᠱᠣᠭᠤᠮᠠᠯ ᠤᠨ ᠬᠤᠶᠠᠷ ᠲᠠᠯ᠎ᠠ ᠳᠤ ᠶᠤᠸᠠᠨ ᠤᠯᠤᠰ ᠤᠨ ᠦᠶ᠎ᠡ ᠶᠢᠨ ᠵᠡᠷ ᠵᠡᠪᠰᠡᠭ  ᠎ ᠢ  ᠳᠠᠯᠪᠢᠵᠤ᠂ ᠪᠠᠷᠠᠭᠤᠨ ᠵᠡᠬᠦᠨ ᠬᠤᠶᠠᠷ ᠵᠢᠬᠦᠷ ᠤᠨ ᠲᠤᠭᠠᠩ ᠳᠤ ᠶᠤᠸᠠᠨ ᠤᠯᠤᠰ ᠤᠨ ᠦᠶ᠎ᠡ ᠶᠢᠨ ᠬᠤᠪᠴᠠᠰᠦ ᠵᠠᠰᠠᠯ᠂  ᠪᠢᠴᠢᠭ  ᠰᠡᠯᠲᠡ᠂ ᠡᠳ᠋ᠯᠡᠯ ᠬᠡᠷᠡᠭᠰᠡᠯ ᠵᠡᠷᠭᠡ ᠶᠢ ᠳᠡᠯᠭᠡᠨ ᠦᠵᠡᠬᠦᠯᠵᠦ ᠪᠠᠶᠢᠨ᠎ᠠ᠃ ᠳᠤᠭᠠᠩ ᠎ ᠨᠤᠭᠤᠳ ᠤᠨ ᠠᠲᠠᠷ ᠲᠡᠭᠡᠷ᠎ᠡ ᠮᠤᠩᠭᠤᠯ ᠬᠡ ᠤᠭᠠᠯᠵᠠ ᠵᠢᠷᠤᠵᠤ᠂ ᠭᠠᠵᠠᠷ ᠲᠡᠭᠡᠷ᠎ᠡ ᠬᠤᠸᠠᠷᠲᠠᠢ ᠬᠡᠪᠢᠰ ᠳᠡᠪᠢᠰᠴᠠᠢ᠃ ᠲᠤᠭᠠᠩ ᠤᠨ ᠬᠠᠨᠠᠨ ᠵᠢᠷᠤᠭ ᠲᠤ ᠴᠢᠩᠬᠢᠰ ᠬᠠᠭᠠᠨ ᠤ  ᠦᠰᠴᠦ ᠪᠤᠶᠢᠵᠢᠬᠰᠠᠨ ᠶᠠᠪᠤᠴᠠ ᠪᠤᠯᠤᠨ ᠠᠪᠢᠶᠠᠰ ᠴᠢᠲᠠᠪᠤᠷᠢ ᠶᠢ ᠦᠵᠡᠬᠦᠯᠵᠦ᠂ ᠳᠡᠬᠦᠨ  ᠎ ᠤ  ᠪᠠᠭᠠᠲᠤᠷ  ᠴᠡᠷᠢᠭ  ᠎ ᠢᠶᠠᠨ  ᠲᠠᠭᠠᠭᠤᠯᠤᠨ ᠪᠠᠶᠢᠯᠲᠤᠨ ᠶᠠᠪᠤᠵᠤ᠂ ᠶᠤᠸᠠᠨ ᠤ ᠳᠦᠷᠦ ᠶᠢ ᠴᠤᠭᠴᠠᠯᠠᠬᠰᠠᠨ ᠶᠠᠪᠤᠴᠠ ᠶᠢ ᠬᠠᠷᠠᠭᠤᠯᠵᠠᠢ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号