ᠥᠪᠦᠷ ᠮᠣᠩᠭᠤᠯ ᠥᠪᠡᠷᠲᠡᠭᠡᠨ ᠵᠠᠰᠠᠬᠤ ᠤᠷᠤᠨ ᠳᠤ ᠣᠷᠣᠨ ᠤ ᠳᠡᠰ ᠤᠨ  ᠪᠣᠳᠠᠰ  ᠤᠨ ᠪᠣᠰᠣ ᠰᠣᠶᠣᠯ  ᠤᠨ ᠥᠪ ᠤᠨ ᠲᠥᠷᠦᠯ ᠵᠦᠢᠯ 88  ᠰᠢᠨ᠎ᠡ ᠪᠠᠷ  ᠨᠡᠮᠡᠭᠲᠡᠪᠡ
ᠨᠡᠶᠢᠲᠡᠯᠡᠭᠰᠡᠨ ᠴᠠᠭ᠄
2018/6/7
           5 ᠰᠠᠷ᠎ᠠ ᠶᠢᠨ28 ᠳᠤ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠣᠶᠣᠯ ᠤᠨ  ᠲᠢᠩᠬᠢᠮ  ᠮᠡᠳᠡᠭᠡ ᠨᠡᠶᠢᠲᠡᠯᠡᠵᠦ᠂ ︽ᠪᠦᠭᠦᠳᠡ ᠨᠡᠶᠢᠷᠠᠮᠳᠠᠬᠤ ᠳᠣᠮᠳᠠᠳᠣ ᠠᠷᠠᠳ ᠣᠯᠣᠰ ᠤᠨ ᠪᠣᠳᠠᠰ ᠤᠨ ᠪᠣᠰᠣ ᠰᠣᠶᠣᠯ ᠤᠨ ᠥᠪ ᠤᠨ  ᠬᠠᠣᠯᠢ︾ ᠪᠠ ︽ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠣᠳᠠᠰ ᠤᠨ ᠪᠣᠰᠣ ᠰᠣᠶᠣᠯ ᠤᠨ ᠥᠪ ᠤᠨ ᠬᠠᠮᠠᠭᠠᠯᠠᠯᠲᠠ ᠶᠢᠨ ᠵᠣᠷᠪᠣᠰ︾ ᠢ ᠲᠣᠣᠱᠠᠯᠠᠭᠤᠯᠣᠨ ᠨᠠᠶᠢᠳᠠᠪᠣᠷᠢᠵᠢᠭᠤᠯᠬᠤ ᠶᠢᠨ ᠲᠥᠯᠦᠭᠡ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠡᠰ ᠤᠨ ᠪᠣᠳᠠᠰ ᠤᠨ ᠪᠣᠰᠣ ᠰᠣᠶᠣᠯ ᠤᠨ ᠥᠪ ᠤᠨ ᠬᠠᠮᠠᠭᠠᠯᠠᠯᠲᠠ ᠶᠢᠨ ᠠᠵᠢᠯ ᠢ ᠠᠬᠢᠭᠤᠯᠵᠣ᠂ ᠭᠠᠷᠴᠠᠭ ᠤᠨ ᠰᠢᠰᠲ᠋ᠧᠮ ᠤᠨ ᠪᠦᠲᠦᠭᠡᠨ ᠪᠠᠶᠢᠭᠤᠯᠣᠯᠲᠠ ᠶᠢ ᠲᠡᠭᠦᠯᠳᠡᠷᠵᠢᠬᠦᠯᠵᠦ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ‍ᠤᠨ‌ᠵᠠᠰᠠᠭ ᠤᠨ ᠣᠷᠳᠣᠨ ᠴᠠᠬᠠᠷ ᠠᠷᠠᠳ ᠦᠯᠢᠭᠡᠷ ᠵᠡᠷᠭᠡ  88  ᠲᠥᠷᠦᠯ   ᠢ  ᠵᠢᠷᠭᠤᠳᠣᠭᠠᠷ  ᠣᠳᠠᠭᠠᠨ   ᠤ  ᠥᠪᠦᠷ  ᠮᠣᠩᠭᠤᠯ   ᠤᠨ ᠥᠪᠡᠷᠲᠡᠭᠡᠨ ᠵᠠᠰᠠᠬᠤ ᠣᠷᠣᠨ ᠤ ᠳᠡᠰ ᠤᠨ ᠪᠣᠳᠠᠰ ᠤᠨ ᠪᠣᠰᠣ ᠰᠣᠶᠣᠯ ᠤᠨ ᠥᠪ ᠤᠨ ᠭᠠᠷᠴᠠᠭ ᠤᠨ  ᠲᠥᠷᠦᠯ  ᠵᠦᠢᠯ   ᠳᠤ ᠣᠷᠣᠭᠤᠯᠬᠤ ᠶᠢ ᠵᠦᠪᠰᠢᠶᠡᠷᠡᠵᠦ᠂ ᠢᠷᠦᠬᠡᠯ ᠮᠠᠭᠲᠠᠭᠠᠯ︵ᠣᠷᠳᠣᠰ  ᠮᠠᠭᠲᠠᠭᠠᠯ᠂  ᠢᠷᠦᠭᠡᠯ᠂  ᠣᠷᠠᠳ  ᠮᠠᠭᠳᠠᠭᠠᠯ᠂  ᠬᠤᠷᠴᠢᠨ ᠮᠠᠭᠳᠠᠭᠠᠯ︶ ᠵᠡᠷᠭᠡ50 ᠲᠥᠷᠦᠯ ᠵᠦᠢᠯ ᠢ ᠥᠪᠡᠷᠲᠡᠭᠡᠨ ᠵᠠᠰᠠᠬᠤ ᠣᠷᠣᠨ ᠤ ᠳᠡᠰ ᠤᠨ ᠪᠣᠳᠠᠰ ᠤᠨ ᠪᠣᠰᠣ ᠰᠣᠶᠣᠯ ᠤᠨ  ᠥᠪ ᠤᠨ ᠥᠷᠭᠡᠳᠬᠡᠭᠰᠡᠨ ᠭᠠᠷᠴᠠᠭ ᠤᠨ ᠲᠥᠷᠦᠯ ᠳᠤ ᠤᠷᠤᠭᠤᠯᠬᠤ ᠪᠠᠷ ᠵᠠᠷᠯᠠᠪᠠ᠃                    ᠣᠶᠢᠯᠭᠠᠭᠰᠠᠨ ᠢᠶᠠᠷ᠂ ᠣᠳᠣᠬᠠᠨ ᠪᠣᠯᠲᠠᠯ᠎ᠠ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ   ᠤ  ᠳᠡᠰ   ᠤᠨ ᠪᠣᠳᠠᠰ ᠤᠨ ᠪᠣᠰᠣ ᠰᠣᠶᠣᠯ ᠤᠨ ᠥᠪ ᠤᠨ ᠭᠠᠷᠴᠠᠭ ᠤᠨ ᠲᠥᠷᠦᠯ ᠵᠦᠢᠯ 587 ᠵᠦᠢᠯ᠂ ᠡᠭᠦᠨ ᠳᠤ ᠣᠯᠣᠰ ᠤᠨ ᠳᠡᠰ   ᠤᠨ ᠪᠣᠳᠠᠰ ᠤᠨ ᠪᠣᠰᠣ ᠰᠣᠶᠣᠯ ᠤᠨ ᠥᠪ ᠤᠨ ᠭᠠᠷᠴᠠᠭ ᠤᠨ ᠲᠥᠷᠦᠯ ᠵᠦᠢᠯ 89 ᠵᠦᠢᠯ ᠪᠤᠢ᠃ ᠲᠣᠰ  ᠣᠳᠠᠭᠠᠨ   ᠤ  ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠡᠰ ᠤᠨ ᠪᠣᠳᠠᠰ ᠤᠨ ᠪᠣᠰᠣ  ᠰᠣᠶᠣᠯ   ᠤᠨ  ᠥᠪ   ᠳᠤ  ᠰᠣᠩᠭᠤᠭᠳᠠᠭᠰᠠᠨ ᠭᠠᠷᠴᠠᠭ ᠤᠨ ᠲᠥᠷᠦᠯ ᠵᠦᠢᠯ ᠳᠤ ᠴᠠᠬᠠᠷ ᠠᠷᠠᠳ ᠤᠨ ᠦᠯᠢᠭᠡᠷ ᠵᠡᠷᠭᠡ ᠠᠷᠠᠳ   ᠤᠨ  ᠠᠮᠡᠨ  ᠵᠣᠬᠢᠶᠠᠯ   ᠤᠨ  ᠲᠥᠷᠦᠯ   ᠤᠨ ᠲᠥᠷᠦᠯ ᠵᠦᠢᠯ 4 ᠵᠦᠢᠯ᠂ ᠮᠠᠨᠢ ᠶᠢᠨ ᠮᠠᠭᠲᠠᠭᠠᠯ ᠵᠡᠷᠭᠡ ᠣᠯᠠᠮᠵᠢᠯᠠᠯᠲᠣ ᠳᠠᠭᠤᠣ ᠬᠦᠭᠵᠢᠮ ᠤᠨ ᠲᠥᠷᠦᠯ ᠤᠨ ᠲᠥᠷᠦᠯ ᠵᠦᠢᠯ5 ᠵᠦᠢᠯ᠂ ᠠᠷᠪᠠᠨ ᠭᠤᠷᠪᠠᠨ ᠲᠠᠶᠢᠪᠣᠣ ᠦᠱᠦ ᠶᠢᠨ  ᠲᠣᠳᠣᠷ᠎ᠠ  ᠲᠠᠮᠢᠷ  ᠪᠣᠯᠪᠠᠰᠣᠷᠠᠬᠤ  ᠵᠡᠷᠭᠡ  ᠣᠯᠠᠮᠵᠢᠯᠠᠯᠲᠣ  ᠪᠡᠶ᠎ᠡ  ᠲᠠᠮᠢᠷ᠂ ᠨᠠᠭᠠᠳᠣᠮ ᠳᠣᠭᠯᠠᠭᠠᠮ ᠪᠣᠯᠣᠨ ᠼᠢᠺ ᠲᠥᠷᠦᠯ ᠤᠨ ᠲᠥᠷᠦᠯ ᠵᠦᠢᠯ 5 ᠵᠦᠢᠯ᠂ ᠮᠣᠩᠭᠤᠯ ᠦᠨᠳᠦᠰᠦᠲᠡᠨ ᠤ  ᠬᠠᠰ  ᠰᠡᠶᠢᠯᠦᠮᠡᠯ ᠵᠡᠷᠭᠡ ᠣᠯᠠᠮᠵᠢᠯᠠᠯᠲᠣ ᠣᠷᠠᠨ ᠵᠢᠷᠤᠭ ᠤᠨ ᠲᠥᠷᠦᠯ ᠤᠨ ᠲᠦᠷᠦᠯ ᠵᠦᠢᠯ19 ᠵᠦᠢᠯ᠂ ᠲᠣᠰᠣ ᠰᠢᠬᠠᠬᠤ  ᠣᠯᠠᠮᠵᠢᠯᠠᠯᠲᠣ  ᠤᠷ᠎ᠠ ᠮᠡᠷᠭᠡᠵᠢᠯ ᠤᠨ ᠲᠥᠷᠦᠯ ᠤᠨ ᠲᠥᠷᠦᠯ ᠵᠦᠢᠯ25 ᠵᠦᠢᠯ᠂ ᠮᠣᠩᠭᠤᠯ ᠡᠮᠨᠡᠯᠭᠡ   ᠶᠢᠨ  ᠡᠮ   ᠢᠶᠠᠷ  ᠣᠭᠢᠶᠠᠬᠤ  ᠵᠠᠰᠠᠯᠭ᠎ᠠ  ᠵᠡᠷᠭᠡ ᠣᠯᠠᠮᠵᠢᠯᠠᠯᠲᠣ ᠡᠮ ᠡᠮᠨᠡᠯᠭᠡ ᠶᠢᠨ ᠲᠥᠷᠦᠯ ᠤᠨ ᠲᠥᠷᠦᠯ ᠵᠦᠢᠯ18 ᠵᠦᠢᠯ᠂ ᠮᠣᠩᠭᠤᠯ ᠦᠨᠳᠦᠰᠦᠲᠡᠨ   ᠤ  ᠴᠠᠢ  ᠣᠭᠤᠣᠬᠤ ᠵᠠᠩᠰᠢᠯ ᠵᠡᠷᠭᠡ ᠠᠷᠠᠳ ᠤᠨ ᠵᠠᠩ ᠵᠠᠩᠰᠢᠯ ᠤᠨ ᠲᠥᠷᠦᠯ ᠤᠨ ᠲᠥᠷᠦᠯ ᠵᠦᠢᠯ12 ᠵᠦᠢᠯ ᠢ ᠪᠠᠭᠲᠠᠭᠠᠵᠠᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号