ᠪᠧᠲ᠋ᠧ ᠤᠪᠤᠭ᠎ᠠ
ᠨᠡᠶᠢᠲᠡᠯᠡᠭᠰᠡᠨ ᠴᠠᠭ᠄
2019/11/26
      ᠪᠧᠲ᠋ᠧ ᠤᠪᠤᠭ᠎ᠠ ᠪᠤᠯ ᠤᠤᠯ ᠤᠨ ᠱᠠᠩᠳᠤ ᠠᠳᠤᠭᠤᠴᠢᠨ ᠤ ᠬᠤᠰᠢᠭᠤ ᠤᠪᠤᠭ᠎ᠠ ᠪᠤᠯᠤᠨ᠎ᠠ᠃ ᠪᠠᠰᠠ ᠴᠤ ᠬᠠᠶ᠋ᠢᠩᠬᠢᠷᠸ᠎ᠠ ᠰᠦᠮ᠎ᠡ ᠶᠢᠨ ᠲᠠᠬᠢᠯᠭᠠᠳᠤ ᠣᠪᠣᠭ᠎ᠠ ᠪᠤᠯᠤᠨ᠎ᠠ᠃       ᠡᠨᠡ‌ᠤᠪᠤᠭ᠎ᠠ ᠶᠢ ᠡᠩᠭᠡ ᠠᠮᠤᠭᠤᠯᠠᠩ ᠤᠨ ᠲᠠᠪᠤᠳᠤᠭᠠᠷ ᠤᠨ ᠳᠤ ᠬᠠᠶ᠋ᠢᠩᠬᠢᠷᠸ᠎ᠠ ᠰᠦᠮ᠎ᠡ ᠶᠢ ᠡᠬᠦᠰᠬᠡᠨ ᠪᠠᠶᠢᠭᠤᠯᠬᠤ ᠦᠶ᠎ᠡ ᠳᠤ ᠪᠧᠲ᠋ᠧ ᠰᠦᠮ᠎ᠡ ᠶᠢ ᠡᠭᠦᠰᠭᠡᠨ ᠪᠠᠶᠢᠭᠤᠯᠬᠤ ᠦᠶ᠎ᠡ ᠳᠤ ᠪᠧᠲ᠋ᠧ ᠨᠤᠶᠠᠨ ᠤ ᠨᠤᠲᠤᠭ ᠤᠨ ᠠᠷᠤ ᠲᠦᠰᠢᠭ ᠪᠤᠯᠬᠤ ᠰᠦᠷᠯᠢᠭ ᠰᠠᠶᠢᠬᠠᠨ ᠪᠤᠶᠠᠨᠳᠡᠯᠭᠡᠷ ᠠᠭᠤᠯᠠ ︵ᠣᠳᠤ ᠶᠢᠨ ᠬᠤᠸ᠋ᠳᠧ ᠰᠢᠶᠠᠨ ᠤ ᠪᠠᠢ ᠲᠸᠦ ᠹᠦᠽᠢ︶ ᠶᠢ ᠬᠠᠳᠠᠨ ᠪᠠᠭᠠᠳᠤᠷ ᠵᠠᠩᠵᠤᠨ ᠬᠢᠶ᠎ᠡ ᠨᠠᠷ ᠤᠨ ᠰᠦᠷ ᠵᠢᠪᠬᠤᠭ᠎ᠠ ᠲᠠᠢ ᠤᠷᠤᠨ᠂ ᠣᠪᠤᠭ᠎ᠠ ᠴᠤᠭᠴᠠᠯᠠᠵᠤ ᠡᠵᠡᠨ ᠰᠠᠭᠠᠳᠠᠬᠤ ᠳᠤ ᠲᠤᠬᠢᠷᠠᠭᠰᠠᠨ ᠤᠷᠬᠢᠯ ᠬᠡᠮᠡᠨ ᠰᠢᠨᠵᠢᠵᠤ ᠰᠤᠩᠭᠤᠭᠠᠳ ᠡᠨᠡ ᠶᠡᠭᠡ ᠬᠠᠶᠢᠷᠬᠠᠨ ᠤ ᠣᠷᠤᠢ ᠳᠤ ᠣᠪᠤᠭ᠎ᠠ ᠪᠤᠰᠬᠠᠨ᠂ ᠪᠧᠲ᠋ᠧ ᠨᠤᠶᠠᠨ ᠤ ᠨᠡᠷ᠎ᠡ ᠶᠢ ᠲᠤᠷᠠᠰᠬᠠᠨ ᠬᠦᠰᠢᠶᠡᠯᠡᠵᠤ᠂ ᠱᠠᠩᠳᠤ ᠠᠳᠤᠭᠤᠴᠢᠨ ᠤ ᠰᠢᠳᠤᠭᠡᠨ ᠤᠪᠤᠭ᠎ᠠ — ᠬᠠᠶ᠋ᠢᠩᠬᠢᠷᠸ᠎ᠠ ᠰᠦᠮ᠎ᠡ ᠶᠢᠨ ᠪᠧᠲ᠋ᠧ ᠤᠪᠤᠭ᠎ᠠ ᠶᠢ ᠴᠤᠭᠴᠠᠯᠠᠨ ᠪᠤᠰᠬᠠᠵᠠᠢ᠃ ᠡᠨᠡ ᠤᠪᠤᠭ᠎ᠠ ᠶᠢ ᠠᠩᠬ᠎ᠠ ᠪᠤᠰᠬᠠᠬᠤ ᠳᠤ ᠪᠧᠲ᠋ᠧ ᠨᠤᠶᠠᠨ ᠲᠠᠷᠢᠭᠠᠩᠭ᠎ᠠ ᠶᠢᠨ ᠬᠤᠷᠠᠭ᠎ᠠ ᠴᠠᠭᠠᠨ ᠠᠭᠤᠯᠠᠨ ᠠᠴᠠ ᠡᠬᠢ ᠴᠠᠭᠠᠨ ᠴᠢᠯᠠᠭᠤ  ᠶᠢᠨ ᠲᠡᠭᠡᠵᠢ ᠵᠠᠯᠠᠵᠤ ᠠᠪᠴᠢᠷᠠᠨ ᠨᠡᠮᠡᠷᠢᠯᠡᠭᠰᠡᠨ ᠭᠡᠳᠡᠭ᠃       ᠴᠢᠩ ᠤᠯᠤᠰ ᠤᠨ ᠰᠡᠭᠦᠯᠴᠢ᠂ ᠢᠷᠭᠡᠨ ᠤᠯᠤᠰ ᠤᠨ ᠡᠬᠢᠨ ᠦᠶ᠎ᠡ ᠳᠤ᠂ ᠴᠡᠷᠢᠭ ᠲᠠᠶᠢᠨ ᠤ ᠰᠠᠮᠠᠭᠤᠨ᠂ ᠭᠠᠵᠠᠷ ᠬᠠᠭᠠᠯᠪᠦᠷᠢᠯᠠᠯᠳᠠ ᠶᠢᠨ ᠲᠦᠷᠢᠯᠳᠡ ᠠᠴᠠ ᠪᠤᠯᠵᠤ᠂1936 ᠤᠨ ᠳᠤ ᠬᠠᠶ᠋ᠢᠩᠬᠢᠷᠸ᠎ᠠ ᠰᠦᠮ᠎ᠡ ᠪᠠ ᠪᠧᠲ᠋ᠧ ᠤᠪᠤᠭ᠎ᠠ ᠨᠢ ᠠᠷᠭ᠎ᠠ ᠪᠤᠰᠤ ᠤᠮᠠᠷᠠᠰᠢ ᠰᠢᠯᠵᠢᠭᠦᠯᠦᠭᠳᠡᠨ ᠤᠳᠤ ᠶᠢᠨ ᠬᠦᠪᠡᠭᠡᠲᠦ ᠰᠢᠷ᠎ᠠ ᠬᠤᠰᠢᠭᠤᠨ ᠤ ᠨᠤᠲᠤᠭ ᠯᠤᠳᠤ ᠳᠤ ᠴᠤᠭᠴᠠᠯᠠᠭᠳᠠᠨ ᠪᠠᠶᠢᠭᠤᠯᠤᠭᠳᠠᠵᠠᠢ᠃       1966 ᠤᠨ ᠳᠤ ︽ᠰᠤᠶᠤᠯ ᠤᠨ ᠶᠡᠭᠡ ᠬᠤᠪᠢᠰᠬᠠᠯ︾ ᠤᠨ ᠦᠶ᠎ᠡ ᠳᠤ ᠨᠤᠷᠠᠭᠠᠭᠳᠠᠨ ᠲᠠᠯᠠᠷᠠᠪᠠ᠃       1986 ᠤᠨ ᠳᠤ ᠪᠧᠲ᠋ᠧ ᠤᠪᠤᠭ᠎ᠠ ᠲᠠᠬᠢᠨ ᠰᠡᠷᠭᠦᠪᠡ᠃ ᠱᠠᠩᠳᠤ ᠠᠳᠤᠭᠤᠴᠢᠨ ᠤ ᠬᠢᠨ ᠵᠢᠯ ᠪᠦᠷᠢ ᠪᠧᠲ᠋ᠧ ᠤᠪᠤᠭ᠎ᠠ ᠪᠠᠨ ᠲᠠᠬᠢᠳᠠᠭ ᠪᠦᠭᠡᠳ ᠡᠷᠲᠡ ᠤᠷᠢᠳᠤ ᠳᠤ ᠪᠠᠨ ᠲᠡᠯᠭᠡᠷ ᠵᠤᠨ ᠤ ᠲᠡᠷᠭᠡᠯ ᠲᠤᠩᠭᠠᠯᠠᠭ ᠦᠯᠵᠡᠢ ᠪᠡᠯᠭᠡᠳᠤ ᠡᠳᠦᠷ ᠢ ᠰᠤᠩᠭᠤᠵᠤ᠂ ᠦᠷᠭᠡᠨ ᠬᠡᠪᠴᠢᠶᠡᠨ ᠤ ᠶᠡᠭᠡ ᠲᠠᠬᠢᠯᠭ᠎ᠠ ᠲᠠᠯᠪᠢᠳᠠᠭ ᠪᠠᠶᠢᠵᠠᠢ᠃ ᠬᠤᠵᠢᠮ ᠨᠢ ᠮᠢᠨᠠᠭᠰᠠᠩ ᠭᠡᠭᠡᠨ ᠤ ᠠᠶᠢᠯᠠᠳᠤᠯ ᠢᠶᠠᠷ ᠵᠢᠯ ᠪᠦᠷᠢ ᠶᠢᠨ ᠪᠢᠯᠢᠭ ᠤᠨ ᠤᠯᠠᠷᠢᠯ ᠤᠨ ᠬᠤᠷᠢᠨ ᠲᠠᠪᠤᠨ ᠳᠤ ᠲᠤᠭᠳᠠᠮᠠᠯ ᠲᠠᠬᠢᠳᠠᠭ ᠪᠤᠯᠪᠠ᠃                     ︽ᠰᠢᠯᠢ ᠶᠢᠨ ᠭᠤᠣᠯ ᠤᠨ ᠲᠠᠬᠢᠯᠭᠠᠳᠤ ᠠᠭᠤᠯᠠ ᠤᠰᠤᠨ︾  ᠭᠡᠬᠦ ᠨᠣᠮ ᠠᠴᠠ ᠪᠠᠭᠤᠯᠭᠠᠪᠠ
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号