ᠬᠢᠮᠢ ᠶᠢᠨ ᠤᠬᠠᠭᠠᠨ ᠤ ᠳ᠋ᠣᠺᠲ᠋ᠣᠷ ᠪᠣᠷᠵᠢᠬᠢᠨ ᠭᠡᠷᠡᠯᠲᠦ ᠦᠪᠦᠷ ᠮᠤᠩᠭᠤᠯ ᠤᠨ ᠬᠦᠪᠡᠭᠡᠲᠦ ᠰᠢᠷ᠎ᠠ | ᠬᠤᠰᠢᠭᠤᠨ ᠤ ᠲᠥᠪ ᠰᠢᠨᠡᠪᠤᠯᠠᠭ ᠪᠠᠯᠭᠠᠰᠤᠨ ᠳᠤ᠂ ᠬᠦᠪᠡᠭᠡᠲᠦ ᠰᠢᠷ᠎ᠠ ᠬᠤᠰᠢᠭᠤᠨ ᠤ ᠨᠠᠮ ᠤᠨ ᠬᠤᠷᠢᠶᠠᠨ ᠤ | ᠱᠦᠵᠢ ᠪᠠᠷ ᠠᠵᠢᠯᠯᠠᠵᠤ ᠠᠭᠰᠠᠨ ᠲᠡᠮᠦᠷᠪᠠᠷᠰ ᠤᠨ ᠭᠤᠷᠪᠠᠳᠤᠭᠠᠷ ᠬᠦᠪᠡᠭᠦᠨ ᠪᠣᠯᠣᠨ ᠵᠠᠶᠠᠭᠠᠵᠠᠢ᠃ ᠪᠠᠭ᠎ᠠ᠂ | ᠲᠤᠮᠳᠠᠳᠤ ᠰᠤᠷᠭᠠᠭᠤᠯᠢ ᠪᠠᠨ ᠬᠦᠪᠡᠭᠡᠲᠦ ᠰᠢᠷ᠎ᠠ ᠬᠤᠰᠢᠭᠤᠨ ᠤ ᠮᠤᠩᠭᠤᠯ ᠰᠤᠷᠭᠠᠭᠤᠯᠢ ᠳᠤ ᠪᠠᠨ ᠰᠤᠷᠤᠯᠴᠠᠵᠤ᠂ | 1975 ᠣᠨ ᠳᠤ ᠤᠤᠯ ᠤᠨ ᠬᠤᠩᠭᠤᠷ ᠠᠭᠤᠯᠠ ᠰᠤᠮᠤᠨ ᠤ ᠰᠠᠭᠦᠵᠢ ᠶᠢᠨ ᠭᠤᠣᠯ ᠪᠠᠷᠢᠭᠠᠳᠠ ᠳᠤ | ᠰᠡᠭᠡᠭᠡᠳᠡᠨ ᠢᠶᠠᠷ ᠪᠠᠭᠤᠵᠤ ᠪᠠᠷᠢᠭᠠᠳᠠ ᠶᠢᠨ ᠪᠠᠭ᠎ᠠ ᠰᠤᠷᠭᠠᠭᠤᠯᠢ ᠳᠤ ᠭᠤᠷᠪᠠᠨ ᠵᠢᠯ ᠪᠠᠭᠰᠢᠯᠠᠨ᠂ 1977 ᠣᠨ ᠳᠤ | ᠦᠪᠦᠷ ᠮᠤᠩᠭᠤᠯ ᠤᠨ ᠪᠠᠭᠰᠢ ᠶᠢᠨ ᠲᠡᠭᠡᠳᠦ ᠰᠤᠷᠭᠠᠭᠤᠯᠢ ᠶᠢᠨ ᠬᠢᠮᠢ ᠶᠢᠨ ᠰᠠᠯᠪᠤᠷᠢ ᠳᠤ ᠰᠢᠯᠭᠠᠭᠳᠠᠨ ᠤᠷᠤᠯᠴᠠᠵᠤ | ᠰᠤᠷᠤᠯᠴᠠᠭᠠᠳ1982 ᠣᠨ ᠳᠤ ᠰᠤᠷᠤᠯᠭ᠎ᠠ ᠪᠠᠨ ᠲᠡᠭᠦᠰᠬᠡᠪᠡ᠃ 1987 ᠣᠨ ᠠᠴᠠ1999 ᠣᠨ ᠭᠦᠷᠳᠡᠯ᠎ᠡ | ᠪᠡᠭᠡᠵᠢᠩ ᠶᠡᠭᠡ ᠰᠤᠷᠭᠠᠭᠤᠯᠢ᠂ ᠠᠩᠭ᠍ᠯᠢ ᠤᠯᠤᠰ ᠤᠨ lancster ᠶᠡᠭᠡ ᠰᠤᠷᠭᠠᠭᠤᠯᠢ ᠪᠣᠯᠣᠨ ᠶᠠᠫᠤᠨ ᠤᠯᠤᠰ ᠤᠨ | ᠶᠡᠭᠡ ᠰᠤᠷᠭᠠᠭᠤᠯᠢ ᠳᠤ ᠲᠤᠰ ᠲᠤᠰ ᠰᠤᠷᠤᠯᠴᠠᠵᠤ᠂ ᠲᠡᠭᠡᠳᠦ ᠮᠤᠯᠧᠺᠦ᠋ᠯ ᠤᠨ ᠬᠢᠮᠢ ᠪᠠ ᠠᠮᠢᠳᠤ ᠪᠤᠳᠠᠰ ᠢ | ᠭᠤᠣᠯᠴᠢᠯᠠᠨ ᠰᠤᠳᠤᠯᠤᠭᠠᠳ ᠬᠢᠮᠢ ᠶᠢᠨ ᠤᠬᠠᠭᠠᠨ ᠤ ᠳ᠋ᠣᠺᠲ᠋ᠣᠷ ᠴᠤᠯᠠ ᠬᠠᠮᠠᠭᠠᠯᠠᠪᠠ᠃ ᠦᠪᠦᠷ ᠮᠤᠩᠭᠤᠯ ᠤᠨ ᠶᠡᠭᠡ | ᠰᠤᠷᠭᠠᠭᠤᠯᠢ ᠶᠢᠨ ᠫᠷᠤᠹᠧᠰᠰᠤᠷ᠂ ᠳ᠋ᠣᠺᠲ᠋ᠣᠷᠠᠨᠲ ᠶᠢᠨ ᠵᠢᠯᠤᠭᠤᠳᠤᠭᠴᠢ ᠪᠠᠭᠰᠢ᠂ ᠦᠪᠦᠷ ᠮᠤᠩᠭᠤᠯ ᠤᠨ ᠶᠡᠭᠡ | ᠰᠤᠷᠭᠠᠭᠤᠯᠢ ᠶᠢᠨ ᠮᠤᠩᠭᠤᠯ ᠡᠮ ᠬᠢᠮᠢ ᠰᠤᠳᠤᠯᠬᠤ ᠭᠠᠵᠠᠷ ᠪᠠ ᠦᠪᠦᠷ ᠮᠤᠩᠭᠤᠯ ᠤᠨ ᠮᠤᠩᠭᠤᠯ ᠡᠮ ᠬᠢᠮᠢ | ᠰᠤᠳᠤᠯᠬᠤ ᠲᠥᠪ ᠤᠨ ᠡᠭᠦᠰᠬᠡᠨ ᠪᠠᠶᠢᠭᠤᠯᠤᠭᠴᠢ᠂ ︽ᠮᠤᠩᠭᠤᠯ ᠲᠤᠯᠭᠠᠳᠠᠨ ᠤ ᠵᠠᠭᠤᠨ ᠡᠷᠬᠢᠮ︾ ᠤᠨ ᠨᠢᠭᠡᠨ | ᠶᠤᠮ᠃ ᠦᠪᠦᠷ ᠮᠤᠩᠭᠤᠯ ᠤᠨ ᠠᠩᠬᠠᠳᠤᠭᠴᠢ ︽ᠲᠠᠯ᠎ᠠ ᠨᠤᠲᠤᠭ ᠤᠨ ᠴᠢᠳᠠᠪᠦᠷᠢᠳᠠᠨ︾ ᠤ ᠬᠤᠰᠢᠭᠤᠴᠢᠯᠠᠭᠴᠢ᠂ | ᠲᠥᠪ ᠤᠨ ᠵᠤᠬᠢᠶᠠᠨ ᠪᠠᠶᠢᠭᠤᠯᠬᠤ ᠬᠡᠯᠲᠡᠰ ᠤᠨ ᠬᠠᠷᠢᠯᠴᠠᠬᠤ ᠡᠷᠳᠡᠮᠳᠡᠨ᠂ ᠦᠪᠦᠷ ᠮᠤᠩᠭᠤᠯ ᠤᠨ ᠮᠤᠩᠭᠤᠯ ᠡᠮ | ᠬᠢᠮᠢ ᠰᠤᠳᠤᠯᠬᠤ ᠲᠡᠷᠢᠭᠦᠨ ᠮᠡᠷᠭᠡᠵᠢᠯᠳᠡᠨ ᠪᠤᠯᠤᠨ᠎ᠠ᠃ | 2001ᠣᠨ ᠠᠴᠠ 2008 ᠣᠨ ᠪᠣᠯᠳᠠᠯ᠎ᠠ ᠲᠤᠮᠳᠠᠳᠤ ᠤᠯᠤᠰ ᠤᠨ ᠰᠢᠨᠵᠢᠯᠡᠬᠦ ᠤᠬᠠᠭᠠᠨ ᠲᠧᠭᠨᠢᠭ | ᠮᠡᠷᠭᠡᠵᠢᠯ ᠤᠨ ᠶᠡᠭᠡ ᠰᠤᠷᠭᠠᠭᠤᠯᠢ ᠶᠢᠨ ᠳ᠋ᠣᠺᠲ᠋ᠣᠷᠠᠨᠲ ᠤᠨ ᠵᠢᠯᠤᠭᠤᠳᠤᠭᠴᠢ ᠪᠠᠭᠰᠢ ᠪᠠᠷ ᠬᠠᠪᠰᠤᠷᠭᠠᠨ ᠠᠵᠢᠯᠯᠠᠵᠤ᠂ | 2003 ᠣᠨ ᠠᠴᠠ 2012 ᠣᠨ ᠬᠦᠷᠳᠡᠯ᠎ᠡ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠶᠡᠭᠡ | ᠰᠤᠷᠭᠠᠭᠤᠯᠢ ᠶᠢᠨ ᠠᠮᠢ ᠶᠢᠨ ᠰᠢᠨᠵᠢᠯᠡᠬᠦ ᠤᠬᠠᠭᠠᠨ ᠤ ᠲᠡᠭᠡᠳᠦ ᠰᠤᠷᠭᠠᠭᠤᠯᠢ ᠶᠢᠨ ᠤᠷᠭᠤᠮᠠᠯ ᠤᠨ ᠤᠬᠠᠭᠠᠨ ᠤ | ᠳ᠋ᠣᠺᠲ᠋ᠣᠷᠠᠨᠲ ᠶᠢᠨ ᠵᠢᠯᠤᠭᠤᠳᠤᠭᠴᠢ ᠪᠠᠭᠰᠢ᠂ 2012 ᠣᠨ ᠠᠴᠠ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ | ᠡᠮ ᠬᠢᠮᠢ ᠶᠢᠨ ᠤᠬᠠᠭᠠᠨ ᠤ ᠳ᠋ᠣᠺᠲ᠋ᠣᠷᠠᠨᠲ ᠶᠢᠨ ᠵᠢᠯᠤᠭᠤᠳᠤᠭᠴᠢ ᠪᠠᠭᠰᠢ ᠪᠠᠷ ᠠᠵᠢᠯᠯᠠᠪᠠ᠃ ᠮᠤᠩᠭᠤᠯ ᠤᠯᠤᠰ ᠤᠨ | ᠰᠢᠨᠵᠢᠯᠡᠬᠦ ᠤᠬᠠᠭᠠᠨ ᠤ ᠲᠡᠭᠡᠳᠦ ᠰᠤᠷᠭᠠᠭᠤᠯᠢ᠂ MONES ᠡᠮᠨᠡᠯᠭᠡ ᠶᠢᠨ ᠶᠡᠭᠡ ᠰᠤᠷᠭᠠᠭᠤᠯᠢ ᠶᠢᠨ ᠨᠡᠷ᠎ᠡ | ᠬᠦᠨᠳᠦᠳᠦ ᠫᠷᠤᠹᠧᠰᠰᠤᠷ᠂ ᠲᠤᠮᠳᠠᠳᠤ᠂ ᠮᠤᠩᠭᠤᠯ᠂ ᠤᠷᠤᠰ ᠤᠨ ᠦᠷᠦᠨ᠎ᠡ ᠲᠤᠷᠤᠨ᠎ᠠ ᠶᠢᠨ ᠡᠮᠨᠡᠯᠭᠡ ᠶᠢᠨ | ᠰᠢᠨᠵᠢᠯᠡᠬᠦ ᠤᠬᠠᠭᠠᠨ ᠤ ᠬᠦᠷᠢᠶᠡᠯᠡᠩ ᠤᠨ ᠳᠡᠳ᠋ ᠲᠠᠷᠤᠭ᠎ᠠ ᠵᠡᠷᠭᠡ ᠲᠤᠰᠢᠶᠠᠯ ᠢ ᠬᠠᠷᠢᠭᠤᠴᠠᠪᠠ᠃ | ᠦᠪᠦᠷ ᠮᠤᠩᠭᠤᠯ ᠤᠨ ᠪᠤᠷᠵᠢᠬᠢᠨ ᠰᠢᠨ᠎ᠡ ᠮᠡᠷᠭᠡᠵᠢᠯ ᠨᠡᠭᠡᠭᠡᠯᠳᠡ ᠶᠢᠨ ᠬᠢᠵᠠᠭᠠᠷᠲᠤ ᠺᠤᠮᠫᠠᠨᠢ᠂ ᠦᠬᠠᠨ | ᠬᠤᠳᠠ ᠶᠢᠨ ᠪᠤᠷᠵᠢᠬᠢᠨ ᠡᠮ ᠡᠮᠨᠡᠯᠭᠡ ᠶᠢᠨ ᠰᠢᠨᠵᠢᠯᠡᠭᠡ ᠮᠡᠷᠭᠡᠵᠢᠯ ᠤᠨ ᠬᠢᠵᠠᠭᠠᠷᠲᠤ ᠺᠤᠮᠫᠠᠨᠢ᠂ ᠬᠦᠪᠡᠭᠡᠲᠦ ᠰᠢᠷ᠎ᠠ | ᠬᠤᠰᠢᠭᠤᠨ ᠤ ᠮᠡᠨᠳᠦ ᠰᠢᠨᠵᠢᠯᠡᠭᠡ ᠮᠡᠷᠭᠡᠵᠢᠯ ᠤᠨ ᠬᠢᠵᠠᠭᠠᠷᠲᠤ ᠺᠤᠮᠫᠠᠨᠢ ᠶᠢᠨ ᠬᠡᠷᠡᠭ ᠮᠡᠳᠡᠭᠴᠢᠳ ᠤᠨ ᠲᠠᠷᠤᠭ᠎ᠠ | ᠪᠦᠭᠡᠳ ᠡᠳᠡᠭᠡᠷ ᠺᠤᠮᠫᠠᠨᠢ ᠨᠢ ᠴᠢᠨᠠᠷ ᠰᠠᠶᠢᠳᠡᠢ ᠡᠷᠡᠭᠦᠯᠵᠢᠯ ᠤᠨ ᠪᠦᠳᠦᠭᠡᠭᠳᠡᠬᠦᠨ ᠢ ᠨᠡᠭᠡᠭᠡᠨ ᠠᠰᠢᠭᠯᠠᠬᠤ ᠪᠠ | ᠦᠢᠯᠡᠳᠦᠨ ᠪᠤᠷᠤᠯᠠᠭᠤᠯᠵᠤ ᠪᠤᠢ᠃ | 2000ᠣᠨ ᠠᠴᠠ ᠡᠬᠢᠯᠡᠨ ᠮᠤᠩᠭᠤᠯ ᠡᠮ ᠰᠤᠳᠤᠯᠬᠤ ᠪᠠᠷ ᠲᠠᠮᠵᠢᠨ ᠮᠣᠩᠭᠤᠯ ᠡᠮ ᠤᠨ ᠪᠦᠳᠦᠴᠡ | ᠳᠤᠲᠤᠷᠠᠬᠢ ᠴᠢᠰᠤᠨ ᠤ ᠥᠭᠡᠬᠦ ᠶᠢ ᠪᠠᠭᠠᠰᠬᠠᠨ ᠡᠯᠢᠭᠡ ᠶᠢ ᠬᠠᠮᠠᠭᠠᠯᠠᠬᠤ ᠮᠠᠰᠢ ᠰᠠᠶᠢᠨ ᠦᠢᠯᠡᠳᠦᠯ ᠲᠠᠢ ᠪᠦᠭᠡᠳ | ᠢᠯᠡᠷᠬᠡᠢ ᠮᠠᠭᠤ ᠦᠷ᠎ᠡ ᠲᠠᠭᠠᠪᠦᠷᠢ ᠦᠭᠡᠢ ᠰᠢᠨ᠎ᠡ ᠪᠤᠳᠠᠰ GBN ᠢ ᠢᠯᠡᠷᠡᠬᠦᠯᠵᠤ ᠮᠡᠳᠡᠭᠰᠡᠨ ᠨᠢ ᠲᠠᠯᠠᠬᠡᠢ | ᠳ᠋ᠡᠬᠢᠨ ᠳᠤ ᠠᠩᠬᠠᠳᠠᠭᠴᠢ ᠪᠤᠯᠤᠭᠰᠠᠨ ᠶᠤᠮ᠃ ᠰᠤᠳᠤᠯᠭᠠᠨ ᠤ ᠪᠦᠳᠦᠭᠡᠯ ᠨᠢ 2006 ᠣᠨ ᠠᠴᠠ ᠠᠪᠤᠭᠠᠳ | ᠤᠯᠤᠰ ᠤᠨ ᠲᠠᠰ ᠤᠨ ᠡᠭᠦᠳᠡᠨ ᠪᠦᠳᠦᠭᠡᠯᠳᠡ ᠶᠢᠨ10 ᠵᠦᠢᠯ ᠤᠨ ᠲᠤᠰᠬᠠᠢ ᠠᠰᠢᠭ ᠢ ᠣᠯᠵᠤ᠂ 2009 ᠣᠨ ᠳᠤ | ᠲᠤᠰ ᠰᠤᠳᠤᠯᠭᠠᠨ ᠤ ᠪᠦᠳᠦᠭᠡᠯ ᠨᠢ ᠤᠯᠤᠰ ᠤᠨ ᠲᠡᠰ ᠤᠨ ᠴᠢᠬᠤᠯᠠ ᠪᠦᠳᠦᠭᠡᠯ ᠳᠤ ᠰᠤᠩᠭᠤᠭᠳᠠᠨ ᠤᠷᠤᠪᠠ᠃ | ᠡᠨᠡ ᠬᠦ ᠡᠭᠦᠳᠦᠯᠳᠡ ᠶᠢᠨ ᠴᠢᠬᠤᠯᠠ ᠦᠨ᠎ᠡ ᠦᠷᠲᠡᠭ ᠪᠣᠯ ᠮᠠᠨ ᠤ ᠤᠯᠤᠰ ᠤᠨ ᠰᠢᠨ᠎ᠡ ᠡᠮ ᠢ ᠰᠤᠳᠤᠯᠤᠨ | ᠭᠠᠷᠭᠠᠬᠤ ᠳᠤ ᠰᠢᠨ᠎ᠡ ᠪᠤᠳᠠᠰ ᠢ ᠡᠬᠦᠳᠦᠨ ᠭᠠᠷᠭᠠᠵᠤ ᠰᠢᠨ᠎ᠡ ᠰᠤᠳᠤᠯᠤᠯ ᠤᠨ ᠵᠠᠮ ᠢ ᠨᠡᠭᠡᠭᠡᠭᠰᠡᠨ ᠶᠤᠮ᠃ ᠲᠤᠰ | ᠡᠭᠦᠳᠦᠯᠳᠡ ᠨᠢ ᠪᠠᠰᠠ ᠮᠤᠩᠭᠤᠯ ᠡᠮᠨᠡᠯᠭᠡ ᠶᠢᠨ ᠲᠡᠦᠬᠡᠨ ᠳᠤ ᠠᠩᠬᠠᠨ ᠤᠳᠠᠭ᠎ᠠ ᠣᠷᠴᠢᠨ ᠦᠭᠡ ᠶᠢᠨ | ᠡᠷᠭᠦᠯᠲᠡ ᠶᠢᠨ ᠰᠢᠨᠵᠢᠯᠡᠭᠡ ᠮᠡᠷᠭᠡᠵᠢᠯ ᠢ ᠠᠰᠢᠭᠯᠠᠵᠤ᠂ ᠡᠮ ᠢ ᠮᠣᠯᠧᠺᠦ᠋ᠯ ᠤᠨ ᠪᠦᠳᠦᠴᠡ ᠬᠦᠷᠳᠡᠯ᠎ᠡ᠂ ᠡᠮ ᠤᠨ | ᠴᠢᠳᠠᠯ ᠢ ᠭᠧᠨ ᠤ ᠲᠦᠪᠰᠢᠨ ᠳᠤ ᠬᠦᠷᠲᠡᠯ᠎ᠡ ᠰᠤᠳᠤᠯᠤᠨ᠂ ᠤᠯᠠᠮᠵᠢᠯᠠᠯᠳᠤ ᠮᠤᠩᠭᠤᠯ ᠡᠮᠨᠡᠯᠭᠡ ᠶᠢᠨ ᠪᠤᠳᠠᠰ ᠤᠨ | ᠰᠠᠭᠤᠷᠢ ᠪᠤᠯᠤᠨ ᠰᠢᠨᠵᠢᠯᠡᠬᠦ ᠤᠬᠠᠭᠠᠨ ᠤ ᠤᠭ ᠶᠣᠰᠤ ᠶᠢ ᠰᠢᠰᠲ᠋ᠧᠮ ᠲᠠᠢ ᠲᠤᠳᠤᠷᠬᠠᠶᠢᠯᠠᠵᠤ᠂ ᠮᠤᠩᠭᠤᠯ | ᠡᠮᠨᠡᠯᠭᠡ ᠶᠢᠨ ᠭᠠᠶᠢᠬᠠᠮᠰᠢᠭᠳᠤ ᠡᠮᠴᠢᠯᠡᠭᠡ ᠪᠠ ᠭᠦᠭᠵᠢᠯᠳᠡ ᠶᠢᠨ ᠠᠴᠢ ᠬᠤᠯᠪᠤᠭᠳᠠᠯ ᠢ ᠲᠡᠯᠡᠭᠡᠢ ᠳ᠋ᠡᠬᠢᠨ ᠳᠤ ᠪᠠᠳᠤᠯᠠᠨ | ᠲᠠᠨᠢᠯᠴᠠᠭᠤᠯᠵᠠᠢ᠃ | ᠪᠤᠷᠵᠢᠬᠢᠨ ᠭᠡᠷᠡᠯᠲᠦ ᠮᠠᠨ ᠤ ᠤᠯᠤᠰ ᠤᠨ ᠮᠤᠩᠭᠤᠯ ᠡᠮ ᠰᠤᠳᠤᠯᠤᠭᠰᠠᠨ ᠠᠩᠬᠠᠳᠤᠭᠠᠷ ᠳ᠋ᠣᠺᠲ᠋ᠣᠷ᠂ | ᠳ᠋ᠣᠺᠲ᠋ᠣᠷᠠᠨᠲ ᠶᠢᠨ ᠵᠢᠯᠤᠭᠤᠳᠤᠭᠴᠢ ᠪᠠᠭᠰᠢ ᠪᠤᠯᠤᠭᠰᠠᠨ ᠤ ᠬᠤᠪᠢ ᠳᠤ᠂ 2002 ᠣᠨ ᠠᠴᠠ ᠡᠬᠢᠯᠡᠨ ᠮᠣᠩᠭᠤᠯ | ᠡᠮ ᠰᠤᠳᠤᠯᠳᠠᠭ ᠳ᠋ᠣᠺᠲ᠋ᠣᠷ ᠢ ᠬᠦᠮᠦᠵᠢᠬᠦᠯᠦᠨ ᠥᠨᠥ ᠪᠣᠯᠬᠤ ᠳᠤ ᠤᠯᠤᠰ ᠤᠨ ᠲᠤᠳᠤᠭᠠᠳᠤ ᠭᠠᠳᠠᠭᠠᠳᠤ ᠶᠢᠨ80 | ᠭᠠᠷᠤᠢ ᠳ᠋ᠣᠺᠲ᠋ᠣᠷᠠᠨᠲ᠂ ᠠᠰᠫᠢᠷᠠᠨᠲ ᠢ ᠬᠦᠮᠦᠵᠢᠭᠦᠯᠦᠨ ᠭᠠᠷᠭᠠᠭᠰᠠᠨ ᠪᠠᠶᠢᠨ᠎ᠠ᠃ 2013 ᠣᠨ ᠳᠤ ᠡᠮ ᠡᠮᠨᠡᠯᠭᠡ | ᠶᠢᠨ ᠠᠵᠤ ᠠᠬᠤᠶᠢᠯᠠᠯ ᠲᠠᠢ ᠬᠠᠮᠳᠤᠷᠠᠯᠴᠠᠨ ᠥᠭᠡᠬᠦ ᠪᠠᠭᠤᠷᠠᠭᠤᠯᠤᠨ ᠡᠯᠢᠭᠡ ᠬᠠᠮᠠᠭᠠᠯᠠᠬᠤ ᠰᠢᠨ᠎ᠡ ᠡᠮ ︽ᠴᠢᠰᠤᠨ | ᠮᠤᠯᠤᠷ ᠬᠤᠮᠵᠢᠶᠡ︾ ᠶᠢ ᠡᠭᠦᠳᠡᠨ ᠪᠦᠳᠦᠭᠡᠪᠡ᠃ ᠤᠳᠤᠬᠠᠨ ᠳᠤ ᠦᠪᠦᠷ᠂ ᠮᠤᠩᠭᠤᠯ ᠤᠨ ᠶᠡᠭᠡ ᠰᠤᠷᠭᠠᠭᠤᠯᠢ ᠶᠢᠨ | ᠮᠤᠩᠭᠤᠯ ᠡᠮ ᠤᠨ ᠬᠢᠮᠢ ᠰᠤᠳᠤᠯᠬᠤ ᠭᠠᠵᠠᠷ ᠨᠢ ᠮᠤᠩᠭᠤᠯ ᠡᠮ ᠢ ᠰᠤᠳᠤᠯᠬᠤ᠂ ᠡᠷᠳᠡᠮᠳᠡᠨ ᠢ ᠬᠦᠮᠦᠵᠢᠭᠦᠯᠬᠦ᠂ | ᠡᠷᠳᠡᠮ ᠰᠢᠨᠵᠢᠯᠡᠭᠡᠨ ᠤ ᠰᠤᠯᠢᠯᠴᠠᠭ᠎ᠠ ᠬᠢᠬᠦ ᠪᠠᠷ ᠤᠯᠤᠰ ᠤᠨ ᠲᠤᠳᠤᠭᠠᠳᠤ ᠭᠠᠳᠠᠭᠠᠳᠤ ᠳᠤ ᠠᠯᠳᠠᠷᠰᠢᠭᠰᠠᠨ ᠭᠤᠣᠯ | ᠲᠠᠪᠴᠠᠩ ᠤᠨ ᠨᠢᠭᠡᠨ ᠪᠣᠯᠪᠠ᠃ ︽ᠴᠢᠰᠤᠨ ᠮᠣᠯᠣᠷ ᠬᠤᠮᠵᠢᠶᠡ︾ ᠡᠮ ᠢ ᠰᠤᠳᠤᠯᠤᠭᠰᠠᠨ ᠰᠠᠭᠤᠷᠢᠨ ᠳᠡᠭᠡᠷ᠎ᠡ ︽ | ᠮᠡᠨᠳᠦ ᠴᠠᠢ︾ ᠶᠢ ᠦᠢᠯᠡᠳᠪᠦᠷᠢᠯᠡᠨ ᠭᠠᠷᠭᠠᠵᠤ᠂ ᠵᠠᠬ᠎ᠠ ᠳᠡᠯᠭᠡᠭᠦᠷ ᠤᠨ ᠬᠠᠯᠠᠭᠤᠨ ᠬᠦᠷᠢᠶᠡᠯᠡᠯ ᠢ ᠤᠯᠪᠠ᠃2008 | ᠣᠨ ᠳᠤ ᠮᠤᠩᠭᠤᠯ ᠤᠯᠤᠰ ᠤᠨ ᠵᠠᠰᠠᠭ ᠤᠨ ᠭᠠᠵᠠᠷ ᠤᠨ ᠰᠢᠨᠵᠢᠯᠡᠬᠦ ᠤᠬᠠᠭᠠᠨ ᠤ ᠬᠠᠮᠤᠭ ᠲᠡᠭᠡᠳᠦ ᠱᠠᠩᠨᠠᠯ— ︽ | ᠰᠢᠨᠵᠢᠯᠡᠬᠦ ᠤᠬᠠᠭᠠᠨ ᠤ ᠲᠡᠷᠢᠬᠦᠨ ᠤ ᠠᠵᠢᠯᠲᠠᠨ︾ ᠤ ᠲᠡᠮᠳᠡᠭ ᠢ ᠭᠠᠷᠳᠠᠵᠤ᠂2010 ᠣᠨ ᠳᠤ ᠦᠪᠦᠷ | ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠮᠤᠩᠭᠤᠯ ᠡᠮ ᠤᠨ ᠬᠢᠮᠢ ᠶᠢᠨ ᠲᠡᠷᠢᠬᠦᠨ ᠤ ᠰᠢᠨᠵᠢᠯᠡᠬᠦ ᠤᠬᠠᠭᠠᠨᠳᠠᠨ | ᠪᠠ ︽ᠲᠠᠯ᠎ᠠ ᠨᠤᠲᠤᠭ ᠤᠨ ᠰᠤᠳᠤᠷ ᠨᠣᠮ ᠡᠷᠳᠡᠮᠳᠡᠨ︾ ᠢᠶᠠᠷ ᠰᠤᠩᠭᠤᠭᠳᠠᠵᠤ᠂ 2012 ᠣᠨ ᠳᠤ ᠦᠪᠦᠷ | ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ︽ᠲᠠᠪᠤᠨ ᠰᠠᠷ᠎ᠠ ᠶᠢᠨ ᠨᠢᠭᠡᠨ ᠤ ᠬᠦᠳᠡᠯᠮᠦᠷᠢ ᠶᠢᠨ ᠱᠠᠩᠨᠠᠯ︾ ᠢ | ᠬᠦᠷᠳᠡᠵᠤ᠂ 2014 ᠣᠨ ᠳᠤ ᠦᠪᠡᠷᠳᠡᠭᠡᠨ ᠵᠠᠰᠠᠬᠤ ᠤᠷᠤᠨ ᠤ ︽ᠲᠠᠯ᠎ᠠ ᠨᠤᠲᠤᠭ ᠤᠨ ᠴᠢᠳᠠᠪᠦᠷᠢᠳᠠᠨ︾ ᠤ | ᠬᠤᠰᠢᠭᠤᠴᠢᠯᠠᠭᠴᠢ᠂ 2015 ᠣᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠠᠶᠢᠭᠠᠯᠢ ᠶᠢᠨ | ᠰᠢᠨᠵᠢᠯᠡᠬᠦ ᠤᠠᠬᠭᠠᠨ ᠤ ᠨᠢᠭᠡᠳᠦᠭᠡᠷ ᠲᠡᠰ ᠤᠨ ᠱᠠᠩᠨᠠᠯ᠂ 2017 ᠣᠨ ᠳᠤ ᠮᠤᠩᠭᠤᠯ ᠤᠯᠤᠰ ᠤᠨ ᠰᠢᠨᠵᠢᠯᠺᠡᠬᠦ | ᠤᠬᠠᠭᠠᠨ ᠤ ︽ᠬᠤᠪᠢᠯᠠᠢ ᠶᠢᠨ ᠠᠯᠳᠠᠨ ᠣᠷᠳᠤᠨ︾ ᠱᠠᠩᠨᠠᠯ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ︽ | ᠭᠠᠷᠮᠠᠭᠠᠢ ᠪᠦᠳᠦᠭᠡᠯᠴᠢ︾ ᠶᠢᠨ ᠱᠠᠩᠨᠠᠯ ᠵᠡᠷᠭᠡ ᠶᠢ ᠲᠤᠰᠴᠠᠢ᠃ |