ᠵᠢᠪᠬᠤᠯᠠᠩᠳᠤ ᠬᠤᠩᠭᠤᠷ ᠤᠪᠤᠭ᠎ᠠ
ᠨᠡᠶᠢᠲᠡᠯᠡᠭᠰᠡᠨ ᠴᠠᠭ᠄
2019/11/26
      ᠵᠢᠪᠬᠤᠯᠠᠩᠳᠤ ᠬᠤᠩᠭᠤᠷ ᠤᠪᠤᠭ᠎ᠠ ᠪᠤᠯ ᠣᠣᠯ ᠤᠨ ᠬᠦᠪᠡᠭᠡᠲᠦ ᠰᠢᠷ᠎ᠠ ᠬᠤᠰᠢᠭᠤᠨ ᠤ ᠬᠤᠰᠢᠭᠤ ᠤᠪᠤᠭ᠎ᠠ ᠶᠤᠮ᠃ ᠲᠡᠷᠡ ᠨᠢ ᠤᠳᠤ ᠶᠢᠨ ᠬᠦᠪᠡᠭᠡᠲᠦ ᠰᠢᠷ᠎ᠠ ᠬᠤᠰᠢᠭᠤᠨ ᠤ ᠪᠠᠷᠠᠭᠤᠨ ᠡᠮᠦᠨ᠎ᠡ ᠵᠠᠬ᠎ᠠ ᠳᠤ ᠪᠠᠶᠢᠷᠢᠯᠠᠵᠤ᠂ ᠡᠮᠦᠨ᠎ᠡ ᠪᠠ ᠪᠠᠷᠠᠭᠤᠨ ᠵᠠᠬ᠎ᠠ ᠪᠠᠷ ᠢᠶᠠᠨ ᠤᠯᠠᠭᠠᠨᠴᠠᠪ ᠬᠤᠳᠠ ᠶᠢᠨ ᠬᠤᠸ᠋ᠳᠧ ᠰᠢᠶᠠᠨ ᠲᠠᠢ ᠵᠠᠬ᠎ᠠ ᠨᠡᠶᠢᠯᠡᠵᠤ ᠪᠠᠶᠢᠳᠠᠭ᠃  ᠬᠦᠪᠡᠭᠡᠲᠦ ᠰᠢᠷ᠎ᠠ ᠬᠤᠰᠢᠭᠤᠨ ᠤ ᠬᠤᠰᠢᠭᠤ ᠤᠪᠤᠭ᠎ᠠ ︽ᠵᠢᠪᠬᠤᠯᠠᠩᠳᠤ ᠬᠤᠩᠭᠤᠷ ᠤᠪᠤᠭ᠎ᠠ︾ ᠶᠢ ᠤᠭ ᠨᠢ ᠤᠮᠠᠷᠠᠳᠤ ᠶᠤᠸᠠᠨ ᠤᠯᠤᠰ ᠤᠨ ᠦᠶ᠎ᠡ ᠶᠢᠨ ᠪᠠᠷᠠᠭᠤᠨ ᠭᠤᠷᠪᠠᠨ ᠲᠦᠮᠡᠨ ᠤ ᠠᠯᠳᠠᠨ ᠬᠠᠨ ᠤ ᠳᠡᠳ᠋ ᠬᠠᠳᠤᠨ ᠮᠤᠯᠤᠨ ᠤ ᠬᠡᠦᠬᠡᠨ ᠬᠤᠩᠭᠤᠷ ᠬᠢᠬᠡᠳ ᠠᠯᠳᠠᠨ ᠬᠠᠨ ᠤ ᠳᠤᠮᠳᠠ ᠵᠠᠮ ᠤᠨ ᠴᠡᠷᠢᠭ   ᠤᠨ ᠬᠤᠰᠢᠭᠤᠴᠢ ᠨᠤᠶᠠᠨ ᠬᠢᠴᠢᠬᠦ ᠲᠠᠶᠢᠴᠢᠩ ︵ᠴᠠᠬᠠᠷ ᠲᠦᠮᠡᠨ ᠤ ᠴᠡᠷᠢᠭ ᠤᠨ ᠠᠬᠠᠯᠠᠭᠴᠢ︶ ᠤᠨ ᠬᠦᠪᠡᠭᠦᠨ ᠵᠢᠪᠬᠤᠯᠠᠩᠳᠤ ᠬᠤᠶᠠᠷ ᠤᠨ ᠴᠢᠨᠳᠠᠷ ᠢ ᠬᠠᠮᠳᠤᠳᠬᠠᠨ ᠤᠷᠤᠰᠢᠭᠤᠯᠤᠭᠰᠠᠨ ᠭᠠᠵᠠᠷ ᠭᠡᠳᠡᠭ᠃       ᠬᠤᠰᠢᠭᠤ ᠤᠪᠤᠭ᠎ᠠ ᠶᠢ ᠵᠢᠪᠬᠤᠯᠠᠩᠳᠤ ᠬᠤᠩᠭᠤᠷ ᠠᠭᠤᠯᠠᠨ ᠳᠤ ᠠᠩᠬ᠎ᠠ ᠰᠢᠯᠵᠢᠬᠦᠯᠬᠦ ᠳᠤ ᠪᠠᠷᠠᠭᠤᠨ ᠡᠮᠦᠨᠡᠬᠢ ᠪᠦᠳᠦᠭᠦᠨ ᠬᠡᠳᠡᠭ ᠦᠨᠳᠦᠷᠯᠢᠭ ᠲᠡᠭᠡᠷ᠎ᠡ ᠪᠤᠰᠬᠠᠭᠰᠠᠠᠨ ᠭᠡᠳᠡᠭ᠃ ᠡᠨᠡ ᠤᠪᠤᠭ᠎ᠠ ᠨᠢ ᠬᠤᠰᠢᠭᠤᠨ ᠤ ᠨᠤᠶᠠᠳ ᠪᠠ ᠬᠠᠷᠠᠴᠤᠤᠯ ᠤᠨ ᠬᠡᠶᠢᠮᠦᠷᠢ ᠰᠦᠯᠳᠡᠨ ᠳᠤ ᠠᠨᠠᠢ  ᠪᠤᠯᠬᠤᠷ ᠲᠠᠬᠢᠨ ᠰᠢᠯᠵᠢᠭᠦᠯᠵᠤ᠂ ᠤᠤᠯ ᠤᠨ ᠵᠢᠪᠬᠤᠯᠠᠩᠳᠤ ᠬᠤᠩᠭᠤᠷ ᠠᠭᠤᠯᠠ ᠶᠢᠨ ᠨᠤᠶᠠᠨ ᠤᠷᠭᠢᠯ ᠳᠠᠬᠢ ︽ᠬᠠᠷᠠᠨᠤᠳ ᠬᠠᠷᠠᠴᠢᠨ ᠤᠪᠤᠭ᠎ᠠ︾ ᠲᠠᠢ ᠨᠡᠶᠢᠯᠡᠭᠦᠯᠦᠨ ᠨᠢᠭᠡ ᠤᠪᠤᠭ᠎ᠠ ᠪᠤᠯᠭᠠᠨ ᠲᠠᠬᠢᠭᠰᠠᠨ ᠨᠢ ᠤᠳᠤ ᠶᠢᠨ ︽ᠵᠢᠪᠬᠤᠯᠠᠩᠳᠤ ᠬᠤᠩᠭᠤᠷ ᠤᠪᠤᠭ᠎ᠠ︾ ᠪᠤᠯᠤᠨ᠎ᠠ᠃           ︽ᠰᠢᠯᠢ ᠶᠢᠨ ᠭᠤᠣᠯ ᠤᠨ ᠲᠠᠬᠢᠯᠭᠠᠳᠤ ᠠᠭᠤᠯᠠ ᠤᠰᠤᠨ︾  ᠭᠡᠬᠦ ᠨᠣᠮ ᠠᠴᠠ ᠪᠠᠭᠤᠯᠭᠠᠪᠠ
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号