ᠬᠦᠮᠡᠯᠢ ᠴᠠᠭᠠᠨ ᠢᠳᠡᠭᠡ ᠶᠢᠨ ᠪᠤᠤᠵᠠ
ᠨᠡᠶᠢᠲᠡᠯᠡᠭᠰᠡᠨ ᠴᠠᠭ᠄
2019/12/4
      ᠬᠦᠮᠡᠯᠢ ᠴᠠᠭᠠᠨ ᠢᠳᠡᠭᠡ ᠶᠢᠨ ᠪᠤᠤᠵᠠ ᠪᠣᠯ ᠬᠦᠪᠡᠭᠡᠲᠦ ᠰᠢᠷ᠎ᠠ ᠶᠢᠨ ᠤᠨᠴᠠᠯᠢᠭᠳᠤ ᠢᠳᠡᠭᠡᠨ ᠪᠤᠯᠠᠬᠤ ᠶᠤᠮ᠃ ᠬᠦᠮᠡᠯᠢ᠂ ᠪᠢᠰᠢᠯᠢᠭ᠋᠂ ᠵᠦᠭᠡᠭᠡᠢ ᠵᠡᠷᠬᠡ ᠶᠢ ᠨᠠᠶᠢᠷᠠᠭᠤᠯᠤᠨ ᠪᠤᠤᠵᠠ ᠬᠢᠳᠡᠭ ᠃       ᠬᠦᠮᠡᠯᠢ ᠪᠤᠯ ᠴᠦᠯ ᠭᠡᠬᠡᠷ᠎ᠡ ᠨᠤᠳᠤᠭ ᠢᠶᠠᠷ ᠤᠷᠭᠤᠳᠠᠭ ᠰᠠᠷᠠᠨ᠎ᠠ ᠶᠢᠨ ᠢᠵᠠᠭᠤᠷ ᠤᠨ ᠤᠯᠠᠨ ᠨᠠᠰᠤᠳᠤ ᠬᠡᠬᠡᠷ᠎ᠡ ᠶᠢᠨ ᠤᠷᠭᠤᠮᠠᠯ ᠶᠤᠮ᠃ ᠠᠮᠳᠠ ᠨᠢ ᠪᠠᠭ᠎ᠠ ᠠᠭᠠᠭ ᠲᠠᠢ᠂ ᠰᠠᠶᠢᠬᠠᠨ ᠦᠨᠦᠷᠲᠠᠢ᠂ ᠲᠦᠭᠡ ᠬᠢᠷᠢ ᠦᠨᠳᠦᠷ ᠤᠷᠭᠤᠵᠤ᠂ ᠵᠢᠵᠢᠭ ᠶᠠᠭᠠᠨ ᠴᠡᠴᠡᠭ ᠲᠡᠯᠭᠡᠷᠡᠳᠡᠭ᠃ ᠰᠢᠮ᠎ᠡ ᠲᠡᠵᠢᠭᠡᠯ ᠪᠦᠷᠢᠨ᠂ ᠪᠤᠤᠵᠠ ᠬᠢᠬᠦ᠂ ᠲᠠᠪᠤᠰᠤᠯᠠᠵᠤ ᠲᠠᠷᠤᠬᠤ᠂ ᠰᠡᠷᠢᠬᠦᠨ ᠵᠠᠭᠤᠰᠢ ᠬᠢᠬᠦ ᠪᠡ ᠠᠮᠳᠠᠯᠠᠭᠴᠢ ᠪᠤᠯᠭᠠᠬᠤ ᠳᠤ ᠪᠦᠷ ᠲᠤᠬᠢᠷᠠᠳᠠᠭ ᠪᠠᠶᠢᠭᠠᠯᠢᠯᠢᠭ ᠡᠷᠡᠭᠦᠯ ᠢᠳᠡᠭᠡᠨ ᠪᠤᠯᠬᠤ ᠶᠤᠮ᠃  ᠬᠦᠪᠡᠭᠡᠲᠦ ᠰᠢᠷ᠎ᠠ ᠶᠢᠨ ᠮᠠᠯᠴᠢᠨ ᠠᠶᠢᠯ ᠪᠤᠶᠤ ᠮᠤᠩᠭᠤᠯ ᠬᠤᠭᠤᠯᠠᠨ ᠭᠠᠵᠠᠷ ᠢᠶᠠᠷ ᠬᠦᠷᠬᠦ ᠳᠤ ᠴᠠᠭᠠᠨ ᠢᠳᠡᠭᠡᠨ ᠬᠦᠮᠡᠯᠢ ᠶᠢᠨ ᠪᠤᠤᠵᠠ ᠶᠢᠨ ᠪᠤᠤᠵᠠ ᠪᠠᠷ ᠵᠤᠴᠢᠯᠠᠳᠠᠭ ᠨᠢ ᠭᠠᠵᠠᠷ ᠤᠷᠤᠨ ᠤ ᠪᠠᠰᠠ ᠨᠢᠭᠡᠨ ᠤᠨᠴᠠᠯᠢᠭ ᠪᠢᠯᠡ᠃  ᠵᠤᠨ ᠤ ᠴᠠᠭ ᠲᠤ ᠰᠢᠨ᠎ᠡ ᠬᠦᠮᠡᠯᠢ ᠲᠡᠭᠦᠵᠤ᠂ ᠪᠢᠰᠢᠯᠠᠭ ᠵᠦᠭᠡᠭᠡᠢ᠂ ᠦᠬᠡᠭᠦ ᠲᠠᠢ ᠨᠠᠶᠢᠷᠠᠭᠤᠯᠵᠤ᠂ ᠬᠦᠮᠡᠯᠢ ᠶᠢᠨ ᠪᠤᠤᠵᠠ ᠢᠳᠡᠬᠦ ᠭᠡᠵᠤ ᠪᠠᠰᠠ ᠨᠢᠭᠡ ᠵᠢᠷᠭᠠᠯ ᠪᠠᠶᠢᠳᠠᠭ᠃ ᠬᠦᠮᠡᠯᠢ ᠪᠤᠯᠤᠨ ᠴᠠᠭᠠᠨ ᠢᠳᠡᠭᠡ ᠪᠤᠯ ᠤᠷᠭᠤᠮᠠᠯ ᠪᠠ ᠰᠦᠨ ᠤ ᠤᠭᠤᠷᠠᠭ᠂ ᠤᠷᠭᠤᠮᠠᠯ ᠪᠠ ᠬᠤᠭᠤᠯᠠᠨ ᠤᠮᠳᠠ ᠶᠢᠨ ᠰᠢᠷᠭᠡᠭ᠂ ᠬᠦᠴᠢᠯ᠂ ᠲᠤᠰᠤ ᠵᠡᠷᠭᠡ ᠬᠦᠮᠦᠨ ᠤ ᠪᠡᠶ᠎ᠡ ᠳᠤ ᠠᠰᠢᠭᠳᠠᠢ ᠤᠯᠠᠨ ᠵᠦᠢᠯ ᠤᠨ ᠰᠢᠮ᠎ᠡ ᠲᠡᠵᠢᠭᠡᠯ ᠤᠨ ᠪᠦᠷᠢᠯᠳᠦᠭᠦᠨ ᠲᠠᠢ ᠪᠦᠭᠡᠳ ᠬᠡᠢ ᠶᠢ ᠲᠠᠷᠤᠵᠤ᠂ ᠢᠯᠴᠢ ᠶᠢ ᠡᠭᠦᠰᠭᠡᠨ ᠬᠤᠳᠤᠭᠠᠳᠤ ᠲᠡᠯᠢᠭᠦᠦ ᠶᠢᠨ ᠠᠵᠢᠯᠯᠠᠭ᠎ᠠ ᠶᠢ ᠰᠠᠶᠢᠵᠢᠷᠠᠭᠤᠯᠵᠤ᠂ ᠡᠪᠡᠳᠴᠢᠨ ᠢ ᠡᠰᠡᠷᠭᠦᠴᠡᠬᠦ ᠴᠢᠳᠠᠪᠦᠷᠢ ᠶᠢ ᠲᠡᠭᠡᠭᠰᠢᠯᠡᠬᠦᠯᠳᠡᠭ  ᠃      2015 ᠤᠨ ᠳᠤ ᠬᠦᠮᠡᠯᠢ ᠴᠠᠭᠠᠨ ᠢᠳᠡᠭᠡ ᠶᠢᠨ ᠪᠤᠤᠵᠠ ᠨᠢ ᠰᠢᠯᠢ ᠶᠢᠨ ᠭᠤᠤᠯ ᠠᠶᠢᠮᠠᠭ ᠤᠨ ᠲᠠᠰ ᠤᠨ ᠪᠤᠳᠠᠰ ᠤᠨ ᠪᠤᠰᠤ ᠰᠤᠶᠤᠯ ᠤᠨ ᠦᠪ ᠤᠨ ᠨᠡᠷᠡᠰ ᠲᠤ ᠵᠢᠭᠰᠠᠭᠠᠭᠳᠠᠪᠠ᠃
 
ᠢᠷᠡᠯᠲᠡ᠄ ᠲᠤᠷᠠᠭᠠᠨ ᠨᠤᠲᠤᠭ ᠠᠰᠤᠷᠤ ᠠᠶᠠᠯᠭᠤ ᠶᠢᠨ ᠦᠯᠦᠭᠡᠢ ᠬᠦᠪᠡᠭᠡᠲᠦ ᠰᠢᠷ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号