ᠬᠦᠪᠡᠭᠡᠲᠦ ᠰᠢᠷ᠎ᠠ ᠬᠤᠰᠢᠭᠤᠨ ᠤ ᠤᠩᠭᠤᠨ ᠠᠭᠤᠯᠠ ᠰᠤᠮᠤ᠂ ᠪᠤᠭᠳᠠ ᠶᠢᠨ ᠭᠤᠤᠯ ᠰᠤᠮᠤᠨ ᠤ ᠬᠢᠵᠠᠭᠠᠷ | ᠲᠤ ᠪᠠᠶᠢᠷᠢᠯᠠᠵᠤ ᠪᠤᠢ᠃ ᠡᠨᠡ ᠬᠦ ᠡᠷᠲᠡᠨ ᠤ ᠬᠠᠭᠤᠴᠢ ᠦᠯᠡᠳᠡᠭᠳᠡᠯ ᠪᠤᠯ 12 ᠳ᠋ᠤᠭᠠᠷ ᠵᠠᠭᠤᠨ ᠤ ᠦᠶ᠎ᠡ ᠳᠤ | ᠠᠯᠳᠠᠨ ᠤᠯᠤᠰ ᠠᠴᠠ ᠤᠮᠠᠷᠠᠳᠤ ᠶᠢᠨ ᠮᠤᠩᠭᠤᠯ ᠴᠡᠷᠢᠭ ᠤᠨ ᠲᠤᠪᠳᠤᠯᠤᠯᠳᠠ ᠶᠢ ᠰᠡᠷᠭᠡᠶᠢᠯᠡᠬᠦ ᠶᠢᠨ ᠲᠦᠯᠦᠭᠡ | ᠪᠠᠶᠢᠭᠤᠯᠤᠭᠰᠠᠨ ᠭᠤᠤ ᠰᠤᠪᠠᠭ᠂ ᠭᠡᠷᠡᠮ ᠪᠠᠬᠢᠯᠡᠯᠳᠡ᠂ ᠴᠡᠷᠢᠭ ᠤᠨ ᠴᠠᠶᠢᠵᠠ ᠵᠡᠷᠭᠡ ᠶᠢ ᠬᠠᠮᠳᠤᠷᠠᠭᠤᠯᠤᠭᠰᠠᠨ ᠴᠡᠷᠡᠭ | ᠤᠨ ᠶᠠᠪᠤᠳᠠᠯ ᠤᠨ ᠬᠠᠮᠠᠭᠠᠯᠠᠯᠳᠠ ᠶᠢᠨ ᠲᠤᠮᠤ ᠪᠠᠷᠢᠯᠭ᠎ᠠ ᠪᠤᠯᠤᠨ᠎ᠠ᠃ ᠡᠭᠦᠨ ᠢ ᠪᠠᠰᠠ ︽ᠠᠯᠳᠠᠨ ᠤᠯᠤᠰ ᠤᠨ ᠵᠠᠭᠠᠭ | ᠤᠨ ᠭᠤᠤ︾᠂ ︽ᠠᠯᠳᠠᠨ ᠤᠯᠤᠰ ᠤᠨ ᠤᠷᠳᠤ ᠴᠠᠭᠠᠨ ᠬᠡᠷᠡᠮ︾᠂ ︽ᠠᠯᠳᠠᠨ ᠤᠯᠤᠰ ᠤᠨ ᠬᠢᠯᠢ ᠶᠢᠨ | ᠪᠠᠬᠢᠯᠡᠯᠳᠡ︾᠂ ︽ᠴᠢᠩᠬᠢᠰ ᠬᠠᠭᠠᠨ ᠤ ᠬᠡᠷᠡᠮ ᠤᠨ ᠵᠠᠮ︾ ᠬᠡᠬᠦ ᠤᠯᠠᠨ ᠵᠦᠢᠯ ᠢᠶᠠᠷ ᠨᠡᠷᠡᠯᠡᠳᠡᠭ᠃ | ᠠᠯᠳᠠᠨ ᠤᠯᠤᠰ ᠤᠨ ᠬᠡᠷᠡᠮ ᠤᠨ ᠵᠠᠮ ᠤᠨ ᠵᠡᠬᠦᠨ ᠦᠵᠦᠭᠦᠷ ᠨᠢ ᠤᠳᠤ ᠶᠢᠨ ᠬᠦᠯᠦᠨ ᠪᠤᠶᠢᠷ ᠠᠶᠢᠮᠠᠭ ᠤᠨ | ᠮᠤᠷᠢᠨ ᠲᠠᠪᠠᠭ᠎ᠠ ᠲᠠᠭᠤᠷ ᠦᠨᠳᠦᠰᠦᠳᠡᠨ ᠤ ᠦᠪᠡᠷᠳᠡᠭᠡᠨ ᠵᠠᠰᠠᠬᠤ ᠬᠤᠰᠢᠭᠤᠨ ᠤ ᠡᠮᠦᠨ᠎ᠡ ᠪᠡᠶ᠎ᠡ ᠶᠢᠨ ᠨᠤᠨ ᠮᠦᠷᠡᠨ | ᠤ ᠲᠤᠮᠳᠠᠳᠤ ᠤᠷᠤᠰᠬᠠᠯ ᠤᠨ ᠪᠤᠳᠬ᠎ᠠ ︵ᠤᠳᠤ ᠶᠢᠨ ᠨᠢᠷᠭᠡᠴᠢ ᠪᠠᠯᠭᠠᠰᠤ︶ ᠠᠴᠠ ᠡᠬᠢᠯᠡᠨ ᠪᠠᠷᠠᠭᠤᠨ ᠦᠵᠦᠭᠦᠷ | ᠨᠢ ᠪᠠᠶᠠᠨᠨᠠᠭᠤᠷ ᠬᠤᠳᠠ ᠶᠢᠨ ᠤᠷᠠᠳ ᠤᠨ ᠬᠤᠶᠢᠳᠤ ᠬᠤᠰᠢᠭᠤᠨ ᠤ ᠲᠡᠭᠷᠢ ᠡᠯᠡᠰᠦᠨ ᠤ ᠵᠡᠬᠦᠨ ᠵᠠᠬ᠎ᠠ ᠳᠤ ᠬᠦᠷᠴᠦ | ᠂ ᠪᠦᠬᠦ ᠵᠠᠮ ᠤᠨ ᠤᠷᠳᠤ ᠨᠢ ᠪᠠᠷᠤᠭ5000 ᠺᠢᠯᠤᠮᠧᠲᠷ ᠬᠦᠷᠴᠦ ᠪᠠᠶᠢᠳᠠᠭ᠃ ᠡᠨᠡ ᠬᠦ ᠬᠡᠷᠡᠮ ᠤᠨ ᠵᠡᠮ ᠤᠨ | ᠬᠦᠪᠡᠭᠡᠲᠦ ᠰᠢᠷ᠎ᠠ ᠬᠤᠰᠢᠭᠤᠨ ᠤ ᠬᠢᠵᠠᠭᠠᠷ ᠲᠠᠬᠢ ᠬᠡᠰᠡᠭ ᠨᠢ ᠤᠩᠭᠤᠨ ᠠᠭᠤᠯᠠ ᠰᠤᠮᠤᠨ ᠤ ᠲᠠᠯ᠎ᠠ ᠶᠢᠨ | ᠬᠤᠳᠳᠤᠭ ᠠᠴᠠ ᠡᠬᠢᠯᠡᠨ ᠪᠠᠷᠠᠭᠤᠨᠰᠢᠯᠠᠵᠤ᠂ ᠬᠤᠯᠪᠤᠭ᠎ᠠ ᠶᠢᠨ ᠤᠷᠳᠤᠭᠤᠷ ᠭᠠᠷᠴᠤ ᠪᠤᠷᠤ ᠬᠤᠵᠢᠷ᠂ ᠡᠭᠦᠳᠡ᠂ | ᠬᠠᠪᠴᠢᠯ᠂ ᠠᠮᠢᠯᠠᠢ᠂ ᠴᠦᠩᠬᠦᠷᠢᠭ᠂ ᠲᠠᠯᠠᠩᠳᠠᠢ ᠶᠢᠨ ᠪᠤᠯᠠᠭ ᠢ ᠲᠠᠮᠵᠢᠨ ᠤᠩᠭᠤᠨ ᠤᠪᠤᠭᠠᠨ ᠤ ᠡᠮᠦᠨ᠎ᠡ ᠪᠠᠯ ᠢᠶᠠᠷ | ᠲᠤᠭᠤᠷᠢᠨ ᠬᠤᠸᠠ ᠶᠢᠨ ᠠᠮᠠ ᠬᠦᠷᠦᠭᠡᠳ ᠤᠮᠠᠷᠠᠰᠢ ᠮᠤᠰᠬᠢᠨ ᠠᠷᠤ ᠬᠦᠪ ᠤᠨ ᠡᠮᠦᠨ᠎ᠡ ᠬᠦᠨᠳᠡᠢ ᠳᠤ ᠲᠤᠯᠵᠤ | ᠲᠠᠬᠢᠨ ᠪᠠᠷᠠᠭᠤᠨᠰᠢ ᠮᠤᠰᠬᠢᠨ ᠵᠡᠬᠦᠨ ᠲᠡᠰᠬᠢᠳᠤ᠂ ᠪᠠᠷᠠᠭᠤᠨ ᠲᠡᠰᠬᠢᠳᠤ ᠪᠠᠷ ᠲᠠᠭᠠᠷᠢᠨ᠂ ᠶᠠᠩᠵᠤ᠂ ᠬᠦᠷᠢᠶᠡᠳᠦ ᠶᠢᠨ | ᠲᠤᠮᠳᠠᠭᠤᠷ ᠦᠩᠭᠡᠷᠡᠵᠤ᠂ ᠴᠠᠭᠠᠨ ᠬᠠᠰᠢᠶᠠᠳᠤ ᠪᠠᠷ ᠲᠠᠮᠵᠢᠨ ᠪᠤᠩᠬᠤᠨ ᠭᠤᠣᠯ ᠬᠦᠷᠦᠭᠡᠳ᠂ ᠪᠤᠭᠳᠠ ᠶᠢᠨ ᠭᠤᠤᠯ | ᠰᠤᠮᠤᠨ ᠤ ᠬᠢᠵᠠᠭᠠᠷ ᠲᠤ ᠨᠡᠷᠳᠡᠷᠡᠨᠡ᠃ ᠲᠡᠨᠳᠡ ᠠᠴᠠ ᠰᠢᠩᠬᠤᠳᠠᠢ ᠶᠢᠨ ᠠᠷᠤ ᠪᠠᠷ ᠭᠠᠷᠴᠤ ᠴᠠᠪᠴᠢᠷ᠂ ᠵᠡᠬᠦᠨ | ᠭᠡᠷᠡᠮ ᠤᠨ ᠤᠰᠤ᠂ ᠪᠠᠷᠠᠭᠤᠨ ᠬᠡᠷᠡᠮ ᠤᠨ ᠤᠰᠤ ᠶᠢ ᠰᠤᠨᠳᠠᠯᠠᠨ᠂ ᠬᠦᠦᠰᠢ ᠶᠢᠨ ᠰᠦᠮ᠎ᠡ ᠶᠢᠨ ᠵᠡᠬᠦᠨ ᠡᠮᠦᠨᠡᠭᠦᠷ | ᠦᠩᠭᠡᠷᠡᠨ ᠤᠯᠠᠭᠠᠨᠴᠠᠪ ᠬᠤᠳᠠ ᠶᠢᠨ ᠱᠠᠩᠳᠤ ᠰᠢᠶᠠᠨ ᠤ ᠬᠢᠵᠠᠭᠠᠷ ᠲᠤ ᠨᠡᠪᠳᠡᠷᠡᠨ ᠤᠷᠤᠳᠠᠭ ᠃ ︽ᠠᠯᠳᠠᠨ | ᠤᠯᠤᠰ ᠤᠨ ᠬᠡᠷᠡᠮ ᠤᠨ ᠵᠠᠮ︾ ᠨᠢ 2001 ᠤᠨ ᠤ 6 ᠰᠠᠷ᠎ᠠ ᠳᠤ ᠪᠦᠬᠦ ᠤᠯᠤᠰ ᠤᠨ ᠭᠤᠤᠯᠳᠠᠯᠭᠠᠳᠤ ᠲᠡᠦᠬᠡ | ᠶᠢᠨ ᠲᠤᠷᠠᠰᠬᠠᠯᠳᠤ ᠵᠦᠢᠯᠡᠰ ᠢ ᠬᠠᠮᠠᠭᠠᠯᠠᠬᠤ ᠨᠢᠭᠡᠴᠢ ᠪᠠᠷ ᠲᠤᠭᠳᠠᠭᠠᠭᠳᠠᠪᠠ᠃ |