ᠲᠡᠦᠬᠡ ᠰᠤᠶᠤᠯ ᠤᠨ ᠦᠯᠡᠳᠡᠭᠳᠡᠯ — ᠠᠯᠳᠠᠨ ᠤᠯᠤᠰ ᠤᠨ ᠭᠡᠷᠡᠮ ᠤᠨ ᠵᠠᠮ
ᠨᠡᠶᠢᠲᠡᠯᠡᠭᠰᠡᠨ ᠴᠠᠭ᠄
2019/11/27
      ᠬᠦᠪᠡᠭᠡᠲᠦ ᠰᠢᠷ᠎ᠠ ᠬᠤᠰᠢᠭᠤᠨ ᠤ ᠤᠩᠭᠤᠨ ᠠᠭᠤᠯᠠ ᠰᠤᠮᠤ᠂ ᠪᠤᠭᠳᠠ ᠶᠢᠨ ᠭᠤᠤᠯ ᠰᠤᠮᠤᠨ ᠤ ᠬᠢᠵᠠᠭᠠᠷ ᠎ ᠲᠤ ᠪᠠᠶᠢᠷᠢᠯᠠᠵᠤ ᠪᠤᠢ᠃ ᠡᠨᠡ ᠬᠦ ᠡᠷᠲᠡᠨ ᠤ ᠬᠠᠭᠤᠴᠢ ᠦᠯᠡᠳᠡᠭᠳᠡᠯ ᠪᠤᠯ 12 ᠳ᠋ᠤᠭᠠᠷ ᠵᠠᠭᠤᠨ ᠤ ᠦᠶ᠎ᠡ ᠳᠤ ᠠᠯᠳᠠᠨ ᠤᠯᠤᠰ ᠠᠴᠠ ᠤᠮᠠᠷᠠᠳᠤ ᠶᠢᠨ ᠮᠤᠩᠭᠤᠯ ᠴᠡᠷᠢᠭ ᠤᠨ ᠲᠤᠪᠳᠤᠯᠤᠯᠳᠠ ᠶᠢ ᠰᠡᠷᠭᠡᠶᠢᠯᠡᠬᠦ ᠶᠢᠨ ᠲᠦᠯᠦᠭᠡ ᠪᠠᠶᠢᠭᠤᠯᠤᠭᠰᠠᠨ ᠭᠤᠤ ᠰᠤᠪᠠᠭ᠂ ᠭᠡᠷᠡᠮ ᠪᠠᠬᠢᠯᠡᠯᠳᠡ᠂ ᠴᠡᠷᠢᠭ ᠤᠨ ᠴᠠᠶᠢᠵᠠ ᠵᠡᠷᠭᠡ ᠶᠢ ᠬᠠᠮᠳᠤᠷᠠᠭᠤᠯᠤᠭᠰᠠᠨ ᠴᠡᠷᠡᠭ ᠎ ᠤᠨ ᠶᠠᠪᠤᠳᠠᠯ ᠤᠨ ᠬᠠᠮᠠᠭᠠᠯᠠᠯᠳᠠ ᠶᠢᠨ ᠲᠤᠮᠤ ᠪᠠᠷᠢᠯᠭ᠎ᠠ ᠪᠤᠯᠤᠨ᠎ᠠ᠃ ᠡᠭᠦᠨ ᠢ ᠪᠠᠰᠠ ︽ᠠᠯᠳᠠᠨ ᠤᠯᠤᠰ ᠤᠨ ᠵᠠᠭᠠᠭ ᠎ ᠤᠨ ᠭᠤᠤ︾᠂ ︽ᠠᠯᠳᠠᠨ ᠤᠯᠤᠰ ᠤᠨ ᠤᠷᠳᠤ ᠴᠠᠭᠠᠨ ᠬᠡᠷᠡᠮ︾᠂ ︽ᠠᠯᠳᠠᠨ ᠤᠯᠤᠰ ᠤᠨ ᠬᠢᠯᠢ ᠶᠢᠨ ᠪᠠᠬᠢᠯᠡᠯᠳᠡ︾᠂ ︽ᠴᠢᠩᠬᠢᠰ ᠬᠠᠭᠠᠨ ᠤ ᠬᠡᠷᠡᠮ ᠤᠨ ᠵᠠᠮ︾ ᠬᠡᠬᠦ ᠤᠯᠠᠨ ᠵᠦᠢᠯ ᠢᠶᠠᠷ ᠨᠡᠷᠡᠯᠡᠳᠡᠭ᠃       ᠠᠯᠳᠠᠨ ᠤᠯᠤᠰ ᠤᠨ ᠬᠡᠷᠡᠮ ᠤᠨ ᠵᠠᠮ ᠤᠨ ᠵᠡᠬᠦᠨ ᠦᠵᠦᠭᠦᠷ ᠨᠢ ᠤᠳᠤ ᠶᠢᠨ ᠬᠦᠯᠦᠨ ᠪᠤᠶᠢᠷ ᠠᠶᠢᠮᠠᠭ ᠤᠨ ᠮᠤᠷᠢᠨ ᠲᠠᠪᠠᠭ᠎ᠠ ᠲᠠᠭᠤᠷ ᠦᠨᠳᠦᠰᠦᠳᠡᠨ ᠤ ᠦᠪᠡᠷᠳᠡᠭᠡᠨ ᠵᠠᠰᠠᠬᠤ ᠬᠤᠰᠢᠭᠤᠨ ᠤ ᠡᠮᠦᠨ᠎ᠡ ᠪᠡᠶ᠎ᠡ ᠶᠢᠨ ᠨᠤᠨ ᠮᠦᠷᠡᠨ ᠎ ᠤ ᠲᠤᠮᠳᠠᠳᠤ ᠤᠷᠤᠰᠬᠠᠯ ᠤᠨ ᠪᠤᠳᠬ᠎ᠠ ︵ᠤᠳᠤ ᠶᠢᠨ ᠨᠢᠷᠭᠡᠴᠢ ᠪᠠᠯᠭᠠᠰᠤ︶᠎ ᠠᠴᠠ ᠡᠬᠢᠯᠡᠨ ᠪᠠᠷᠠᠭᠤᠨ ᠦᠵᠦᠭᠦᠷ ᠎ ᠨᠢ ᠪᠠᠶᠠᠨᠨᠠᠭᠤᠷ ᠬᠤᠳᠠ ᠶᠢᠨ ᠤᠷᠠᠳ ᠤᠨ ᠬᠤᠶᠢᠳᠤ ᠬᠤᠰᠢᠭᠤᠨ ᠤ ᠲᠡᠭᠷᠢ ᠡᠯᠡᠰᠦᠨ ᠤ ᠵᠡᠬᠦᠨ ᠵᠠᠬ᠎ᠠ ᠳᠤ ᠬᠦᠷᠴᠦ ᠂ ᠪᠦᠬᠦ ᠵᠠᠮ ᠤᠨ ᠤᠷᠳᠤ ᠨᠢ ᠪᠠᠷᠤᠭ5000 ᠺᠢᠯᠤᠮᠧᠲᠷ ᠬᠦᠷᠴᠦ ᠪᠠᠶᠢᠳᠠᠭ᠃ ᠡᠨᠡ ᠬᠦ ᠬᠡᠷᠡᠮ ᠤᠨ ᠵᠡᠮ ᠤᠨ ᠬᠦᠪᠡᠭᠡᠲᠦ ᠰᠢᠷ᠎ᠠ ᠬᠤᠰᠢᠭᠤᠨ ᠤ ᠬᠢᠵᠠᠭᠠᠷ ᠲᠠᠬᠢ ᠬᠡᠰᠡᠭ ᠨᠢ ᠤᠩᠭᠤᠨ ᠠᠭᠤᠯᠠ ᠰᠤᠮᠤᠨ ᠤ ᠲᠠᠯ᠎ᠠ ᠶᠢᠨ ᠬᠤᠳᠳᠤᠭ ᠠᠴᠠ ᠡᠬᠢᠯᠡᠨ ᠪᠠᠷᠠᠭᠤᠨᠰᠢᠯᠠᠵᠤ᠂ ᠬᠤᠯᠪᠤᠭ᠎ᠠ ᠶᠢᠨ ᠤᠷᠳᠤᠭᠤᠷ ᠭᠠᠷᠴᠤ ᠪᠤᠷᠤ ᠬᠤᠵᠢᠷ᠂ ᠡᠭᠦᠳᠡ᠂ ᠬᠠᠪᠴᠢᠯ᠂ ᠠᠮᠢᠯᠠᠢ᠂ ᠴᠦᠩᠬᠦᠷᠢᠭ᠂ ᠲᠠᠯᠠᠩᠳᠠᠢ ᠶᠢᠨ ᠪᠤᠯᠠᠭ ᠢ ᠲᠠᠮᠵᠢᠨ ᠤᠩᠭᠤᠨ ᠤᠪᠤᠭᠠᠨ ᠤ ᠡᠮᠦᠨ᠎ᠡ ᠪᠠᠯ ᠢᠶᠠᠷ ᠲᠤᠭᠤᠷᠢᠨ ᠬᠤᠸᠠ ᠶᠢᠨ ᠠᠮᠠ ᠬᠦᠷᠦᠭᠡᠳ ᠤᠮᠠᠷᠠᠰᠢ ᠮᠤᠰᠬᠢᠨ ᠠᠷᠤ ᠬᠦᠪ ᠤᠨ ᠡᠮᠦᠨ᠎ᠡ ᠬᠦᠨᠳᠡᠢ ᠳᠤ ᠲᠤᠯᠵᠤ ᠲᠠᠬᠢᠨ ᠪᠠᠷᠠᠭᠤᠨᠰᠢ ᠮᠤᠰᠬᠢᠨ ᠵᠡᠬᠦᠨ ᠲᠡᠰᠬᠢᠳᠤ᠂ ᠪᠠᠷᠠᠭᠤᠨ ᠲᠡᠰᠬᠢᠳᠤ ᠪᠠᠷ ᠲᠠᠭᠠᠷᠢᠨ᠂ ᠶᠠᠩᠵᠤ᠂ ᠬᠦᠷᠢᠶᠡᠳᠦ ᠶᠢᠨ ᠲᠤᠮᠳᠠᠭᠤᠷ ᠦᠩᠭᠡᠷᠡᠵᠤ᠂ ᠴᠠᠭᠠᠨ ᠬᠠᠰᠢᠶᠠᠳᠤ ᠪᠠᠷ ᠲᠠᠮᠵᠢᠨ ᠪᠤᠩᠬᠤᠨ ᠭᠤᠣᠯ ᠬᠦᠷᠦᠭᠡᠳ᠂ ᠪᠤᠭᠳᠠ ᠶᠢᠨ ᠭᠤᠤᠯ ᠰᠤᠮᠤᠨ ᠤ ᠬᠢᠵᠠᠭᠠᠷ ᠲᠤ ᠨᠡᠷᠳᠡᠷᠡᠨ᠎ᠡ᠃ ᠲᠡᠨᠳᠡ ᠠᠴᠠ ᠰᠢᠩᠬᠤᠳᠠᠢ ᠶᠢᠨ ᠠᠷᠤ ᠪᠠᠷ ᠭᠠᠷᠴᠤ ᠴᠠᠪᠴᠢᠷ᠂ ᠵᠡᠬᠦᠨ ᠭᠡᠷᠡᠮ ᠤᠨ ᠤᠰᠤ᠂ ᠪᠠᠷᠠᠭᠤᠨ ᠬᠡᠷᠡᠮ ᠤᠨ ᠤᠰᠤ ᠶᠢ ᠰᠤᠨᠳᠠᠯᠠᠨ᠂ ᠬᠦᠦᠰᠢ ᠶᠢᠨ ᠰᠦᠮ᠎ᠡ ᠶᠢᠨ ᠵᠡᠬᠦᠨ ᠡᠮᠦᠨᠡᠭᠦᠷ ᠦᠩᠭᠡᠷᠡᠨ ᠤᠯᠠᠭᠠᠨᠴᠠᠪ ᠬᠤᠳᠠ ᠶᠢᠨ ᠱᠠᠩᠳᠤ ᠰᠢᠶᠠᠨ ᠤ ᠬᠢᠵᠠᠭᠠᠷ ᠲᠤ ᠨᠡᠪᠳᠡᠷᠡᠨ ᠤᠷᠤᠳᠠᠭ  ᠃ ︽ᠠᠯᠳᠠᠨ ᠤᠯᠤᠰ ᠤᠨ ᠬᠡᠷᠡᠮ ᠤᠨ ᠵᠠᠮ︾᠎ ᠨᠢ 2001 ᠤᠨ ᠤ 6 ᠰᠠᠷ᠎ᠠ ᠳᠤ ᠪᠦᠬᠦ ᠤᠯᠤᠰ ᠤᠨ ᠭᠤᠤᠯᠳᠠᠯᠭᠠᠳᠤ ᠲᠡᠦᠬᠡ ᠎ ᠶᠢᠨ ᠲᠤᠷᠠᠰᠬᠠᠯᠳᠤ ᠵᠦᠢᠯᠡᠰ ᠢ ᠬᠠᠮᠠᠭᠠᠯᠠᠬᠤ ᠨᠢᠭᠡᠴᠢ ᠪᠠᠷ ᠲᠤᠭᠳᠠᠭᠠᠭᠳᠠᠪᠠ᠃
 
ᠢᠷᠡᠯᠲᠡ᠄ ︽ᠬᠦᠪᠡᠭᠡᠲᠦ ᠰᠢᠷ᠎ᠠ ᠬᠤᠰᠢᠭᠤᠨ ᠤ ᠭᠠᠵᠠᠷ ᠶᠢᠨ ᠨᠠᠷᠡᠰ ᠤᠨ ᠣᠶᠢᠯᠠᠯᠭ᠎ᠠ︾᠎ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号